ᠠᠳᠤᠭᠤ ᠮᠠᠯ ᠤᠨ ᠶᠠᠪᠤᠳᠠᠯ ᠢ ᠨᠡᠷᠡᠶᠢᠳᠦᠯ ᠦᠵᠢᠶᠡᠳ ᠬᠠᠰᠴᠢ᠊
ᠨᠡᠶᠢᠲᠡᠯᠡᠭᠰᠡᠨ ᠴᠠᠭ᠄
2020/4/22
ᠠᠯᠬᠤᠳᠠᠯ - ᠠᠳᠤᠭᠤ ᠮᠠᠯ ᠤᠨ ᠡᠮᠦᠨ᠎ᠡ ᠬᠦᠯ ᠤᠨ ᠬᠢᠰᠭᠢᠭᠰᠡᠡ ᠮᠦᠷ ᠢ ᠬᠤᠶᠢᠲᠤ ᠬᠦᠯ ᠨᠢ ᠦᠡᠭᠭᠡᠷᠡᠡ ᠬᠡᠳᠦᠷᠴᠦ ᠬᠢᠰᠭᠢᠬᠦ ᠠᠯᠬᠤᠭ᠎ᠠ - ᠮᠤᠷᠢᠨ ᠤ ᠡᠩ ᠤᠨ ᠠᠯᠬᠤᠳᠠᠯ ᠠᠴᠠ ᠪᠠᠬ᠋᠎ᠠ ᠬᠤᠷᠳᠤᠨ ᠬᠦᠡᠭᠭᠡᠡ ᠠᠯᠬᠤᠳᠠᠯ ᠠᠯᠬᠤᠭ᠎ᠠ ᠰᠠᠶᠢᠲᠠᠢ ᠮᠤᠷᠢ ᠠᠯᠬᠤᠰᠢ - ᠮᠤᠷᠢᠨ ᠤ ᠠᠯᠬᠤᠯᠳᠠ ᠶᠢᠨ ᠬᠡᠮᠵᠢᠶ᠎ᠡ ᠨᠡᠭᠦᠴᠡ - ᠮᠤᠷᠢᠨ ᠤ ᠭᠠᠵᠠᠷ ᠬᠤᠷᠤᠭᠠᠬᠤ ᠡᠪᠬᠡᠵᠦ ᠲᠠᠯᠪᠢᠬᠤ ᠶᠠᠪᠤᠳᠠᠯ ᠪᠤᠩᠰᠢᠶ᠎ᠡ - ᠮᠤᠷᠢᠨ ᠤ ᠠᠭᠠᠵᠢᠭᠤ ᠱᠤᠭᠰᠢᠶ᠎ᠠ ᠬᠠᠷᠠᠶᠢᠬᠤ - ᠬᠡᠢ ᠦᠰᠦᠷᠬᠦ ᠬᠠᠳᠠᠷᠢᠶ᠎ᠠ - ᠱᠤᠭᠰᠢᠬᠤ᠂ ᠴᠤᠬᠭᠢᠬᠤ ᠬᠤᠶᠠᠷ ᠤᠨ ᠬᠤᠭᠤᠷᠤᠨᠳᠤᠭᠤᠷ ᠰᠢᠷᠦᠬᠦᠬᠡᠨ ᠲᠠᠷᠭᠢᠭᠤᠯᠬᠤ ᠬᠠᠳᠠᠷᠢᠴᠢ - ᠬᠠᠳᠠᠷᠢᠶ᠎ᠠ ᠰᠠᠶᠢᠲᠠᠢ ᠮᠤᠷᠢ ᠬᠡᠯᠳᠦᠷᠢᠬᠦ - ᠮᠠᠰᠢ ᠠᠯᠭᠤᠷ ᠠᠭᠠᠵᠢᠮ ᠶᠠᠪᠤᠬᠤ ᠰᠠᠶᠢᠪᠤᠷ - ᠮᠤᠷᠢᠨ ᠤ ᠵᠢᠷᠤᠭᠠᠯᠠᠬᠤ ᠲᠠᠢ ᠲᠦᠰᠦᠷᠬᠡᠦ ᠠᠯᠭᠤᠷᠬᠠᠨ ᠶᠠᠪᠤᠬᠤ ᠶᠠᠪᠤᠳᠠᠯ ᠰᠡᠭᠡᠭᠡ - ᠮᠤᠷᠢᠨ ᠤ ᠱᠤᠭᠰᠢᠬᠤ ᠬᠠᠳᠠᠷᠢᠬᠤ ᠶᠢᠨ ᠬᠤᠭᠤᠷᠤᠨᠳᠤᠬᠢ ᠶᠠᠪᠤᠳᠠᠯ ᠰᠡᠭᠡᠯᠭᠡ - ᠰᠡᠭᠡᠵᠦ ᠶᠠᠪᠤᠬᠤ᠂ ᠴᠤᠭᠢᠶ᠎ᠠ ᠶᠢᠨ ᠦᠭᠡᠷ᠎ᠡ ᠨᠡᠷᠡᠶᠢᠳᠦᠯ ᠰᠤᠪᠰᠢᠯᠭ᠎ᠠ - ᠮᠤᠷᠢᠨ ᠤ ᠱᠤᠭᠰᠢᠶ᠎ᠠ᠂ ᠬᠦᠡᠭᠭᠡᠡ ᠬᠠᠳᠠᠷᠢᠶ᠎ᠠ ᠱᠤᠭᠰᠢᠶ᠎ᠠ - ᠠᠳᠤᠭᠤᠨ ᠤ ᠠᠯᠬᠤᠬᠤ ᠠᠴᠠ ᠬᠤᠷᠳᠤᠨ ᠬᠠᠳᠠᠷᠢᠬᠤ ᠠᠴᠠ ᠤᠳᠠᠭᠠᠨ ᠶᠠᠪᠤᠳᠠᠯ ᠲᠡᠮᠡᠤᠯᠡᠬᠦ - ᠤᠷᠤᠬᠰᠢ ᠪᠠᠨ ᠵᠢᠳᠬᠦᠵᠦ ᠠᠯᠬᠤᠬᠤ ᠲᠡᠯᠮᠡᠭᠦᠯᠬᠦ - ᠶᠡᠭᠡ ᠠᠯᠬᠤᠮ ᠢᠶᠠᠷ ᠲᠦᠷᠭᠡᠨ ᠵᠢᠳᠬᠦᠯᠡᠨ ᠠᠯᠬᠤᠬᠤ ᠳᠠᠪᠬᠢᠶ᠎ᠠ - ᠮᠤᠷᠢᠨ ᠤ ᠳᠤᠪᠲᠤᠯᠠᠨ ᠶᠠᠪᠤᠬᠤ ᠶᠠᠪᠤᠳᠠᠯ ᠲᠠᠷᠭᠢᠭᠤᠯᠬᠤ - ᠮᠤᠷᠢ ᠶᠢ ᠵᠢᠭᠳᠡ ᠪᠠᠷ ᠨᠤᠷᠭᠢᠯᠲᠠᠯ᠎ᠠ ᠲᠤᠷᠭᠢᠯᠤᠨ ᠬᠠᠳᠠᠷᠢᠭᠤᠯᠬᠤ ᠲᠡᠷᠭᠢᠶ᠎ᠡ - ᠮᠤᠷᠢᠨ ᠤ ᠲᠦᠡᠭᠰᠢᠶ᠎ᠡ ᠶᠠᠪᠤᠳᠠᠯ ᠳᠤᠪᠲᠤᠯᠬᠤ - ᠲᠦᠷᠭᠡᠨ ᠳᠠᠪᠬᠢᠬᠤ ᠲᠤᠩᠰᠢᠶ᠎ᠠ - ᠲᠤᠩ ᠲᠤᠩ ᠭᠡᠵᠦ ᠬᠠᠲᠠᠭᠤᠬᠠᠠ ᠱᠤᠭᠰᠢᠬᠤ ᠲᠦᠡᠭᠰᠢᠶ᠎ᠡ - ᠳᠦᠷᠪᠡᠨ ᠬᠦᠯ ᠢᠶᠠᠨ ᠡᠭᠡᠯᠵᠢᠯᠡᠨ ᠴᠦᠮᠴᠢᠨ ᠬᠢᠰᠭᠢᠵᠦ ᠶᠠᠪᠤᠬᠤ ᠴᠤᠬᠭᠢᠶ᠎ᠠ - ᠮᠤᠷᠢᠨ ᠤ ᠡᠮᠦᠨ᠎ᠡ ᠬᠤᠶᠠᠷ ᠬᠦᠯ᠂ ᠬᠤᠶᠢᠲᠤ ᠬᠤᠶᠠᠷ ᠬᠦᠯ ᠵᠡᠷᠭᠡ ᠬᠦᠳᠡᠯᠵᠦ ᠬᠠᠷᠠᠶᠢᠯᠭᠠᠠ ᠶᠠᠪᠤᠬᠤ ᠵᠢᠷᠤᠭ᠎ᠠ - ᠮᠤᠷᠢᠨ ᠤ ᠨᠢᠭᠡᠨ ᠠᠯᠬᠤᠮ ᠳᠤ ᠬᠤᠶᠠᠷ ᠵᠦᠪ ᠬᠦᠯ ᠢᠶᠠᠨ᠂ ᠳᠠᠷᠠᠭ᠎ᠠ ᠠᠯᠬᠤᠮ ᠳᠤ ᠨᠢ ᠬᠤᠶᠠᠷ ᠪᠤᠷᠤᠭᠤ ᠬᠦᠯ ᠢᠶᠠᠨ ᠵᠡᠷᠭᠡ ᠬᠢᠰᠭᠢᠬᠦ ᠶᠦᠷᠭᠢᠶ᠎ᠡ - ᠮᠤᠷᠢᠨ ᠤ ᠵᠢᠭᠳᠡ ᠰᠢᠷᠦᠭᠦᠨ ᠬᠠᠳᠠᠷᠢᠬᠤ ᠬᠠᠳᠠᠷᠢᠭ᠎ᠠ ᠳᠤ ᠪᠠᠰᠠ ᠤᠯᠠᠨ ᠵᠦᠢᠯ ᠤᠨ ᠨᠡᠷᠡᠶᠢᠳᠦᠯ ᠪᠠᠶᠢᠳᠠᠭ ᠵᠠᠳᠠᠭᠠᠢ ᠬᠠᠳᠠᠷᠢᠭ᠎ᠠ᠂ ᠰᠠᠯᠠᠭ᠎ᠠ ᠬᠠᠳᠠᠷᠢᠭ᠎ᠠ᠂ ᠲᠡᠷᠭᠢᠶ᠎ᠡ ᠬᠠᠳᠠᠷᠢᠭ᠎ᠠ᠂ ᠲᠡᠯᠮᠡᠡ ᠬᠠᠳᠠᠷᠢᠭ᠎ᠠ᠂ ᠢᠯᠭᠠᠤᠮ ᠬᠠᠳᠠᠷᠢᠭ᠎ᠠ ᠂ ᠤᠷᠠᠠ ᠬᠠᠳᠠᠷᠢᠭ᠎ᠠ ᠁ ᠤᠨᠠᠭᠠᠨ ᠵᠢᠷᠤᠭ᠎ᠠ᠂ ᠤᠷᠭᠤᠭ᠎ᠠ ᠵᠢᠷᠤᠭ᠎ᠠ᠂ ᠤᠷᠤᠰᠤᠮ᠎ᠠ ᠵᠢᠷᠤᠭ᠎ᠠ᠂ ᠡᠯᠭᠦᠭᠡ ᠵᠢᠷᠤᠭ᠎ᠠ᠂ ᠢᠯᠭᠤᠮ ᠵᠢᠷᠤᠭ᠎ᠠ᠂ ᠲᠡᠮᠡᠭᠡᠨ ᠵᠢᠷᠤᠭ᠎ᠠ᠂ ᠪᠤᠲᠠᠷᠮ᠎ᠠ ᠵᠢᠷᠤᠭ᠎ᠠ ᠁ ᠵᠡᠷᠭᠡ ᠤᠯᠠᠨ ᠵᠦᠢᠯ ᠤᠨ ᠬᠡᠯᠡᠯᠭᠡ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号