ᠠᠷᠭᠠᠯ ᠬᠦᠷᠵᠡᠩ ᠤᠨ ᠠᠴᠢ ᠲᠤᠰᠠᠦᠵᠢᠶᠡᠳ ᠬᠠᠰᠴᠢ᠊
ᠨᠡᠶᠢᠲᠡᠯᠡᠭᠰᠡᠨ ᠴᠠᠭ᠄
2020/4/22
  ᠭᠠᠯ ᠬᠦᠭᠵᠢᠭᠡᠬᠦ ᠳᠤ ᠰᠠᠶᠢᠨ᠂ ᠠᠷᠪᠢ ᠮᠠᠭᠤᠳᠠᠢ ᠴᠤ ᠢᠯᠴᠢ ᠰᠠᠶᠢᠳᠠᠢ ᠶᠤᠮ᠃ ᠰᠢᠷ᠎ᠠ ᠠᠷᠭᠠᠯ ᠨᠢ ᠰᠡᠪᠰᠡᠭᠡᠷ ᠵᠦᠭᠡᠯᠡᠨ ᠪᠤᠯᠬᠤᠷ ᠠᠷᠠᠰᠤ ᠤᠲᠤᠬᠤ ᠳᠤ ᠤᠳᠤᠭᠠᠠ ᠤ ᠦᠡᠭᠭᠡ ᠨᠢ ᠬᠦᠨ ᠵᠢᠭᠳᠡ ᠰᠠᠭᠤᠳᠠᠭ᠃ ᠰᠦ ᠬᠠᠯᠠᠭᠠᠵᠤ ᠦᠷᠦᠮ᠎ᠠ ᠬᠦᠭᠡᠷᠦᠭᠦᠯᠬᠦ ᠳᠤ ᠤᠨᠴᠠ ᠰᠠᠶᠢᠨ᠃ ᠵᠢᠯ ᠦᠨᠵᠢᠭᠰᠡᠨ ᠢ ᠨᠢ ᠬᠦᠬᠡ ᠠᠷᠭᠠᠯ ᠭᠡᠳᠡᠭ᠂ ᠡᠮᠴᠢᠯᠭᠡ ᠤᠳᠤᠯᠭᠠᠠ ᠳᠤ ᠤᠷᠤᠳᠠᠭ᠃   ᠠᠷᠭᠠᠯ ᠤᠨ ᠤᠳᠤᠬ᠋᠎ᠠ ᠰᠢᠩᠭᠡᠭᠰᠡᠡ ᠰᠤᠳᠤᠷ ᠪᠢᠴᠢᠭ ᠤᠳ ᠪᠤᠰᠤᠳ ᠨᠤᠮ ᠲᠡᠪᠳᠡᠷ ᠲᠠᠢ ᠠᠳᠠᠯᠢ ᠡᠯᠡᠭᠳᠡᠬᠦ᠂ ᠬᠤᠷᠤᠬᠠᠶᠢᠳᠠᠬᠤ᠂ ᠴᠢᠭᠢᠭᠳᠡᠬᠦ ᠠᠶᠤᠯ ᠳᠤ ᠦᠷᠲᠦᠳᠡᠭ ᠦᠬᠡᠢ ᠭᠡᠳᠡᠭ᠃ ᠦᠬᠡᠷ ᠤᠨ ᠨᠤᠶᠢᠲᠠᠨ ᠪᠠᠭᠠᠰᠤ ᠪᠠᠷ ᠬᠤᠶᠠᠩ ᠰᠢᠷ᠎ᠠ ᠤᠰᠤᠨ ᠳᠤ ᠵᠢᠩ ᠲᠠᠯᠪᠢᠪᠠᠯ ᠰᠢᠷ᠎ᠠ ᠤᠰᠤ ᠨᠢ ᠬᠠᠲᠠᠵᠤ ᠡᠪᠡᠳᠬᠦ ᠨᠢ ᠨᠠᠮᠳᠠᠳᠠᠭ᠃   ᠬᠠᠪᠤᠷ ᠤᠨ ᠬᠤᠮᠤᠯ ᠬᠠᠲᠠᠭᠤᠪᠳᠤᠷ ᠬᠠᠷ᠎ᠠ ᠦᠡᠭᠭᠡ ᠲᠠᠢ ᠠᠴᠠ ᠬᠠᠷ᠎ᠠ ᠬᠤᠮᠤᠯ ᠭᠡᠳᠡᠭ᠃ ᠵᠤᠨ ᠤ ᠰᠢᠷ᠎ᠠ ᠬᠤᠮᠤᠯ ᠨᠢ ᠰᠡᠪᠰᠡᠭᠡᠷ ᠵᠦᠭᠡᠯᠡᠨ ᠨᠤᠴᠤᠵᠤ ᠬᠠᠯᠳᠠᠬᠤ ᠨᠢ ᠠᠮᠠᠷᠬᠠᠨ᠂ ᠠᠷᠠᠰᠤ ᠤᠳᠤᠬᠤ ᠳᠤ ᠬ᠋ᠠᠯ ᠨᠢ ᠵᠦᠭᠡᠯᠡᠨ᠂ ᠤᠳᠤᠭᠠᠠ ᠤ ᠦᠡᠭᠭᠡ ᠨᠢ ᠬᠦᠨ ᠵᠢᠭᠳᠡ ᠮᠦᠷᠲᠡᠭᠡᠨ ᠤᠯᠠᠪᠢᠷ ᠰᠢᠷ᠎ᠠ ᠦᠡᠭᠭᠡ ᠲᠠᠢ ᠪᠤᠯᠳᠠᠬ᠃ ᠨᠤᠭᠤᠭᠠᠨ ᠤ ᠴᠠᠬ  ᠤᠨ ᠬᠤᠮᠤᠯᠰᠢᠬᠰᠠᠠ ᠦᠬᠡᠢ ᠰᠤᠯᠠ ᠵᠠᠳᠠᠭᠠᠢ ᠶᠢ ᠨᠢ ᠰᠢᠷ᠎ᠠ ᠰᠡᠪᠡᠰᠦ ᠴᠤ ᠭᠡᠳᠡᠭ᠃ ᠨᠠᠮᠤᠷ ᠤᠨ ᠬᠤᠮᠤᠯ ᠢ ᠬᠠᠯᠲᠠᠷ ᠪᠤᠶᠤ ᠬᠤᠨᠭ᠍ᠭᠤᠷ ᠬᠤᠮᠤᠯ ᠭᠡᠳᠡᠭ᠃ ᠲᠦᠯᠡᠬᠦ ᠳᠤ ᠢᠯᠴᠢᠲᠡᠢ ᠪᠠᠶᠢᠳᠠᠭ᠃ ᠡᠪᠦᠯ ᠤᠨ ᠬᠤᠮᠤᠯ ᠢ ᠬᠦᠯᠳᠡᠭᠦᠦ ᠬᠤᠮᠤᠯ ᠭᠡᠵᠦ ᠬᠠᠲᠠᠬᠰᠠᠠ ᠳᠠᠷᠠᠭ᠎ᠠ ᠨᠢ ᠬᠠᠷ᠎ᠠ ᠬᠤᠮᠤᠯ ᠬᠡᠨ᠎ᠡ᠃ ᠵᠢᠯ ᠦᠨᠵᠢᠭᠰᠡᠨ ᠬᠦᠬᠡ ᠬᠤᠮᠤᠯ ᠨᠢ ᠡᠮᠴᠢᠯᠭᠡ ᠤᠳᠤᠯᠭᠠᠠ ᠳᠤ ᠤᠷᠤᠳᠠᠭ᠃   ᠵᠤ ᠨᠢᠷᠤᠭᠤ᠂ ᠡᠪᠦᠳᠦᠭ ᠲᠤᠬᠤᠢ ᠡᠪᠡᠳᠳᠡᠭ ᠬᠦᠮᠦᠰ ᠬᠦᠬᠡ ᠬᠤᠮᠤᠯ ᠢ ᠠᠷᠢᠬᠢᠨ ᠳᠤ ᠲᠡᠪᠲᠦᠭᠡᠵᠦ ᠠᠬᠰᠢᠭᠠᠭᠠᠳ ᠡᠪᠡᠳᠴᠦ ᠪᠠᠶᠢᠭ᠎ᠠ ᠬᠡᠰᠡᠭ ᠲᠤ ᠪᠠᠨ ᠱᠠᠪᠠᠵᠤ ᠬᠦᠬᠡ ᠪᠦᠰ ᠢᠶᠠᠷ ᠤᠷᠢᠶᠠᠵᠤ ᠬᠤᠨᠤᠭᠤᠯᠳᠠᠭ᠃ ᠬ᠋ᠠᠷᠠᠬ ᠲᠤ 2 - 3 ᠤᠳᠠᠬ᠋᠎ᠠ᠂ 2 -3 ᠬ᠋ᠠᠷᠠᠬ ᠬᠦᠬᠦᠭᠦᠯᠪᠡᠯ ᠡᠪᠡᠳᠬᠦ ᠨᠢ ᠵᠤᠭᠰᠤᠵᠤ ᠬᠤᠶᠠᠩ ᠰᠢᠷ᠎ᠠ ᠤᠰᠤ ᠨᠢ ᠭᠠᠳᠠᠭᠰᠢᠯᠠᠳᠠᠭ᠃ ᠬᠦᠬᠡ ᠠᠵᠢᠷᠭᠠᠨ ᠤ ᠬᠤᠮᠤᠯ ᠭᠠᠯᠵᠠᠭᠤ ᠬᠤᠤᠷ ᠢ ᠲᠠᠷᠤᠵᠤ᠂ ᠤᠨᠠᠭᠠᠠ ᠤ ᠵᠤᠩᠭᠠᠭ ᠬᠤᠤᠷ ᠲᠠᠶᠢᠯᠤᠨ᠋ ‍ᠠ᠋ ᠭᠡᠳᠡᠭ᠃ ᠲᠤᠷᠤᠢ ᠪᠠᠭᠤᠷᠠᠢ ᠮᠠᠯ ᠤᠨᠤᠭ᠎ᠠ ᠬᠤᠳᠠᠠ ᠳᠤ ᠪᠠᠨ ᠢᠷᠡᠵᠦ ᠲᠡᠶᠢᠯᠬᠦ ᠦᠬᠡᠢ ᠪᠤᠯ ᠭᠤᠷᠪᠠᠨ ᠬᠤᠮᠤᠯ ᠲᠤᠭᠤᠷᠢᠭᠤᠯᠤᠨ ᠲᠠᠯᠪᠢᠭᠠᠳ 《 ᠠᠮᠤᠷ ᠠᠮᠤᠭᠤᠯᠠᠩ ᠬᠤᠨᠤᠳᠤᠭᠠᠢ 》 ᠭᠡᠵᠦ ᠰᠢᠪᠰᠢᠳᠡᠭ᠃ ᠡᠨᠡ ᠨᠢ ᠬᠡᠭᠡᠷ᠎ᠡ ᠶᠢᠨ ᠨᠤᠬᠠᠢ ᠳᠤ ᠲᠠᠩᠭᠠᠷᠢᠭ ᠲᠠᠢ ᠶᠤᠮ ᠭᠡᠨ᠎ᠡ᠃ ᠪᠡᠯᠳᠡᠷᠭᠡ ᠨᠢ ᠲᠠᠭᠠᠵᠤ ᠲᠡᠶᠢᠯᠬᠦ ᠦᠬᠡᠢ ᠬᠤᠴᠤᠷᠪᠠᠯ ᠦᠯᠦᠭᠴᠢᠨ ᠴᠢᠨ᠋ᠸ᠎ᠠ ᠪᠡᠯᠲᠡᠷᠭᠡ ᠪᠠᠨ ᠲᠤᠭᠤᠷᠢᠭᠤᠯᠵᠤ ᠭᠤᠷᠪᠠᠨ ᠬᠤᠮᠤᠯ ᠲᠠᠯᠪᠢᠭᠠᠳ ᠶᠠᠪᠤᠳᠠᠭ ᠭᠡᠵᠦ ᠨᠠᠰᠤᠳᠠᠶᠢᠴᠤᠳ ᠬᠠᠭᠤᠴᠢᠯᠠᠳᠠᠭ᠃ ᠡᠪᠦᠯ ᠤᠯᠠᠯᠠᠵᠤ ᠭᠠᠷᠭᠠᠭᠰᠠᠨ ᠬᠦᠷᠵᠡᠩ ᠢᠶᠠᠨ ᠰᠢᠷ᠎ᠠ ᠬᠦᠷᠵᠡᠩ ᠭᠡᠳᠡᠭ᠃ ᠰᠢᠷ᠎ᠠ ᠬᠦᠷᠵᠡᠩ ᠨᠢ ᠲᠦᠯᠡᠬᠦ ᠳᠤ ᠢᠯᠴᠢᠯᠢᠭ᠂ ᠲᠠᠭᠠᠴᠢᠳᠠᠢ᠂ ᠨᠤᠷᠮ᠎ᠠ ᠰᠠᠶᠢᠳᠠᠢ ᠪᠠᠶᠢᠳᠠᠭ ᠢᠶᠠᠷ ᠨᠢ ᠨᠤᠲᠤᠭ ᠤᠨ  ᠬᠢᠨ 《 ᠮᠤᠩᠭᠤᠯ ᠨᠡᠭᠦᠷᠡᠰᠦ 》 ᠭᠡᠳᠡᠭ᠃ ᠬᠦᠷᠵᠡᠩ ᠤᠨ ᠴᠠᠭᠠᠨ ᠦᠨᠡᠰᠦ ᠶᠢ ᠬᠠᠮᠠᠷ ᠲᠠᠮᠠᠬᠢ ᠨᠠᠶᠢᠷᠠᠭᠤᠯᠬᠤ  ᠳᠤ ᠬᠡᠷᠡᠭᠯᠡᠳᠡᠭ᠃ ᠬᠤᠨᠢᠨ ᠤ ᠬᠠᠯᠠᠭᠤᠨ ᠰᠡᠪᠡᠰᠦ ᠪᠠᠷ ᠰᠡᠪᠡᠰᠦᠯᠠᠵᠤ ᠡᠮᠴᠢᠯᠡᠳᠡᠭ᠃ ᠠᠷᠢᠬᠢᠨ ᠳᠤ ᠳᠡᠪᠳᠦᠭᠡᠭᠰᠡᠨ ᠬᠦᠬᠡ ᠬᠤᠷᠭᠤᠯ ᠦᠶ᠎ᠡ ᠭᠡᠰᠢᠭᠦᠨ ᠤ ᠰᠢᠷ᠎ᠠ ᠤᠰᠤ ᠶᠢ ᠠᠷᠢᠯᠭᠠᠨ᠎ᠠ ᠭᠡᠳᠡᠭ᠃ ᠬᠠᠳᠠᠵᠤ ᠬᠦᠬᠡᠷᠡᠭᠰᠡᠨ ᠬᠤᠷᠭᠤᠯ ᠤᠨ ᠬᠠᠴᠢᠬ ᠬᠤᠪᠠᠯᠵᠠ ᠶᠢᠨ ᠠᠪᠠᠭᠠᠯᠳᠠᠢ ᠪᠤᠯᠤᠨ ᠪᠤᠰᠤᠳ ᠪᠢᠴᠢᠯ ᠪᠡᠶᠡᠲᠦ ᠤᠳ ᠤᠰᠠᠳᠴᠤ ᠠᠷᠢᠯᠤᠭᠰᠠᠨ ᠪᠠᠶᠢᠳᠠᠭ  ᠠᠴᠠ ᠮᠠᠯ ᠤᠨ ᠬᠡᠪᠲᠡᠯᠭᠡᠡ ᠳᠤ ᠲᠡᠪᠢᠰᠬᠦ ᠳᠤ ᠬᠡᠮ ᠬᠢᠵᠢᠭ ᠦᠬᠡᠢ ᠪᠦᠭᠡᠳ ᠮᠠᠯ ᠳᠤ ᠲᠤᠯᠠᠭᠠᠠ᠂ ᠴᠢᠭᠢᠭ ᠨᠤᠶᠢᠲᠠᠨ  ᠢ ᠰᠢᠩᠭᠡᠬᠦ ᠦᠢᠯᠡᠳᠦᠯ ᠢᠶᠠᠷ ᠰᠠᠶᠢᠨ ᠪᠠᠶᠢᠳᠠᠭ᠃ ᠲᠡᠷᠡᠰᠦᠨ ᠳᠤ ᠬᠤᠷᠭᠤᠯ ᠬᠠᠳᠬᠤᠴᠢᠬᠠᠭᠠᠳ ᠰᠢᠲᠠᠭᠠᠵᠤ ᠲᠦᠯᠭᠡ ᠦᠵᠡᠳᠡᠭ ᠪᠠ ᠲᠡᠷᠡᠰᠦᠨ ᠳᠤ ᠬᠠᠳᠬᠤᠭᠰᠠᠨ ᠬᠤᠷᠭᠤᠯ ᠤᠨ ᠰᠡᠭᠦᠳᠡᠷ ᠢᠶᠠᠷ ᠬᠤᠨᠢ ᠮᠠᠯ ᠤᠨ ᠬᠦᠮᠦᠨ ᠴᠠᠬ ᠪᠠᠷᠤᠬᠴᠠᠭᠠᠳᠠᠬ᠃ ᠲᠡᠮᠡᠭᠡᠨ ᠤ ᠬᠤᠷᠭᠤᠯ ᠮᠤᠭᠠᠢ ᠶᠢᠨ ᠬᠤᠤᠷ ᠢ ᠲᠠᠶᠢᠯᠬᠤ ᠦᠢᠯᠡᠳᠦᠯ ᠲᠠᠢ ᠭᠡᠳᠡᠭ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号