ᠠᠷᠭᠠᠯ ᠬᠦᠷᠵᠡᠩ  ᠤᠨ ᠨᠠᠷᠠᠶᠢᠳᠦᠯᠦᠵᠢᠶᠡᠳ ᠬᠠᠰᠴᠢ᠊
ᠨᠡᠶᠢᠲᠡᠯᠡᠭᠰᠡᠨ ᠴᠠᠭ᠄
2020/4/22
ᠬᠠᠪᠤᠷ ᠬᠠᠷ᠎ᠠ ᠬᠤᠮᠤᠯ᠄ ᠬᠠᠪᠤᠷ ᠤᠨ ᠬᠠᠲᠠᠭᠤᠪᠳᠤᠷ ᠬᠠᠷ᠎ᠠ ᠦᠡᠭᠭᠡ ᠲᠠᠢ ᠬᠤᠮᠣᠯ᠃ ᠬᠠᠪᠤᠷ ᠤᠨ ᠬᠤᠷᠭᠤᠯ ᠨᠢ ᠬᠠᠳᠠᠭᠤᠪᠳᠤᠷ ᠬᠠᠷ᠎ᠠ ᠦᠡᠭᠭᠡ ᠲᠠᠢ ᠪᠠᠶᠢᠳᠠᠭ ᠠᠴᠠ ᠬᠠᠷ᠎ᠠ ᠬᠤᠷᠭᠤᠯ ᠭᠡᠳᠡᠭ᠃ ᠬᠠᠪᠤᠷ ᠤᠨ ᠰᠡᠭᠦᠯᠴᠢ ᠲᠦᠯ ᠮᠠᠯ ᠤᠨ ᠦᠶ᠎ᠡ ᠶᠢᠨ ᠲᠠᠬᠰᠢᠷᠠᠵᠤ ᠬᠦᠷᠵᠡᠩᠰᠢᠭᠰᠡᠡ ᠦᠬᠡᠢ ᠶᠢ ᠨᠢ ᠪᠤᠷᠤᠭᠠᠨ ᠳᠤ ᠨᠤᠷᠤᠵᠤ ᠬᠠᠳᠠᠵᠤ ᠬᠠᠳᠠᠭᠤᠷᠠᠭᠰᠠᠨ ᠤ ᠳᠠᠷᠠᠭ᠎ᠠ ᠭᠠᠷᠭᠠᠳᠠᠭ᠃ ᠡᠭᠦᠨ ᠢ ᠪᠠᠨ ᠬᠠᠷ᠎ᠠ ᠬᠦᠷᠵᠡᠩ ᠭᠡᠵᠦ ᠬᠠᠪᠤᠷ ᠨᠠᠮᠤᠷ ᠲᠠᠭᠠᠨ ᠲᠦᠯᠡᠳᠡᠭ᠃ ᠵᠤᠨ ᠰᠠᠷᠢᠮᠳᠠᠰᠤ᠄ ᠵᠤᠨ ᠤ ᠴᠠᠬ ᠲᠤ ᠲᠡᠯᠭᠡᠵᠦ ᠡᠷᠭᠢᠭᠦᠯᠦᠨ ᠬᠠᠳᠠᠭᠠᠭᠰᠠᠨ ᠨᠤᠭᠤᠭᠠᠨ ᠤ ᠴᠠᠭᠠᠠ ᠠᠷᠭᠠᠯ᠃ ᠵᠤᠨ ᠤ ᠴᠠᠬ ᠲᠤ ᠲᠡᠯᠭᠡᠵᠦ ᠡᠷᠭᠢᠭᠦᠯᠦᠭᠰᠡᠡ ᠦᠬᠡᠢ ᠬᠤᠷᠤᠬᠠᠢ ᠳᠤ ᠢᠳᠡᠭᠳᠡᠭᠰᠡᠨ ᠨᠢᠮᠭᠡᠨ ᠬᠦᠷᠦᠰᠦ ᠶᠢ ᠬᠠᠭᠤᠳᠠᠰᠤ ᠭᠡᠳᠡᠭ᠃ ᠵᠤᠨ ᠤ ᠰᠢᠷ᠎ᠠ ᠬᠤᠮᠤᠯ ᠨᠢ ᠰᠡᠪᠰᠡᠭᠡᠷ ᠵᠦᠭᠡᠯᠡᠨ ᠨᠤᠴᠤᠵᠤ ᠬᠠᠯᠳᠠᠬᠤ ᠨᠢ ᠠᠮᠠᠷᠬᠠᠨ᠂ ᠠᠷᠠᠰᠤ ᠤᠳᠤᠬᠤ ᠳᠤ ᠬ᠋ᠠᠯ  ᠨᠢ ᠵᠦᠭᠡᠯᠡᠨ᠂ ᠤᠳᠤᠭᠠᠠ ᠤ ᠦᠡᠭᠭᠡ ᠨᠢ ᠬᠦᠨ ᠵᠢᠭᠳᠡ ᠮᠦᠷᠲᠡᠭᠡᠨ ᠤᠯᠠᠪᠢᠷ ᠰᠢᠷ᠎ᠠ ᠦᠡᠭᠭᠡ ᠲᠠᠢ ᠪᠤᠯᠳᠠᠬ᠃ ᠵᠤᠨ ᠤ ᠰᠢᠷ᠎ᠠ ᠬᠤᠷᠭᠤᠯ ᠢ ᠵᠠᠷᠢᠮ ᠨᠠᠰᠤᠳᠠᠶᠢᠴᠤᠳ ᠨᠤᠭᠤᠭᠠᠨ ᠬᠤᠷᠭᠤᠯ ᠭᠡᠵᠦ ᠬᠡᠯᠡᠳᠡᠭ ᠴᠤ ᠪᠤᠢ᠃ ᠨᠤᠭᠤᠭᠠᠨ ᠤ ᠴᠠᠬ ᠤᠨ ᠬᠤᠮᠤᠯᠰᠢᠬᠰᠠᠠ ᠦᠬᠡᠢ ᠰᠤᠯᠠ ᠵᠠᠳᠠᠭᠠᠢ ᠶᠢ ᠨᠢ ᠰᠢᠷ᠎ᠠ ᠰᠡᠪᠡᠰᠦ ᠭᠡᠳᠡᠭ᠃ ᠪᠡᠯᠴᠢᠭᠡᠷ ᠤᠰᠤ ᠲᠡᠩᠴᠡᠭᠰᠡᠡ ᠦᠶ᠎ᠡ ᠶᠢᠨ ᠬᠤᠷᠭᠤᠯᠰᠢᠬᠰᠠᠠ ᠦᠬᠡᠢ ᠵᠠᠳᠠᠭᠠᠢ ᠪᠠᠭᠠᠰᠤ ᠶᠢ ᠱᠠᠪᠠᠢ ( ᠱᠡᠭᠡᠮᠡᠢ ) ᠭᠡᠳᠡᠭ᠃ ᠨᠠᠮᠤᠷ ᠴᠤᠪᠤᠭᠠᠳᠠᠰᠤ᠄ ᠦᠬᠡᠷ ᠮᠠᠯ ᠤᠨ ᠴᠤᠪᠤᠭᠠᠨ ᠳᠡᠭᠡᠷ᠎ᠡ ᠬᠠᠯᠳᠠᠷᠰᠢᠵᠤ ᠬᠠᠳᠠᠬᠰᠠ ᠠᠷᠭᠠᠯ᠃ ᠬᠠᠯᠳᠠᠷᠰᠢᠬᠰᠠᠠ ᠦᠡᠭᠭᠡ ᠲᠠᠢ ᠪᠠᠷ ᠨᠢ ᠬᠠᠯᠳᠠᠷ ᠠᠷᠭᠠᠯ ᠴᠤ ᠭᠡᠳᠡᠭ᠃ ᠨᠠᠮᠤᠷ ᠤᠨ ᠬᠤᠮᠤᠯ ᠢ ᠬᠠᠯᠲᠠᠷ ᠪᠤᠶᠤ ᠬᠤᠨᠭ᠍ᠭᠤᠷ ᠬᠤᠮᠤᠯ ᠭᠡᠳᠡᠭ᠃ ᠲᠦᠯᠡᠬᠦ ᠳᠤ ᠢᠯᠴᠢᠲᠡᠢ ᠪᠠᠶᠢᠳᠠᠭ᠃ ᠨᠠᠮᠤᠷ ᠤᠨ ᠬᠤᠷᠭᠤᠯ ᠢ ᠬᠠᠷ᠎ᠠ ᠬᠤᠷᠭᠤᠯ ᠪᠤᠶᠤ ᠲᠤᠰᠤᠨ ᠬᠤᠷᠭᠤᠯ ᠭᠡᠳᠡᠭ᠃ ᠡᠪᠦᠯ ᠡᠪᠦᠯ ᠤᠨ ᠬᠢ ᠶᠢ ᠬᠦᠯᠳᠡᠭᠦᠰᠦ ᠭᠡᠳᠡᠭ᠃ ᠡᠪᠦᠯ ᠤᠨ ᠬᠤᠮᠤᠯ ᠢ ᠬᠦᠯᠳᠡᠭᠦᠦ ᠬᠤᠮᠤᠯ ᠭᠡᠵᠦ ᠬᠠᠲᠠᠬᠰᠠᠠ ᠳᠠᠷᠠᠭ᠎ᠠ ᠨᠢ ᠬᠠᠷ᠎ᠠ ᠬᠤᠮᠤᠯ ᠬᠡᠨ᠎ᠡ᠃ ᠡᠪᠤᠯ ᠤᠨ ᠬᠤᠳᠠᠠ ᠤ ᠵᠠᠬ᠎ᠠ ᠶᠢᠨ ᠰᠤᠯᠠ ᠶᠢ ᠨᠢ ᠬᠦᠯᠳᠡᠭᠦᠦ ᠬᠤᠷᠭᠤᠯ ᠭᠡᠵᠦ ᠲᠠᠬᠰᠢᠷᠠᠵᠤ ᠬᠠᠳᠠᠭᠤᠷᠠᠭᠰᠠᠨ ᠢ  ᠨᠢ ᠬᠦᠷᠵᠡᠩ ᠭᠡᠳᠡᠭ᠃ ᠡᠪᠦᠯ ᠤᠯᠠᠯᠠᠵᠤ ᠭᠠᠷᠭᠠᠭᠰᠠᠨ ᠬᠦᠷᠵᠡᠩ ᠢᠶᠠᠨ ᠰᠢᠷ᠎ᠠ ᠬᠦᠷᠵᠡᠩ ᠭᠡᠳᠡᠭ᠃ ᠰᠢᠷ᠎ᠠ ᠬᠦᠷᠵᠡᠩ ᠨᠢ ᠲᠦᠯᠡᠬᠦ ᠳᠤ ᠢᠯᠴᠢᠯᠢᠭ᠂ ᠲᠠᠭᠠᠴᠢᠳᠠᠢ᠂ ᠨᠤᠷᠮ᠎ᠠ ᠰᠠᠶᠢᠳᠠᠢ ᠪᠠᠶᠢᠳᠠᠭ ᠢᠶᠠᠷ ᠨᠢ ᠨᠤᠲᠤᠭ ᠤᠨ ᠬᠢᠨ 《 ᠮᠤᠩᠭᠤᠯ ᠨᠡᠭᠦᠷᠡᠰᠦ 》 ᠭᠡᠳᠡᠭ᠃ ᠶᠢᠰᠦ ᠶᠢᠨ ᠬᠦᠢᠳᠡᠨ ᠳᠤ ᠰᠢᠷ᠎ᠠ ᠬᠦᠷᠵᠡᠩ ᠲᠦᠯᠡᠵᠦ ᠤᠷᠢ ᠤᠷᠤᠭᠰᠠᠭᠠᠷ ᠪᠠᠭᠠᠰᠬᠠᠵᠤ ᠬᠠᠷ᠎ᠠ ᠬᠦᠷᠵᠡᠩ ᠬᠠᠪᠰᠤᠷᠭᠠᠳᠠᠬ᠃ ᠰᠢᠷ᠎ᠠ ᠬᠦᠷᠵᠡᠩ ᠨᠢ ᠬᠠᠯᠠᠭᠤᠨ ᠲᠠᠢ ᠪᠤᠯᠬᠤᠷ ᠶᠠᠮ᠎ᠠ ᠬᠦᠳᠡᠯᠭᠡᠨ᠎ᠡ ᠭᠡᠳᠡᠭ᠃ ᠰᠢᠷ᠎ᠠ ᠠᠷᠭᠠᠯ᠄ ᠬᠤᠷᠢᠶᠠᠵᠤ ᠬᠠᠲᠠᠭᠠᠬᠰᠠᠠ ᠨᠢ ᠰᠢᠷᠠᠪᠲᠤᠷ ᠦᠩᠭᠡ ᠲᠠᠢ ᠪᠠᠶᠢᠳᠠᠭ ᠠᠷᠭᠠᠯ᠃ ᠬᠦᠬᠡ ᠠᠷᠭᠠᠯ᠄ ᠵᠢᠯ ᠦᠨᠵᠢᠭᠰᠡᠨ ᠢ ᠬᠥᠬᠡ ᠠᠷᠭᠠᠯ ᠭᠡᠳᠡᠭ᠂ ᠡᠮᠴᠢᠯᠭᠡ ᠤᠳᠤᠯᠭᠠᠠ ᠳᠤ ᠤᠷᠤᠳᠠᠭ᠃ ᠬᠡᠷ ᠤᠨ ᠤᠶᠢᠷ᠎ᠠ ᠬᠠᠪᠢ᠂ ᠬᠤᠳᠳᠤᠭ ᠤᠰᠤ᠂ ᠮᠠᠯ ᠤᠨ ᠴᠤᠪᠤᠬ᠋᠎ᠠ ᠵᠡᠷᠭᠡ ᠪᠠᠷ ᠠᠷᠭᠠᠯ ᠬᠠᠭᠤᠷᠠᠶᠢᠴᠢᠯᠠᠵᠤ᠂ ᠲᠤᠮᠤᠴᠢᠯᠠᠵᠤ ᠲᠡᠭᠦᠭᠰᠡᠨ ᠢᠶᠠᠨ ᠲᠡᠭᠦᠭᠦᠪᠦᠷᠢ ᠠᠷᠭᠠᠯ ᠭᠡᠳᠡᠭ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号