ᠢᠨᠵᠠᠨᠨᠠᠰᠢ ︵1837 — 1892 ᠣᠨ︶ | ᠢᠨᠵᠠᠨᠨᠠᠰᠢ ᠶᠢᠨ ᠠᠬ᠎ᠠ ᠰᠤᠩᠸᠠᠶᠢᠳᠠᠨᠵᠤᠩ ᠤᠨ ᠡᠳᠦᠷ ᠤᠨ ᠲᠡᠮᠳᠡᠭᠯᠡᠯ ᠳᠤ ᠥᠭᠦᠯᠡᠭᠰᠡᠨ ᠨᠢ᠄ ︽ᠳᠣᠯᠣᠳᠤᠭᠠᠷ | ᠳᠡᠭᠦᠦ ᠶᠢᠨ ᠲᠥᠷᠥᠭᠰᠡᠨ ᠵᠢᠯ᠂ ᠰᠠᠷ᠎ᠠ᠂ ᠡᠳᠦᠷ᠄ ᠤᠯᠠᠭᠠᠭᠴᠢᠨ ᠲᠠᠬᠢᠶ᠎ᠠ ᠵᠢᠯ ︵1837 ᠣᠨ︶᠂ ᠲᠥᠷᠥ | ᠭᠡᠷᠡᠯᠲᠦ ᠶᠢᠨ 17 ᠳ᠋ᠤᠭᠠᠷ ᠣᠨ ᠤ ᠳᠥᠷᠪᠡᠨ ᠰᠠᠷ᠎ᠠ ᠶᠢᠨ 16 ᠤ ᠲᠠᠬᠢᠶ᠎ᠠ ᠴᠠᠭ︔ ᠦᠭᠡᠢ ᠪᠣᠯᠣᠭᠰᠠᠨ ᠵᠢᠯ᠂ | ᠰᠠᠷ᠎ᠠ᠂ ᠡᠳᠦᠷ᠄ ᠰᠢᠷ᠎ᠠ ︵ᠬᠠᠷ᠎ᠠ︖︶ ᠯᠤᠤ ᠵᠢᠯ ︵1892 ᠣᠨ︶᠂ ᠪᠠᠳᠠᠷᠠᠭᠤᠯᠲᠤ ᠲᠥᠷᠥ ᠶᠢᠨ 18 | ᠳ᠋ᠤᠭᠠᠷ ᠣᠨ ᠤ ᠴᠠᠭᠠᠨ ᠰᠠᠷ᠎ᠠ ᠶᠢᠨ 27 ᠤ ᠦᠬᠡᠷ ᠴᠠᠭ᠂ 56 ᠨᠠᠰᠤᠨ᠎ᠠ ᠥᠩᠭᠡᠷᠡᠪᠡ︔ ᠨᠡᠷ᠎ᠡ᠄ ᠢᠨᠵᠠᠨᠨᠠᠰᠢ᠂ | ᠮᠣᠩᠭᠤᠯᠴᠢᠯᠠᠪᠠᠰᠤ ᠪᠡᠯᠭᠡ ᠪᠢᠯᠢᠭ ᠤᠨ ᠴᠣᠭᠲᠤ ᠬᠡᠮᠡᠮᠦᠢ᠃ ᠲᠡᠭᠦᠨ ᠤ ᠡᠬᠡᠨᠡᠷ ᠰᠠᠷᠠᠨᠪᠣᠯᠣᠷ᠂ ᠳᠥᠯᠭᠡᠨ ᠡᠷᠳᠡᠮᠲᠦ | ᠭᠡᠭᠡ᠂ 26 ᠨᠠᠰᠤ ᠪᠣᠯᠬᠤ ᠳᠤ 3 ᠬᠥᠪᠡᠭᠦᠨ ᠲᠠᠢ ᠪᠣᠯᠵᠤ᠂ 27 ᠨᠠᠰᠤᠨ᠎ᠠ ᠥᠩᠭᠡᠷᠡᠪᠡ︔ ᠠᠬᠠᠮᠠᠳ ᠸᠠᠶᠢᠴᠢᠨ᠂ | ᠳᠡᠳ᠋ ᠴᠢᠮᠠᠭᠠᠷ᠂ ᠭᠤᠳᠠᠭᠠᠷ ᠮᠠᠭᠪᠠᠽᠠᠷ︾ ᠭᠡᠵᠡᠢ᠃ | ᠨᠡᠬᠡᠨ ᠰᠠᠨᠠᠪᠠᠯ ᠲᠡᠷᠡ ᠴᠠᠭ ᠤᠨ ︽ᠥᠪᠥᠷ ᠵᠢᠷᠭᠤᠭᠠᠨ ᠴᠢᠭᠤᠯᠭᠠᠨ᠂ ᠠᠷᠤ ᠳᠥᠷᠪᠡᠨ ᠠᠶᠢᠮᠠᠭ᠂ ᠬᠠᠯᠬ᠎ᠠ ᠶᠢᠨ | ᠨᠡᠶᠢᠲᠡ ᠭᠤᠷᠪᠠᠨ ᠵᠠᠭᠤ ᠰᠢᠬᠠᠮ ᠮᠣᠩᠭᠤᠯ ᠲᠣᠭᠠᠲᠠᠨ︾ ᠤ ᠨᠢᠭᠡᠨ ᠭᠡᠭᠲᠡᠬᠦ ᠲᠦᠮᠡᠳ ᠪᠠᠷᠠᠭᠤᠨ ᠬᠤᠰᠢᠭᠤᠨ᠎ᠠ | ᠸᠠᠩᠴᠢᠨᠪᠠᠯ ᠬᠡᠮᠡᠬᠦ ᠰᠤᠷᠪᠤᠯᠵᠢᠲᠤ ᠡᠵᠡᠨ ᠤ ᠭᠡᠷ ᠬᠦᠷᠢᠶᠡᠯᠡᠩ ᠳᠤ ᠣᠳᠣ ᠠᠴᠠ 150 ᠭᠠᠷᠤᠢ ᠵᠢᠯ ᠤᠨ ᠡᠮᠦᠨ᠎ᠡ | ᠮᠣᠩᠭᠤᠯ ᠤᠨ ᠭᠠᠷᠮᠠᠭᠠᠢ ᠵᠣᠬᠢᠶᠠᠯᠴᠢ᠂ ᠮᠣᠩᠭᠤᠯ ᠷᠤᠮᠠᠨᠴᠢ ᠢᠨᠵᠠᠨᠨᠠᠰᠢ ᠮᠡᠨᠳᠦᠯᠡᠵᠡᠢ᠃ | ᠰᠠᠨᠰᠺᠷᠢᠲ ᠢᠶᠠᠷ ᠵᠢᠨᠢᠶᠠᠨᠠᠰᠢᠷᠢ᠂ ᠲᠥᠪᠡᠳ ᠢᠶᠠᠷ ᠢᠰᠢᠪᠠᠯ᠂ ᠮᠣᠩᠭᠤᠯᠴᠢᠯᠠᠭᠰᠠᠨ ᠰᠠᠨᠰᠺᠷᠢᠲ | ᠳᠠᠭᠤᠳᠠᠯᠭ᠎ᠠ ᠪᠠᠷ ᠢᠨᠵᠠᠨᠨᠠᠰᠢ ᠪᠣᠯᠵᠤ ᠪᠢᠴᠢᠭ ᠤᠨ ᠤᠳᠬ᠎ᠠ ᠵᠣᠬᠢᠶᠠᠯ ᠳᠤ ᠲᠡᠮᠳᠡᠭᠯᠡᠭᠳᠡᠨ ᠣᠷᠣᠭᠰᠠᠨ᠂ ᠡᠨᠡ ᠶᠡᠭᠡ | ᠪᠢᠴᠢᠭ ᠤᠨ ᠬᠥᠮᠥᠨ ᠤ ᠨᠡᠷ᠎ᠡ ᠠᠯᠳᠠᠷ ᠥᠨᠥ ᠨᠢᠭᠡᠨᠲᠡ ᠴᠠᠭ ᠪᠤᠰᠤ ᠪᠠᠷ ᠥᠭᠦᠯᠡᠭᠳᠡᠬᠦ ᠪᠣᠯᠣᠭᠰᠠᠨ ᠪᠣᠯᠪᠠᠴᠤ ︽᠁ | ᠬᠠᠯᠠᠭᠤᠨ ᠡᠴᠢᠵᠦ᠂ ᠬᠦᠢᠲᠡᠨ ᠢᠷᠡᠬᠦ᠂ ᠬᠠᠪᠤᠷ ᠨᠠᠮᠤᠷ ᠬᠠᠷᠢᠯᠴᠠᠨ ᠡᠭᠡᠯᠵᠢᠯᠡᠬᠦ᠂ ᠭᠡᠷᠡᠯ ᠰᠡᠭᠦᠳᠡᠷ ᠥᠩᠭᠡᠷᠡᠨ︾ | ᠰᠣᠯᠢᠭᠳᠠᠬᠤ ᠴᠠᠭ ᠤᠨ ᠤᠷᠤᠰᠬᠠᠯ ᠢ ᠳᠠᠭᠠᠭᠠᠨ ᠦᠯᠡᠳᠡᠵᠦ ᠴᠢᠳᠠᠭᠰᠠᠨ ᠨᠢ ᠴᠣᠬᠤᠮ ᠶᠠᠭᠤᠨ ᠤ ᠤᠴᠢᠷ ᠪᠢᠯᠡ︕ | ᠡᠨᠡ ᠪᠣᠯ ᠭᠠᠭᠴᠠ ᠬᠦ ᠲᠡᠭᠦᠨ ᠤ ︽᠁ ᠡᠳᠦᠷ ᠤᠨ ᠬᠢᠷᠢ ᠳᠤ ᠠᠮᠠᠷᠠᠵᠤ ᠴᠢᠳᠠᠬᠤ ᠦᠭᠡᠢ ᠪᠠᠷ᠂ ᠰᠥᠨᠢ | ᠪᠣᠯᠪᠠᠰᠤ ᠲᠤᠭᠤᠷᠠᠲᠠᠯ᠎ᠠ ᠤᠨᠲᠠᠬᠤ ᠦᠭᠡᠢ ᠪᠠᠷ ᠰᠤᠳᠤᠷ ᠱᠠᠰᠲᠢᠷ ᠨᠣᠮ ᠪᠢᠴᠢᠭ ᠤᠨ ᠳᠠᠯᠳᠠ ᠤᠳᠬ᠎ᠠ᠂ ᠲᠣᠪᠴᠢ | ᠣᠨᠢᠰᠤᠭ᠎ᠠ ᠪᠦᠬᠦᠨ ᠢ ᠮᠥᠷᠳᠡᠨ ᠡᠷᠢᠵᠦ︾ ᠴᠥᠯᠪᠡᠨ ᠪᠢᠴᠢᠵᠦ᠂ ᠬᠤᠶᠢᠴᠢ ᠦᠶ᠎ᠡ ᠳᠡᠭᠡᠨ ᠦᠯᠡᠳᠡᠭᠡᠵᠦ ᠴᠢᠳᠠᠭᠰᠠᠨ | ᠮᠥᠩᠬᠡ ᠨᠠᠰᠤᠲᠠᠢ ᠲᠤᠭᠤᠷᠪᠢᠯ ᠤᠨ ᠬᠢᠨᠢ ᠦᠷ᠎ᠡ ᠥᠭᠭᠦᠭᠡᠵᠢ ᠠᠵᠠᠢ᠃ ᠣᠭᠲᠣᠬᠠᠨ ᠴᠦ ᠮᠡᠳᠡᠭᠳᠡᠯ ᠦᠭᠡᠢ ᠪᠠᠷ | ᠣᠷᠣᠰᠢᠨ ᠥᠩᠭᠡᠷᠡᠵᠦ ᠪᠠᠶᠢᠭ᠎ᠠ ᠨᠡᠶᠢᠭᠡᠮ ᠤᠨ ᠠᠰᠤᠷᠤ ᠶᠡᠭᠡ ᠪᠠᠶᠠᠯᠢᠭ ᠪᠣᠯᠣᠭᠰᠠᠨ ᠴᠠᠭ ᠬᠤᠭᠤᠴᠠᠭᠠᠨ ᠤ ᠲᠤᠬᠠᠢ | ︽ᠬᠡᠨ ᠬᠥᠮᠥᠨ ᠨᠠᠷᠠ ᠰᠠᠷᠠᠨ ᠤ ᠥᠩᠭᠡᠷᠡᠬᠦ ᠶᠢ ᠦᠯᠦ ᠬᠠᠶᠢᠷᠠᠯᠠᠮᠤᠢ᠂ ᠬᠡᠨ ᠬᠥᠮᠥᠨ ᠥᠪᠡᠷ ᠤᠨ ᠪᠡᠶ᠎ᠡ ᠶᠢᠨ | ᠤᠴᠠᠷᠠᠯ ᠢ ᠦᠯᠦ ᠬᠠᠶᠢᠷᠠᠯᠠᠮᠤᠢ᠂ ᠲᠡᠶᠢᠮᠦ ᠶᠢᠨ ᠲᠤᠯᠠᠳᠠ ᠬᠥᠮᠥᠨ ᠲᠥᠷᠥᠯᠬᠢᠲᠡᠨ ᠤ ᠴᠠᠭ ᠤᠨ ᠡᠷᠬᠢᠮ ᠢ ᠴᠣᠬᠤᠮ | ᠬᠦ ᠬᠠᠶᠢᠷᠠᠯᠠᠯᠲᠠᠢ ᠁︾ ᠭᠡᠵᠦ ︽ᠬᠥᠳᠡᠭᠡ ᠶᠢᠨ ᠡᠪᠦᠭᠡᠨ ᠤ ᠣᠷᠣᠰᠢᠯ︾ ᠬᠡᠮᠡᠬᠦ ᠰᠢᠭᠦᠮᠵᠢᠯᠡᠯᠲᠦ | ᠲᠡᠮᠳᠡᠭᠯᠡᠯ ᠳᠡᠭᠡᠨ ᠬᠠᠷᠠᠭᠤᠯᠤᠨ ᠪᠢᠴᠢᠵᠦ ᠪᠠᠶᠢᠯ᠎ᠠ᠃ ᠡᠶᠢᠮᠦ ᠠᠴᠠ ᠲᠡᠷᠡ ᠪᠠᠷ ᠨᠣᠮ ᠡᠷᠳᠡᠮ ᠢ ᠪᠦᠲᠦᠭᠡᠬᠦ ᠨᠢᠭᠡᠨ | ᠦᠵᠦᠭᠦᠷᠲᠦ ᠰᠡᠳᠬᠢᠯ ᠤᠨ ᠤᠴᠢᠷ ︽ᠭᠠᠷ ᠢᠶᠠᠨ ᠪᠠᠷᠢᠵᠤ᠂ ᠡᠪᠦᠳᠦᠭ ᠢᠶᠠᠨ ᠲᠡᠪᠡᠷᠢᠵᠦ᠂ ᠬᠡᠪᠡᠯᠢ ᠪᠠᠨ ᠬᠡᠯᠪᠡᠶᠢᠵᠦ᠂ | ᠰᠤᠯᠠ ᠰᠠᠭᠤᠨ ᠵᠢᠷᠭᠠᠵᠤ︾᠂ ︽ᠪᠦᠲᠦᠨ᠎ᠡ ᠭᠡᠷᠡᠯᠲᠦᠭᠦᠯᠦᠨ ᠵᠤᠭᠠᠴᠠᠬᠤ︾ ᠬᠠᠮᠵᠢᠯᠭ᠎ᠠ ᠶᠢᠨ ᠡᠵᠡᠨ ᠤ ᠭᠡᠷ | ᠬᠦᠷᠢᠶᠡᠯᠡᠩ ᠤᠨ ᠤᠵᠢᠳ ᠴᠡᠩᠭᠡᠯ ᠢ ᠡᠷᠲᠡ ᠪᠠᠭ᠎ᠠ ᠠᠴᠠ ᠪᠠᠨ ᠣᠭᠤᠷᠴᠠᠢ᠃ ᠢᠩᠭᠢᠵᠦ ᠬᠥᠨᠳᠡᠶᠢᠷᠡᠬᠦ ᠳᠤ | ᠨᠥᠯᠥᠭᠡᠯᠡᠭᠰᠡᠨ ᠨᠢᠭᠡ ᠵᠦᠢᠯ ᠨᠢ ᠭᠡᠷ ᠪᠦᠯᠢ ᠶᠢᠨ ᠬᠢᠨ ᠤ ᠪᠢᠴᠢᠭ ᠰᠣᠶᠣᠯ ᠤᠨ ᠤᠯᠠᠮᠵᠢᠯᠠᠯ᠂ ᠢᠯᠠᠩᠭᠤᠶ᠎ᠠ ᠢᠷᠠᠭᠤ | ᠨᠠᠶᠢᠷᠠᠭ ᠤᠨ ᠠᠮᠲᠠ ᠰᠢᠮᠲᠡ᠂ ᠵᠣᠬᠢᠶᠠᠬᠤ ᠪᠦᠲᠦᠭᠡᠬᠦ ᠶᠢᠨ ᠪᠠᠶᠠᠷ ᠵᠢᠷᠭᠠᠯ ᠢ ᠡᠷᠲᠡᠨ ᠠᠴᠠ ᠮᠡᠳᠡᠬᠦ ᠪᠣᠯᠣᠭᠰᠠᠨ | ᠶᠠᠪᠤᠳᠠᠯ ᠲᠠᠢ ᠤᠴᠢᠷ ᠬᠤᠯᠪᠣᠭ᠎ᠠ ᠲᠠᠢ ᠠᠵᠠᠢ᠃ ᠡᠴᠢᠭᠡ ᠸᠠᠩᠴᠢᠨᠪᠠᠯ ᠨᠢ ︽ᠬᠥᠬᠡ ᠰᠤᠳᠤᠷ︾ ᠷᠤᠮᠠᠨ ᠤ | ᠡᠬᠢᠨ ᠤ ᠨᠠᠢᠮᠠᠨ ᠪᠦᠯᠦᠭ ᠢ ᠲᠤᠭᠤᠷᠪᠢᠵᠤ᠂ ᠶᠡᠭᠡ ᠠᠬ᠎ᠠ ᠭᠦᠯᠡᠷᠡᠨᠰᠠ ᠨᠢ᠄ | ︽ᠭᠤᠷᠪᠠᠨ ᠢᠮᠠᠬᠤ ᠶᠢᠨ ᠬᠤᠯᠤᠰᠤ ᠶᠢ ᠪᠠᠷᠢᠵᠤ ᠠᠳᠡᠭᠦᠦ ᠲᠠᠰᠢᠶ᠎ᠠ ᠪᠢᠴᠢᠬᠦ ᠮᠢᠨᠢ | ᠭᠤᠲᠤᠯ ᠣᠶᠢᠮᠤᠰᠤ ᠪᠠᠷᠠᠲᠠᠯ᠎ᠠ ᠶᠠᠪᠤᠵᠤ ᠨᠡᠷ᠎ᠡ ᠠᠰᠢᠭ ᠢ ᠬᠥᠭᠡᠭᠡᠬᠦ ᠠᠴᠠ ᠳᠡᠭᠡᠷ᠎ᠡ︾ ᠬᠡᠮᠡᠨ ᠰᠢᠯᠦᠭᠯᠡᠵᠦ᠂ | ᠪᠠᠰᠠ ᠨᠢᠭᠡ ᠠᠬ᠎ᠠ ᠭᠦᠩᠨᠡᠴᠦᠬᠡ ᠨᠢ᠄ ︽ᠪᠠᠭ᠋ᠠᠷᠬᠠᠮᠠ ᠪᠢᠴᠢᠭ ᠢ ᠤᠩᠰᠢᠵᠤ ᠁ ᠪᠠᠶᠢᠳᠠᠭ ᠴᠢᠯᠦᠭᠡ ᠳᠤᠷ | ᠰᠢᠯᠦᠭ ᠳᠠᠭᠤᠯᠠᠯ ᠵᠣᠬᠢᠶᠠᠬᠤ︾ ᠶᠢᠨ ᠡᠷᠬᠢᠮ ᠰᠠᠶᠢᠬᠠᠨ ᠢᠳᠡ ᠬᠠᠪᠤ ᠶᠢ ᠥᠭᠦᠯᠡᠵᠦ᠂ ᠨᠥᠭᠦᠭᠡ ᠨᠢᠭᠡ ᠠᠬ᠎ᠠ | ᠰᠤᠩᠸᠠᠶᠢᠳᠠᠨᠵᠤᠩ ᠨᠢ᠄ ︽ᠨᠠᠶᠢᠷᠠᠮᠳᠠᠬᠤ ᠨᠥᠬᠦᠳ ᠪᠢᠲᠡᠭᠦᠯᠢᠭ ᠰᠢᠯᠦᠭ ᠲᠤᠷ ᠪᠦᠭᠦᠳᠡ ᠶᠡᠬᠡᠳᠡ ᠪᠠᠶᠠᠷᠯᠠᠭᠰᠠᠨ︾ | ᠢᠶᠠᠨ ᠬᠥᠭᠡᠭᠡᠨ ᠳᠤᠷᠠᠰᠴᠤ ᠪᠠᠶᠢᠭᠰᠠᠨ ᠵᠡᠷᠭᠡ ᠨᠢ ᠨᠣᠮ ᠡᠷᠳᠡᠮ ᠤᠨ ᠵᠦᠭ ᠨᠢᠳᠦ ᠪᠠᠨ ᠨᠡᠭᠡᠭᠡᠵᠦ᠂ ᠴᠢᠬᠢ ᠳᠡᠭᠡᠨ | ᠲᠠᠯᠪᠢᠵᠤ ᠪᠠᠶᠢᠭᠰᠠᠨ ᠳᠡᠭᠦᠦ ᠢᠨᠵᠠᠨᠨᠠᠰᠢ ᠶᠢᠨ ᠠᠯᠤᠰ ᠬᠡᠲᠦ ᠶᠢᠨ ᠰᠤᠷᠤᠯᠭ᠎ᠠ ᠪᠣᠯᠪᠠᠰᠤᠷᠠᠯ ᠳᠤ ᠨᠥᠯᠥᠭᠡᠯᠡᠬᠦ ᠦᠭᠡᠢ | ᠪᠠᠶᠢᠵᠤ ᠴᠢᠳᠠᠭᠰᠠᠨ ᠦᠭᠡᠢ᠃ ᠡᠨᠡ ᠪᠦᠬᠦ ᠡᠭᠦᠳᠦᠯ ᠬᠡᠷᠡᠭ ᠤᠨ ᠤᠯᠪᠠᠭ᠎ᠠ ᠦᠨᠳᠦᠰᠦ ᠲᠠᠢ ᠪᠠᠷ ᠬᠠᠮᠲᠤᠷᠠᠵᠤ᠂ | ᠰᠤᠷᠴᠤ ᠰᠤᠳᠤᠯᠵᠤ ᠪᠢᠴᠢᠵᠦ ᠲᠤᠭᠤᠷᠪᠢᠵᠤ ᠬᠠᠷᠢᠯᠴᠠᠨ ᠰᠢᠭᠦᠮᠴᠢᠯᠡᠯᠴᠡᠵᠦ᠂ ᠮᠠᠷᠭᠤᠨ ᠲᠡᠮᠡᠴᠡᠯᠳᠦᠵᠦ ᠪᠠᠶᠢᠭᠰᠠᠨ | ᠲᠤᠬᠠᠢ ᠪᠠᠨ ᠢᠨᠵᠠᠨᠨᠠᠰᠢ ᠪᠢᠴᠢᠬᠦ ᠳᠡᠭᠡᠨ᠄ | ︽ᠠᠬ᠎ᠠ ᠳᠡᠭᠦᠦ ᠬᠠᠪᠤᠷ ᠤᠨ ᠦᠵᠡᠮᠵᠢ ᠨᠠᠮᠤᠷ ᠤᠨ ᠲᠤᠩᠭᠠᠯᠠᠭ ᠲᠤᠷ ᠬᠠᠮᠲᠤ ᠴᠤᠭᠯᠠᠷᠠᠪᠠᠰᠤ | ᠠᠮᠲᠠᠲᠠᠶᠠ ᠰᠢᠯᠦᠭᠯᠡᠨ ᠬᠠᠪᠤᠲᠠᠶᠠ ᠰᠢᠭᠦᠮᠵᠢᠯᠡᠵᠦ ᠪᠠᠶᠠᠰᠤᠨ ᠢᠨᠢᠶᠡᠨ ᠪᠠᠷᠠᠰᠢ ᠦᠭᠡᠢ ᠪᠦᠯᠦᠭᠡ᠃ | ᠠᠭᠤᠵᠢᠮ ᠵᠤᠨ᠂ ᠡᠪᠦᠯ ᠤᠨ ᠰᠥᠨᠢ ᠳᠤᠯᠠᠭᠠᠨ ᠪᠦᠷᠭᠡ ᠳᠤ ᠬᠠᠮᠲᠤ ᠴᠤᠭᠯᠠᠯᠳᠤᠨ | ᠠᠯᠠᠭ᠎ᠠ ᠪᠠᠨ ᠲᠠᠰᠢᠨ ᠰᠢᠷᠡᠭᠡ ᠶᠢ ᠴᠣᠬᠢᠵᠤ ᠡᠷᠲᠡ ᠡᠳᠦᠭᠡ ᠶᠢ ᠨᠡᠬᠡᠮᠵᠢᠯᠡᠨ ᠬᠡᠯᠡᠯᠴᠡᠳᠡᠭ ᠪᠦᠯᠦᠭᠡ︾ ᠭᠡᠵᠡᠢ᠃ | ᠢᠩᠭᠢᠵᠦ ᠭᠡᠷ ᠪᠦᠯᠢ ᠶᠢᠨ ᠳᠣᠲᠣᠷᠠᠬᠢ ᠬᠥᠮᠥᠰ ᠤᠨ ᠰᠢᠯᠦᠭ ᠵᠣᠬᠢᠶᠠᠯ ᠲᠤᠭᠤᠷᠪᠢᠵᠤ ᠲᠡᠦᠬᠡ ᠱᠠᠰᠲᠢᠷ | ᠣᠷᠴᠢᠭᠤᠯᠵᠤ᠂ ᠢᠷᠠᠭᠤ ᠨᠠᠶᠢᠷᠠᠭ ᠤᠨ ᠣᠨᠣᠯ ᠪᠣᠳᠣᠷᠣᠣᠯ ᠶᠠᠷᠢᠯᠴᠠᠵᠤ᠂ ᠤᠷᠠᠨ ᠵᠢᠷᠤᠭ ᠣᠷᠣᠯᠳᠤᠵᠤ ᠪᠠᠶᠢᠭᠰᠠᠨ | ᠵᠡᠷᠭᠡ ᠨᠢ ᠶᠠᠭᠤᠨ ᠤ ᠡᠮᠦᠨ᠎ᠡ ᠢᠨᠵᠠᠨᠨᠠᠰᠢ ᠶᠢᠨ ᠪᠠᠭ᠎ᠠ ᠠᠬᠤᠢ ᠴᠠᠭ ᠠᠴᠠ ᠤᠷᠠᠯᠢᠭ ᠤᠷᠠᠨ ᠰᠠᠶᠢᠬᠠᠨ ᠪᠣᠯᠣᠨ | ᠭᠤᠸ᠎ᠠ ᠵᠦᠢ ᠰᠡᠷᠡᠯ ᠰᠡᠳᠬᠢᠯᠭᠡ ᠬᠥᠭᠵᠢᠨ ᠲᠥᠯᠥᠪᠰᠢᠬᠦ ᠳᠤ ᠴᠢᠬᠤᠯᠠ ᠨᠥᠯᠥᠭᠡ ᠦᠵᠡᠭᠦᠯᠦᠭᠰᠡᠨ ᠪᠠᠶᠢᠨ᠎ᠠ᠃ | ᠨᠥᠭᠦᠭᠡ ᠲᠠᠯ᠎ᠠ ᠪᠠᠷ ᠢᠨᠵᠠᠨᠨᠠᠰᠢ ᠶᠢᠨ ᠨᠡᠶᠢᠭᠡᠮ ᠤᠯᠤᠰ ᠲᠥᠷᠥ᠂ ᠭᠦᠨ ᠤᠬᠠᠭᠠᠨ᠂ ᠶᠣᠰᠣ ᠰᠤᠷᠲᠠᠬᠤᠨ ᠤ ᠦᠵᠡᠯ | ᠪᠣᠳᠣᠯ ᠪᠦᠷᠢᠯᠳᠦᠨ ᠲᠣᠭᠲᠠᠬᠤ ᠳᠤ ᠲᠤᠬᠠᠢ ᠶᠢᠨ ᠨᠡᠶᠢᠭᠡᠮ᠂ ᠴᠠᠭ ᠦᠶ᠎ᠡ ᠶᠢᠨ ᠶᠡᠭᠡ ᠳᠠᠪᠠᠯᠭᠠᠨ᠂ ᠬᠥᠮᠥᠨ | ᠣᠯᠠᠨ ᠤ ᠠᠮᠢᠳᠤᠷᠠᠯ ᠤᠨ ᠪᠣᠳᠠᠲᠤ ᠪᠠᠶᠢᠳᠠᠯ ᠭᠦᠨ ᠭᠦᠨᠵᠡᠭᠡᠢ ᠤᠴᠢᠷ ᠬᠤᠯᠪᠣᠭᠳᠠᠯ ᠦᠵᠡᠭᠦᠯᠵᠡᠢ᠃ | ᠢᠨᠵᠠᠨᠨᠠᠰᠢ ᠶᠢᠨ ᠲᠥᠷᠥᠵᠦ ᠥᠰᠦᠭᠰᠡᠨ ᠲᠦᠮᠡᠳ ᠪᠠᠷᠠᠭᠤᠨ ᠬᠤᠰᠢᠭᠤ ᠨᠢ ᠬᠢᠲᠠᠳ ᠲᠠᠢ ᠬᠢᠯᠢ ᠨᠡᠶᠢᠯᠡᠬᠦ | ᠬᠠᠮᠤᠭ ᠤᠨ ᠤᠷᠳᠤ ᠵᠠᠬ᠎ᠠ ᠶᠢᠨ ᠨᠤᠲᠤᠭ ᠪᠠᠶᠢᠭᠰᠠᠨ ᠤ ᠡᠷᠬᠡ ᠪᠠᠷ ᠭᠠᠵᠠᠷ ᠭᠤᠶᠤᠬᠤ ᠨᠡᠷᠡᠶᠢᠳᠦᠯ ᠢᠶᠠᠷ ᠬᠢᠲᠠᠳ | ᠢᠷᠭᠡᠳ ᠰᠤᠯᠠ ᠴᠢᠯᠦᠭᠡᠲᠡᠢ ᠨᠡᠭᠦᠳᠡᠯᠯᠡᠨ ᠢᠷᠠᠵᠤ᠂ ᠬᠤᠰᠢᠭᠤᠨ ᠤ ᠮᠣᠩᠭᠤᠯᠴᠤᠳ ᠲᠠᠢ ᠬᠤᠯᠢᠯᠳᠤᠨ | ᠰᠠᠭᠤᠷᠢᠰᠢᠬᠤ ᠶᠠᠪᠤᠴᠠ ᠳᠤ ᠬᠢᠲᠠᠳ ᠠᠬᠤᠢ᠂ ᠵᠠᠩ ᠵᠠᠩᠰᠢᠯ ᠲᠦᠷᠢᠯᠭᠡᠨ ᠢᠷᠡᠬᠦ ᠮᠠᠭᠤ ᠴᠠᠭ ᠤᠨ ᠬᠤᠰᠢᠭᠤ | ᠬᠤᠩᠰᠢᠶᠠᠷ ᠬᠠᠶᠠ ᠰᠡᠵᠢᠭᠦᠷ ᠢᠶᠠᠷ ᠴᠣᠬᠤᠶᠢᠵᠤ᠂ ᠮᠠᠨᠵᠤ ᠴᠢᠩ ᠤᠯᠤᠰ ᠤᠨ ᠡᠰᠡᠷᠭᠦ ᠭᠠᠳᠠᠨ᠎ᠠ ᠠᠴᠠ ᠤᠤᠯᠭᠠᠯᠠᠨ | ᠳᠣᠪᠲᠣᠯᠬᠤ ︽ᠢᠨᠵᠠᠷ ᠬᠤᠯᠠᠭᠠᠢ ᠶᠢᠨ ︵ᠠᠩᠭ᠍ᠯᠢ ᠶᠢᠨ ᠳᠠᠯᠠᠢ ᠶᠢᠨ ᠴᠡᠷᠢᠭ︶ ᠬᠡᠷᠡᠭ ᠲᠤᠷ ᠰᠦᠪᠡ ᠠᠮᠠ ᠶᠢ | ᠬᠠᠮᠠᠭᠠᠯᠠᠨ ᠰᠠᠬᠢᠬᠤ︾ ᠶᠢᠨ ᠲᠤᠯᠠᠳᠠ ᠮᠣᠩᠭᠤᠯᠴᠤᠳ ᠲᠤ ᠴᠡᠷᠢᠭ ᠮᠣᠷᠢ ᠲᠤᠰᠠᠯᠠᠬᠤ ᠬᠦᠨᠳᠦ ᠬᠦᠴᠢᠷ ᠠᠯᠪᠠ ᠶᠢ | ᠲᠤᠯᠭᠠᠬᠤ᠂ ᠰᠢᠬᠠᠬᠤ ᠶᠠᠪᠤᠳᠠᠯ ᠰᠢᠷᠦᠭᠦᠰᠴᠦ᠂ ᠳᠠᠶᠢᠴᠢᠩ ᠤᠯᠤᠰ ᠤᠨ ᠲᠤᠯᠭᠤᠷ ᠲᠥᠷᠥ ᠶᠢ ᠨᠡᠭᠡᠭᠡᠬᠦ ᠦᠶ᠎ᠡ | ᠴᠡᠷᠢᠭ ᠲᠤ ᠵᠢᠳᠬᠦᠵᠦ᠂ ᠭᠠᠪᠢᠶ᠎ᠠ ᠪᠠᠶᠢᠭᠤᠯᠤᠭᠰᠠᠨ ᠭᠡᠭᠲᠡᠬᠦ ︽ᠬᠠᠭᠠᠨ ᠤ ᠬᠠᠳᠠᠮ᠂ ᠤᠯᠤᠰ ᠤᠨ ᠨᠠᠭᠠᠴᠤ᠂ | ᠡᠵᠡᠨ ᠤ ᠤᠷᠤᠭ᠂ ᠴᠡᠷᠢᠭ ᠤᠨ ᠭᠠᠪᠢᠶᠠᠲᠠᠨ᠂ ᠡᠰᠡᠬᠦᠯ᠎ᠡ ᠸᠠᠩ ᠤᠨ ᠠᠴᠢ᠂ ᠬᠦᠩ ᠤᠨ ᠬᠥᠪᠡᠭᠦᠨ︾ ᠳᠤ ᠪᠠᠷᠢᠬᠤ | ᠠᠯᠪᠠ ᠬᠠᠭ᠋ᠤᠤᠯᠢ᠂ ᠬᠡᠮᠵᠢᠶ᠎ᠡ ᠬᠢᠷᠢ ᠠᠴᠠ ᠬᠡᠲᠦᠷᠡᠵᠦ᠂ ᠡᠭᠦᠨ ᠢ ᠮᠠᠨᠵᠤ ᠴᠢᠩ ᠤᠯᠤᠰ ᠤᠨ ᠨᠣᠶᠠᠷᠬᠠᠭᠴᠢᠳ ᠠᠴᠠ | ᠲᠡᠳᠡᠭᠡᠷ ᠢ ︽ᠸᠠᠩ᠂ ᠪᠡᠶᠢᠯᠡ᠂ ᠪᠡᠶᠢᠰᠡ᠂ ᠬᠦᠩ ᠡᠷᠭᠦᠮᠵᠢᠯᠡᠨ ᠬᠤᠭᠤᠰᠤᠨ ᠶᠡᠭᠡ ᠨᠡᠷ᠎ᠡ ᠡᠷᠭᠦᠭᠡᠳ᠂ ᠮᠥᠩᠭᠦ | ᠲᠣᠷᠭ᠎ᠠ ᠪᠠᠷ ᠬᠤᠪᠳᠣᠭᠯᠠᠭᠤᠯᠤᠨ ᠵᠠᠷᠤᠴᠠᠯᠠᠵᠤ︾ ᠪᠠᠶᠢᠭᠰᠠᠨ ᠤ ᠲᠡᠷᠡ ᠶᠡᠭᠡ ᠲᠥᠯᠥᠭᠡᠰᠦ ᠶᠢ ᠡᠰᠡᠷᠭᠦᠴᠡᠭᠰᠡᠨ | ᠳᠣᠣᠷᠠᠲᠤ ᠠᠷᠠᠳ ᠤᠨ ᠬᠥᠳᠡᠯᠭᠡᠭᠡᠨ᠂ ᠳᠣᠲᠣᠭᠠᠳᠤ ᠬᠢᠮᠤᠷᠠᠯ ᠲᠡᠮᠡᠴᠡᠯ ᠬᠦᠴᠦᠲᠡᠢ ᠥᠷᠨᠢᠵᠦ ᠪᠠᠶᠢᠪᠠ᠃ ᠡᠨᠡ | ᠪᠦᠬᠦᠨ ᠪᠣᠯ ᠢᠨᠵᠠᠨᠨᠠᠰᠢ ᠶᠢᠨ ᠦᠨᠳᠦᠰᠦᠲᠡᠨ ᠤ ᠤᠬᠠᠮᠰᠠᠷ ᠢ ᠰᠡᠷᠭᠦᠭᠡᠵᠦ᠂ ᠦᠵᠡᠯ ᠰᠤᠷᠲᠠᠯ ᠤᠨ ᠲᠠᠯᠠᠪᠤᠷ ᠲᠤ | ᠳᠠᠪᠰᠢᠯ ᠭᠡᠭᠡᠷᠡᠭᠦᠯᠦᠭᠴᠢᠳ ᠤᠨ ᠳᠠᠭᠤ ᠬᠤᠭᠤᠯᠠᠢ ᠶᠢ ᠨᠢ ᠬᠦᠴᠦᠲᠡᠢ ᠴᠤᠤᠷᠢᠶᠠᠳᠠᠭᠤᠯᠤᠭᠰᠠᠨ ᠶᠤᠮ᠃ ︽ | ᠢᠨᠵᠠᠨᠨᠠᠰᠢ ᠮᠣᠩᠭᠤᠯ ᠦᠨᠳᠦᠰᠦᠲᠡᠨ ᠤ ᠬᠤᠴᠣᠷᠤᠭᠳᠠᠨ ᠳᠣᠷᠣᠶᠢᠲᠠᠭᠰᠠᠨ ᠤ ᠭᠤᠣᠯ ᠰᠢᠯᠲᠠᠭᠠᠨ ᠢ ᠨᠢᠭᠡ | ᠲᠠᠯ᠎ᠠ ᠠᠴᠠ ᠮᠠᠨᠵᠤ ᠴᠢᠩ ᠤᠯᠤᠰ ᠤᠨ ᠬᠠᠷᠭᠢᠰ ᠪᠣᠳᠣᠯᠭ᠎ᠠ ᠶᠢᠨ ᠤᠷᠰᠢᠭ᠂ ᠨᠥᠭᠦᠭᠡ ᠲᠠᠯ᠎ᠠ ᠠᠴᠠ ᠮᠣᠩᠭᠤᠯ ᠤᠨ | ᠹᠸᠣᠳᠠᠯ ᠤᠳ ᠤᠨ ᠲᠡᠨᠡᠭ ᠮᠤᠩᠬᠠᠭ᠂ ᠰᠤᠯᠠ ᠳᠣᠷᠣᠢ ᠶᠢᠨ ᠰᠢᠨᠵᠢ ᠲᠡᠮᠳᠡᠭ ᠮᠥᠨ ᠭᠡᠵᠦ ᠦᠵᠡᠵᠦ︾ ᠲᠤᠬᠠᠢ ᠶᠢᠨ | ᠨᠡᠶᠢᠭᠡᠮ ᠤᠨ ᠳᠣᠲᠣᠷᠠᠬᠢ ᠬᠠᠷ᠎ᠠ᠂ ᠰᠢᠷ᠎ᠠ ᠣᠯᠠᠨ ᠤ ᠭᠡᠮᠲᠦ ᠴᠠᠯᠠᠭᠠᠢ ᠶᠠᠪᠤᠳᠠᠯ ᠢ ᠵᠠᠰᠠᠨ ᠰᠢᠨᠡᠳᠬᠡᠭᠴᠢᠳ ᠤᠨ | ᠦᠵᠡᠯ ᠪᠣᠳᠣᠯ ᠤᠨ ᠡᠭᠦᠳᠡᠨ ᠠᠴᠠ ᠠᠭᠤᠳᠠᠯᠤᠨ ᠰᠢᠭᠦᠮᠵᠢᠯᠡᠭᠰᠡᠨ ᠶᠤᠮ᠃ ︽᠁ ᠨᠢᠭᠡᠨ ᠵᠦᠢᠯ ᠤᠨ ᠠᠮᠢᠲᠠᠢ | ᠶᠠᠭᠤᠮ᠎ᠠ᠂ ᠲᠡᠷᠡ ᠶᠠᠭᠤᠮ᠎ᠠ ᠪᠢᠴᠢᠭ ᠬᠡᠮᠡᠪᠡᠰᠦ ᠪᠢᠴᠢᠭ ᠦᠵᠡᠭᠰᠡᠨ ᠦᠭᠡᠢ᠂ ᠴᠡᠷᠢᠭ ᠬᠡᠮᠡᠪᠡᠰᠦ ᠴᠡᠷᠢᠭ ᠰᠤᠷᠤᠭᠰᠠᠨ | ᠦᠭᠡᠢ ᠁ ᠡᠳᠡᠭᠡᠷ ᠵᠡᠷᠭᠡ ᠶᠢᠨ ᠠᠷᠠᠳ᠂ ᠲᠣᠯᠣᠭᠠᠢ ᠳᠤᠷ ᠡᠯᠳᠡᠪ ᠵᠦᠢᠯ ᠤᠨ ᠡᠷᠳᠡᠨᠢ ᠴᠢᠯᠠᠭᠤᠨ ᠤ ᠣᠷᠣᠢ | ᠵᠡᠭᠦᠵᠦ᠂ ᠮᠠᠯᠠᠭᠠᠢ ᠳᠤᠷ ᠲᠠᠪᠤᠨ ᠥᠩᠭᠡ ᠶᠢᠨ ᠲᠣᠭᠤᠰ ᠤᠨ ᠣᠲᠤᠭ᠎ᠠ ᠬᠠᠳᠠᠭᠠᠳ᠂ ᠪᠡᠶ᠎ᠡ ᠳᠤᠷ ᠯᠤᠤᠲᠤ ᠮᠠᠩᠨᠤᠭ | ᠬᠤᠪᠴᠠᠳ ᠡᠮᠦᠰᠴᠦ᠂ ᠪᠡᠯᠬᠡᠭᠦᠰᠦᠨ ᠳᠤᠷ ᠴᠠᠭᠠᠨ ᠬᠠᠰ ᠤᠨ ᠪᠥᠰ ᠪᠦᠰᠡᠯᠡᠵᠦ᠂ ᠬᠦᠵᠦᠭᠦᠨ ᠳᠤᠷ ᠣᠭ᠍ᠶᠤ | ᠱᠢᠷᠦ ᠶᠢᠨ ᠡᠷᠢᠬᠡ ᠬᠦᠵᠦᠪᠴᠢᠯᠡᠨ᠂ ᠮᠥᠷᠥ ᠳᠤᠷ ᠪᠤᠯᠠᠭ᠎ᠠ ᠦᠨᠡᠭᠡ ᠶᠢᠨ ᠳᠠᠬᠤ ᠶᠢ ᠨᠥᠮᠥᠷᠦᠨ᠂ ᠠᠷᠤ | ᠥᠪᠥᠷ ᠲᠡᠭᠡᠨ ᠡᠯᠳᠡᠪ ᠵᠦᠢᠯ ᠤᠨ ᠦᠨ᠎ᠡ ᠲᠠᠢ ᠡᠷᠳᠡᠨᠢ ᠴᠢᠯᠠᠭᠤ ᠭᠠᠨᠵᠤᠭᠠᠯᠠᠭᠠᠳ᠂ ᠭᠠᠷ ᠬᠥᠯ ᠳᠡᠭᠡᠨ ᠭᠡᠷᠡᠯᠲᠡᠢ | ᠰᠣᠨᠢᠨ ᠠᠯᠲᠠᠨ ᠰᠤᠪᠤᠳ ᠢ ᠡᠳ᠋ᠯᠡᠭᠡᠳ᠂ ᠭᠠᠷᠪᠠᠰᠤ ᠬᠡᠭᠡᠨᠴᠢᠷ ᠵᠠᠷᠤᠴᠠ ᠥᠩᠭᠡᠲᠦ ᠳᠠᠭᠠᠭᠰᠠᠳ ᠬᠡᠳᠦᠨ ᠵᠠᠭᠤ ᠪᠠᠷ | ᠡᠷᠳᠡᠨᠢ ᠶᠢᠨ ᠰᠡᠦᠬᠡ᠂ ᠨᠢᠰᠬᠦ ᠲᠡᠷᠭᠡ ᠶᠢ ᠬᠠᠮᠵᠢᠨ ᠳᠠᠭᠠᠵᠤ᠂ ᠵᠠᠮ ᠵᠡᠭᠡᠯᠢ ᠳᠤ ᠲᠦᠢᠪᠡᠭᠡᠨ ᠦᠢᠮᠡᠭᠦᠯᠵᠦ᠂ | ᠣᠷᠣᠪᠠᠰᠤ ᠭᠤᠸ᠎ᠠ ᠰᠢᠪᠡᠭᠴᠢᠨ᠂ ᠦᠵᠡᠰᠬᠦᠯᠡᠩ ᠲᠠᠲᠠᠪᠤᠷᠢ ᠬᠡᠳᠦᠨ ᠠᠷᠪᠠ ᠪᠠᠷ ᠮᠠᠩᠨᠤᠭ ᠬᠥᠰᠢᠭᠡ᠂ ᠵᠠᠭᠠᠷ ᠤᠨ | ᠬᠥᠨᠵᠢᠯᠡ ᠳᠤ ᠣᠪᠣᠭᠠᠯᠠᠨ ᠲᠣᠪᠣᠶᠢᠯᠠᠵᠤ᠂ ᠰᠠᠭᠤᠬᠤ ᠨᠢ ᠰᠤᠳᠠᠷᠠᠰᠤᠨ ᠪᠠᠯᠭᠠᠰᠤᠨ ᠣᠷᠳᠣ ᠬᠠᠷᠰᠢ᠂ ᠬᠡᠪᠲᠡᠬᠦ ᠨᠢ | ᠰᠦᠺᠠᠸᠠᠳᠢ ᠶᠢᠨ ᠣᠷᠣᠨ ᠤ ᠯᠢᠩᠬᠤ᠎ᠠ ᠨᠠᠭᠤᠷ᠂ ᠢᠳᠡᠪᠡᠰᠦ ᠳᠣᠯᠣᠭᠠᠨ ᠠᠮᠲᠠᠲᠤ ᠶᠢᠨ ᠡᠷᠬᠢᠮ ᠢᠳᠡᠭᠡ᠂ ᠤᠮᠳᠠᠪᠠᠰᠤ | ᠠᠷᠪᠠᠨ ᠬᠠᠷ᠎ᠠ ᠶᠢᠨ ᠤᠵᠢᠳ ᠤᠨ ᠴᠡᠩᠭᠡᠯ᠂ ᠠᠪᠴᠤ ᠦᠵᠡᠪᠡᠰᠦ ᠬᠤᠪᠢᠯᠭᠠᠨ ᠰᠠᠬᠢᠭᠤᠯᠰᠤᠨ ᠤ ᠮᠡᠲᠦ ᠥᠩᠭᠡ | ᠭᠡᠷᠡᠯ ᠲᠠᠢ᠂ ᠠᠮᠲᠠ ᠶᠢ ᠬᠡᠯᠡᠯᠴᠡᠪᠡᠰᠦ ᠠᠯᠪᠢᠨ ᠴᠢᠳᠬᠦᠷ ᠤᠨ ᠠᠮᠢᠰᠬᠤᠯ ᠯᠤᠭ᠎ᠠ ᠠᠳᠠᠯᠢ ᠪᠠᠭᠰᠢᠮᠠ ᠦᠮᠡᠬᠡᠢ᠂ | ᠡᠶᠢᠮᠦ ᠨᠢᠭᠡᠨ ᠵᠦᠢᠯ ᠤᠨ ᠠᠮᠢᠲᠠᠢ ᠶᠠᠭᠤᠮ᠎ᠠ ᠪᠣᠢ ᠠᠮᠤᠢ︾ ︵︽ᠬᠥᠬᠡ ᠰᠤᠳᠤᠷ︾ ᠶᠢᠨ ᠲᠡᠷᠢᠭᠦᠨ ᠳᠡᠪᠲᠡᠷ᠂ 26 | — 27︶ ᠭᠡᠵᠦ ᠡᠩ ᠲᠡᠷᠢᠭᠦᠨ᠎ᠡ ᠬᠠᠷ᠎ᠠ ᠶᠢᠨ ᠪᠤᠶᠤ ᠲᠥᠷᠥ ᠶᠢᠨ ᠲᠠᠯ᠎ᠠ ᠶᠢᠨ ᠸᠠᠩ᠂ ᠪᠡᠶᠢᠯᠡ᠂ ᠬᠦᠩ ᠵᠠᠰᠠᠭ᠂ | ᠲᠤᠯᠭᠠᠭᠤᠷ᠂ ᠲᠡᠳᠬᠦᠪᠦᠷᠢ ᠵᠡᠷᠭᠡ ᠶᠢᠨ ᠲᠠᠶᠢᠵᠢ᠂ ᠲᠠᠪᠤᠨᠠᠩ ᠤᠳ ᠢ ᠣᠷᠣᠯᠴᠠᠭᠤᠯᠤᠨ ᠤᠯᠤᠰ ᠢ ᠬᠤᠭᠤᠰᠤᠯᠠᠵᠤ᠂ | ᠲᠥᠷᠥ ᠶᠢ ᠮᠥᠯᠵᠢᠵᠦ᠂ ᠭᠡᠳᠡᠰᠦ ᠴᠠᠳᠬᠤᠯᠠᠩ ᠰᠠᠨᠠᠭ᠎ᠠ ᠠᠮᠤᠭᠤᠯᠠᠩ ᠰᠠᠭᠤᠵᠤ ᠪᠠᠶᠢᠭ᠎ᠠ ᠶᠢ ᠬᠤᠷᠴᠠ | ᠰᠢᠭᠦᠮᠵᠢᠯᠡᠭᠰᠡᠨ ᠠᠬᠤᠯ᠎ᠠ ᠰᠢᠷ᠎ᠠ ᠶᠢᠨ ᠪᠤᠶᠤ ᠱᠠᠰᠢᠨ ᠨᠣᠮ ᠤᠨ ᠦᠢᠯᠡᠴᠢᠨ ᠨᠦᠭᠦᠳ ᠲᠤ ᠬᠠᠨᠳᠤᠵᠤ᠄ ︽ᠡᠳᠦᠭᠡ | ᠦᠵᠡᠬᠦᠯ᠎ᠡ᠂ ᠮᠣᠩᠭᠤᠯ ᠲᠣᠭᠠᠲᠠᠨ ᠰᠢᠷ᠎ᠠ ᠶᠢᠨ ᠱᠠᠰᠢᠨ ᠳᠤ ᠣᠷᠣᠵᠤ᠂ ᠮᠥᠩᠬᠡ ᠪᠤᠰᠤ ᠬᠤᠭᠤᠭᠰᠠᠨ ᠴᠢᠨᠠᠷ ᠤᠨ | ᠴᠢᠨᠠᠲᠤ ᠶᠢᠨ ᠲᠠᠪᠤᠨ ᠪᠣᠳᠢ ᠳᠤ ᠮᠡᠷᠭᠡᠰᠢᠶᠡᠵᠤ ᠦᠵᠦᠭᠦᠷ ᠬᠢᠵᠠᠭᠠᠷ᠂ ᠭᠡᠷᠡᠴᠢ ᠪᠠᠷᠢᠮᠲᠠ ᠦᠭᠡᠢ ᠬᠤᠭᠤᠭᠰᠠᠨ | ᠶᠣᠰᠣ ᠶᠢ ᠪᠤᠯᠢᠶᠠᠯᠳᠤᠵᠤ᠂ ᠲᠦᠮᠡᠨ ᠭᠠᠵᠠᠷ ᠤᠨ ᠬᠤᠯᠠ ᠪᠠᠷᠠᠭᠤᠨ ᠵᠤᠤ ᠶᠢᠨ ᠭᠠᠵᠠᠷ᠂ ᠵᠠᠭᠤᠨ ᠵᠦᠢᠯ ᠢᠶᠠᠷ ᠵᠣᠪᠠᠨ | ᠵᠦᠳᠡᠵᠦ᠂ ᠮᠠᠴᠤᠨ ᠬᠦᠷᠴᠦ ᠁ ᠲᠡᠷᠡ ᠨᠢᠭᠡᠨ ᡀᠠᠷᠠᠮᠪᠠ ᠳᠣᠷᠣᠮᠪᠠ ᠶᠢᠨ ᠬᠡᠷᠡᠭ ᠦᠭᠡᠢ ᠬᠡᠶᠢᠳᠡᠮ ᠴᠣᠯᠠ ᠳᠤ | ᠳᠤᠷᠠᠯᠠᠵᠤ ᠁︾ ︵︽ᠬᠥᠬᠡ ᠰᠤᠳᠤᠷ︾ ᠶᠢᠨ ᠲᠡᠷᠢᠭᠦᠨ ᠳᠡᠪᠲᠡᠷ᠂ ᠬᠠᠭᠤᠳᠠᠰᠤ 24︶ ᠲᠡᠭᠦᠨ ᠢ ᠠᠪᠴᠤ | ᠢᠷᠡᠳᠡᠭ ᠪᠠᠶᠢᠭᠰᠠᠨ ᠲᠤᠬᠠᠢ ᠳᠤᠷᠠᠳᠴᠠᠢ᠃ ᠮᠥᠨ ︽ᠨᠣᠮᠴᠢ ᠶᠢᠨ ᠬᠠᠭᠤᠷᠮᠠᠭ︾ ᠬᠡᠮᠡᠬᠦ ᠰᠢᠭᠦᠮᠵᠢᠯᠡᠯᠲᠦ | ᠥᠭᠦᠯᠡᠯ ᠳᠡᠭᠡᠨ᠄ ︽ᠣᠭᠲᠣᠬᠠᠨ ᠴᠦ ᠨᠣᠮ ᠦᠭᠡᠢ ᠬᠤᠸᠠᠷᠠᠭ ᠪᠦᠬᠡᠲᠡᠯᠡ ᠁ ᠮᠠᠰᠢᠳᠠ ᠨᠣᠮ ᠮᠡᠳᠡᠬᠦ | ᠯᠠᠮᠠ ᠶᠢᠨ ᠳᠦᠷᠢᠮ ᠢᠶᠠᠷ ᠬᠠᠭᠤᠷᠮᠠᠭᠯᠠᠨ ᠠᠪᠤᠷᠢᠯᠠᠵᠤ ᠡᠮᠦᠨ᠎ᠡ ᠪᠠᠨ ᠠᠭᠤᠯᠠ ᠶᠢᠨ ᠲᠡᠳᠦᠢ ᠨᠣᠮ ᠢ ᠣᠪᠣᠭᠠᠯᠠᠵᠤ | ᠲᠠᠯᠪᠢᠭᠠᠳ᠂ ᠪᠢᠴᠢᠭ ᠦᠵᠡᠬᠦ ᠱᠠᠪᠢ ᠨᠠᠷ ᠢ ᠵᠠᠩᠳᠤᠨ ᠴᠡᠭᠡᠷᠯᠡᠭᠦᠯᠬᠦ ᠁ ᠡᠨᠡ ᠨᠢᠭᠡᠨ ᠠᠯᠳᠠᠰ ᠤᠨ ᠭᠡᠮ | ᠡᠪᠡᠳᠴᠢᠨ ᠮᠠᠰᠢᠳᠠ ᠭᠦᠨ᠂ ᠮᠠᠰᠢᠳᠠ ᠬᠦᠨᠳᠦ ᠪᠤᠯᠠᠢ︾ ᠭᠡᠳ ᠲᠡᠳᠡᠨ ᠢ᠄ ︽ᠨᠣᠮ ᠤᠨ ᠭᠠᠳᠠᠭᠠᠳᠤ ᠳᠦᠷᠰᠦ | ᠪᠠᠶᠢᠪᠠᠴᠤ᠂ ᠨᠣᠮ ᠤᠨ ᠳᠣᠲᠣᠭᠠᠳᠤ ᠣᠨᠣᠯ ᠁ ᠣᠭᠲᠣ ᠣᠯᠵᠤ ᠵᠣᠯᠭᠠᠭᠰᠠᠨ︾ ᠶᠢ ᠪᠠᠭᠠᠯᠠᠨ ᠰᠢᠭᠦᠮᠵᠢᠯᠡᠵᠡᠢ᠃ | | ᠡᠶᠢᠨ ᠬᠦ ᠢᠨᠵᠠᠨᠨᠠᠰᠢ ᠪᠣᠯ ᠲᠤᠬᠠᠢ ᠶᠢᠨ ᠦᠶ᠎ᠡ ᠶᠢᠨ ᠮᠣᠩᠭᠤᠯ ᠣᠷᠣᠨ ᠤ ᠣᠶᠣᠨ ᠰᠠᠨᠠᠭ᠎ᠠ ᠶᠢᠨ ᠪᠦᠬᠦᠶᠢᠯᠡ | ᠰᠠᠯᠪᠤᠷᠢ ᠳᠤ ᠵᠣᠩᠬᠢᠯᠠᠬᠤ ᠦᠵᠡᠯ ᠰᠤᠷᠲᠠᠯ ᠪᠣᠯᠵᠤ ᠪᠠᠶᠢᠭᠰᠠᠨ ᠪᠣᠳ᠋ᠳ᠋ᠾᠠ ᠶᠢᠨ ᠱᠠᠰᠢᠨ ᠤ ᠰᠤᠷᠭᠠᠯ ᠨᠣᠮᠯᠠᠯ᠂ | ᠴᠥᠭᠡᠨ ᠬᠡᠰᠡᠭ ᠤᠨ ᠬᠢᠨ ᠤ ᠰᠦᠮ᠎ᠡ ᠬᠡᠶᠢᠳ ᠤᠨ ᠬᠢᠵᠠᠭᠠᠷᠳᠠᠮᠠᠯ ᠢᠪᠴᠤᠤ ᠪᠣᠯᠪᠠᠰᠤᠷᠠᠯ ᠤᠨ ᠥᠭᠡᠳᠡ ᠠᠴᠠ | ᠥᠷᠭᠡᠨ ᠣᠯᠠᠨ ᠢᠷᠭᠡᠨ ᠤ ᠭᠡᠭᠡᠷᠡᠯ ᠮᠡᠳᠡᠯᠭᠡ ᠶᠢ ᠰᠥᠷᠭᠡᠦᠯᠡᠨ ᠲᠠᠯᠪᠢᠵᠤ᠂ ᠮᠠᠨᠵᠤ ᠴᠢᠩ ᠤᠯᠤᠰ ᠤᠨ ᠵᠦᠭ ᠠᠴᠠ | ᠮᠣᠩᠭᠤᠯ ᠦᠨᠳᠦᠰᠦᠲᠡᠨ ᠳᠤ ᠤᠴᠠᠷᠠᠭᠤᠯᠵᠤ ᠪᠠᠶᠢᠭᠰᠠᠨ ᠤᠯᠤᠰ ᠦᠨᠳᠦᠰᠦᠲᠡᠨ ᠢ ᠠᠭᠤᠰᠬᠠᠨ ᠪᠠᠯᠠᠯᠬᠤ ᠡᠴᠢᠨ᠎ᠡ | ᠳᠠᠯᠳᠠ ᠦᠵᠡᠯ ᠪᠣᠳᠣᠯᠭ᠎ᠠ ᠶᠢᠨ ᠥᠭᠡᠳᠡ ᠠᠴᠠ ᠮᠣᠩᠭᠤᠯ ᠦᠨᠳᠦᠰᠦᠲᠡᠨ ᠤ ᠲᠤᠰᠠᠭᠠᠷ ᠲᠣᠭᠲᠠᠨᠢᠯ᠂ ᠪᠡᠶ᠎ᠡ | ᠳᠠᠭᠠᠭᠠᠭᠰᠠᠨ ᠪᠠᠶᠢᠳᠠᠯ ᠢ ᠬᠥᠬᠢᠭᠦᠯᠦᠨ ᠳᠡᠮᠵᠢᠵᠦ᠂ ᠬᠥᠮᠥᠨ ᠠᠷᠠᠳ ᠤᠨ ᠢᠶᠠᠨ ᠦᠨᠳᠦᠰᠦᠲᠡᠨ ᠤ ᠤᠬᠠᠮᠰᠠᠷ ᠢ | ᠰᠡᠷᠭᠦᠭᠡᠬᠦ ᠳᠤ ᠪᠢᠷ ᠢᠶᠠᠨ ᠡᠷᠭᠦᠵᠦ᠂ ᠦᠭᠡ ᠪᠠᠨ ᠬᠤᠷᠴᠠᠯᠠᠵᠤ ᠶᠠᠪᠤᠭᠰᠠᠨ ᠡᠬᠡ ᠣᠷᠣᠨᠴᠢ ᠦᠵᠡᠯᠲᠡ ᠲᠠᠢ | ᠳᠠᠪᠰᠢᠯᠲᠤ ᠰᠡᠬᠡᠭᠡᠲᠡᠨ ᠪᠠᠶᠢᠵᠠᠢ᠃ ᠡᠶᠢᠮᠦ ᠠᠴᠠ ᠲᠡᠷᠡ ᠪᠠᠷ᠄ ︽ᠮᠠᠨ ᠤ ᠮᠣᠩᠭᠤᠯ ᠤᠨ ᠳᠣᠷᠣᠶᠢᠲᠠᠭᠰᠠᠨ ᠁ | ᠴᠥᠮ ᠪᠤᠷᠬᠠᠨ ᠪᠣᠯᠬᠤ ᠶᠢ ᠡᠷᠢᠭ᠍ᠰᠡᠭᠡᠷ ᠪᠤᠬᠤᠷ ᠪᠣᠯᠣᠭᠰᠠᠨ ᠢᠶᠠᠨ ᠡᠳᠦᠭᠡ ᠪᠠᠰᠠ ᠴᠦ ᠰᠡᠷᠡᠵᠦ ᠮᠡᠳᠡᠭᠡ ᠦᠭᠡᠢ︾ | ᠭᠡᠵᠦ ︽ᠪᠤᠷᠬᠠᠨ ᠪᠣᠯᠣᠨ᠎ᠠ︾ ᠬᠡᠮᠡᠨ ᠬᠤᠸᠠᠷᠠᠭ ᠪᠣᠯᠭᠠᠨ᠂ ᠮᠣᠩᠭᠤᠯᠴᠤᠳ ᠤᠨ ᠦᠷ᠎ᠡ ᠤᠳᠤᠮ ᠢ ᠲᠠᠰᠤᠯᠤᠨ | ᠪᠦᠷᠢᠯᠭᠡᠬᠦ ᠵᠣᠷᠢᠯᠭ᠎ᠠ ᠶᠢ ᠰᠢᠷ᠎ᠠ ᠶᠢᠨ ᠱᠠᠰᠢᠨ ᠢᠶᠠᠷ ᠳᠠᠮᠵᠢᠭᠤᠯᠤᠨ ᠠᠰᠢᠭᠯᠠᠵᠤ ᠪᠠᠶᠢᠭᠰᠠᠨ ᠮᠠᠨᠵᠤ ᠴᠢᠩ ᠤᠯᠤᠰ ᠤᠨ | ᠬᠠᠷᠭᠢᠰ ᠪᠣᠳᠣᠯᠭ᠎ᠠ ᠶᠢ ᠡᠰᠡᠷᠭᠦᠴᠡᠵᠦ᠄ ︽ᠮᠣᠩᠭᠤᠯᠴᠤᠳ ᠲᠥᠪᠡᠳ ᠨᠣᠮ ᠢᠶᠠᠷ ᠣᠨᠣᠯ ᠤᠬᠠᠭᠠᠨ ᠢ ᠣᠶᠢᠯᠠᠭᠠᠨ᠎ᠠ | ᠭᠡᠳᠡᠭ ᠡᠳᠦᠷ ᠤᠨ ᠣᠳᠣ ᠰᠥᠨᠢ ᠶᠢᠨ ᠰᠣᠯᠣᠩᠭ᠎ᠠ ᠮᠡᠲᠦ ᠴᠥᠭᠡᠨ ᠪᠠᠶᠢᠬᠤ ᠳᠤ ᠦᠨᠳᠦᠰᠦᠲᠡᠨ ᠤ ᠪᠢᠴᠢᠭ | ᠦᠰᠦᠭ ᠢ ᠬᠠᠭᠤᠮᠠᠭᠠᠢ ᠳᠤ ᠦᠵᠡᠬᠦ ᠬᠠᠭᠤᠷᠮᠠᠴᠢ ᠯᠠᠷᠵᠠ ᠳᠡᠯᠭᠡᠷᠡᠪᠡ︾ ᠭᠡᠵᠦ ᠮᠣᠩᠭᠤᠯ ᠤᠨ ᠦᠷ᠎ᠡ ᠬᠡᠦᠬᠡᠳ ᠢ | ᠬᠤᠷᠠᠯ ᠨᠣᠮ ᠤᠨ ᠭᠠᠵᠠᠷ ᠱᠠᠪᠢ ᠪᠣᠯᠭᠠᠨ ᠰᠠᠭᠤᠯᠭᠠᠪᠠᠯ ᠲᠥᠪᠡᠳ ᠨᠣᠮ ᠦᠵᠡᠭᠦᠯᠳᠡᠭ ᠢ ᠡᠷᠡᠰ ᠪᠤᠷᠤᠭᠤᠰᠢᠶᠠᠨ᠂ | ᠦᠨᠳᠦᠰᠦᠲᠡᠨ ᠤ ᠪᠢᠴᠢᠭ ᠦᠵᠡᠵᠦ᠂ ᠲᠥᠷᠥᠯᠬᠢ ᠬᠡᠯᠡ ᠪᠠᠷ ᠢᠶᠠᠨ ᠢᠷᠭᠡᠨ ᠤ ᠪᠣᠯᠪᠠᠰᠤᠷᠠᠯ ᠣᠯᠬᠤ ᠶᠠᠪᠤᠳᠠᠯ ᠤᠨ | ᠴᠢᠬᠤᠯᠠ ᠶᠢ ᠴᠣᠬᠤᠨ ᠵᠢᠭᠠᠵᠤ ᠪᠠᠶᠢᠪᠠ᠃ ᠮᠥᠨ ︽᠁ ᠨᠢᠭᠡᠨ ᠬᠤᠶᠠᠷ ᠢᠷᠭᠡᠨ ︵ᠬᠢᠲᠠᠳ︶ ᠦᠰᠦᠭ | ᠲᠠᠨᠢᠪᠠᠰᠤ ᠳᠠᠷᠤᠢ ᠮᠣᠩᠭᠤᠯ ᠦᠰᠦᠭ ᠢᠶᠠᠨ ᠪᠠᠰᠤᠮᠵᠢᠯᠠᠨ ᠮᠣᠩᠭᠤᠯ ᠦᠰᠦᠭ ᠢᠶᠠᠷ ᠢᠷᠭᠡᠨ ᠤ ᠰᠠᠨᠠᠭ᠎ᠠ ᠶᠢ | ᠪᠦᠷᠢᠳᠬᠡᠨ ᠭᠠᠷᠭᠠᠵᠤ ᠬᠡᠷᠬᠢᠨ ᠴᠢᠳᠠᠮᠤᠢ ᠬᠡᠮᠡᠨ ᠠᠮᠠᠨ ᠤ ᠠᠶ᠎ᠠ ᠪᠠᠷ ᠴᠠᠯᠴᠢᠮᠤᠢ ᠁ ︵ᠡᠨᠡ︶ ᠨᠢ ᠳᠠᠯᠠᠢ ᠶᠢᠨ | ᠬᠥᠪᠡᠭᠡᠨ ᠳᠤ ᠪᠡᠶ᠎ᠡ ᠪᠠᠨ ᠤᠬᠢᠶᠠᠭᠠᠳ ᠳᠠᠯᠠᠢ ᠶᠢ ᠭᠦᠢᠬᠡᠨ ᠦᠵᠡᠭᠰᠡᠨ ᠠᠴᠠ ᠶᠠᠭᠤᠨ ᠥᠭᠡᠷ᠎ᠡ ᠪᠣᠢ︾ ᠭᠡᠵᠦ | ᠮᠣᠩᠭᠤᠯ ᠦᠨᠳᠦᠰᠦᠲᠡᠨ ᠤ ᠪᠠᠨ ᠰᠣᠶᠣᠯ ᠢ ᠠᠭᠤᠰᠬᠠᠨ ᠮᠠᠷᠲᠠᠵᠤ ᠣᠷᠬᠢᠭᠠᠳ᠂ ᠬᠠᠷᠢ ᠬᠢᠲᠠᠳ ᠤᠨ ᠰᠣᠶᠣᠯ ᠤᠨ | ᠡᠮᠦᠨ᠎ᠡ ᠬᠡᠳᠦᠨᠲᠡ ᠰᠥᠭᠦᠳᠬᠦ ᠦᠵᠡᠯ ᠢ ᠰᠢᠭᠦᠮᠵᠢᠯᠡᠨ ᠪᠢᠴᠢᠭᠡᠳ᠂ ᠥᠪᠡᠷ ᠤᠨ ᠦᠶ᠎ᠡ ᠶᠢᠨ ᠢᠶᠠᠨ ᠵᠠᠷᠢᠮ ︽ | ᠤᠳᠬ᠎ᠠ ᠰᠡᠬᠡᠭᠡᠷᠡᠭᠰᠡᠳ︾ ︽ᠥᠪᠡᠷ ᠤᠨ ᠤᠭ ᠦᠨᠳᠦᠰᠦᠲᠡᠨ ᠤ ᠬᠥᠬᠡ ᠮᠣᠩᠭᠤᠯ ᠤᠯᠤᠰ ᠤᠨ ᠬᠡᠷᠡᠭ ᠢᠶᠠᠨ | ᠣᠭᠲᠣ ᠮᠡᠳᠡᠬᠦ ᠦᠭᠡᠢ ᠁︾ ᠬᠠᠷᠢᠨ ︽ᠬᠢᠲᠠᠳ ᠪᠢᠴᠢᠭᠡᠴᠢ ᠨᠠᠷ ᠤᠨ ᠥᠴᠥᠬᠡᠨ ᠠᠳᠬᠠᠭᠲᠦ ᠰᠡᠳᠬᠢᠯ ᠢᠶᠠᠷ | ᠣᠨᠴᠠ ᠮᠣᠩᠭᠤᠯ ᠢ ᠳᠣᠷᠣᠮᠵᠢᠯᠠᠨ ᠳᠣᠭᠤᠭᠢ ᠬᠢᠯᠭᠡᠵᠦ᠂ ᠳᠠᠭᠠᠷᠢᠨ ᠮᠠᠭᠤᠰᠢᠶᠠᠨ ᠪᠢᠴᠢᠵᠦ ᠦᠯᠡᠳᠡᠭᠡᠭᠰᠡᠨ | ᠲᠠᠰᠢᠮᠠᠭᠠᠢ ᠬᠡᠯᠪᠡᠶᠢᠬᠦ ᠲᠣᠪᠴᠢ ᠲᠡᠮᠳᠡᠭᠯᠡᠯ ᠁︾ ︽ᠲᠠᠩ᠂ ᠰᠦᠩ ᠤᠨ ᠤᠳᠬ᠎ᠠ ᠤᠶᠠᠩᠭ᠎ᠠ ᠶᠢ | ᠬᠢᠴᠢᠶᠡᠬᠦᠢ ᠳᠤ ᠲᠠᠶᠢᠵᠢ ᠢᠨᠵᠠᠨᠨᠠᠰᠢ ᠰᠡᠭᠦᠷᠡᠰᠦ ᠠᠯᠳᠠᠭᠰᠠᠭᠠᠷ ᠮᠠᠰᠢ ᠡᠳᠦᠷ ᠤᠳᠠᠪᠠ︾ ᠭᠡᠵᠦ ᠢᠷᠭᠡᠨ ᠤ | ᠪᠣᠯᠪᠠᠰᠤᠷᠠᠯ ᠡᠵᠡᠮᠰᠢᠬᠦ᠂ ᠡᠬᠡ ᠣᠷᠣᠨ ᠤ ᠪᠠᠨ ᠥᠩᠭᠡᠷᠡᠭᠰᠡᠨ ᠲᠡᠦᠬᠡ ᠶᠢᠨ ᠬᠡᠷᠡᠭ ᠶᠠᠪᠤᠳᠠᠯ ᠢ ᠥᠨᠥ ᠶᠢᠨ ᠬᠢ ᠪᠠᠨ | ᠠᠮᠢᠳᠤᠷᠠᠯ ᠤᠨ ᠪᠣᠳᠠᠲᠤ ᠪᠠᠶᠢᠳᠠᠯ ᠳᠡᠭᠡᠷ᠎ᠡ ᠲᠣᠳᠣᠷᠠᠭᠤᠯᠤᠨ ᠠᠪᠠᠴᠢᠵᠤ ᠦᠨᠳᠦᠰᠦᠲᠡᠨ ᠤ ᠲᠡᠦᠬᠡ ᠶᠢᠨ ᠥᠷᠭᠡᠨ | ᠪᠠᠶᠠᠯᠢᠭ ᠮᠡᠳᠡᠯᠭᠡ ᠶᠢ ᠣᠯᠠᠨ ᠲᠦᠮᠡᠨ ᠳᠡᠭᠡᠨ ᠥᠭᠴᠦ᠂ ᠤᠯᠠᠮ ᠢᠶᠠᠷ ᠮᠠᠨᠵᠤ ᠴᠢᠩ ᠤᠯᠤᠰ ᠤᠨ ᠲᠦᠷᠢᠮᠡᠬᠡᠢ | ᠪᠣᠳᠣᠯᠭ᠎ᠠ ᠶᠢᠨ ᠡᠰᠡᠷᠭᠦ ᠲᠡᠳᠡᠨ ᠤ ᠪᠠᠨ ᠦᠨᠳᠦᠰᠦᠲᠡᠨ ᠤ ᠤᠬᠠᠮᠰᠠᠷ ᠢ ᠰᠡᠷᠭᠦᠭᠡᠬᠦ ᠵᠣᠷᠢᠯᠭ᠎ᠠ ᠪᠠᠷ ︽ᠶᠡᠭᠡ ᠶᠤᠸᠠᠨ | ᠤᠯᠤᠰ ᠤᠨ ᠮᠠᠨᠳᠤᠭᠰᠠᠨ ᠲᠥᠷᠥ ᠶᠢᠨ ᠬᠥᠬᠡ ᠰᠤᠳᠤᠷ︾ ᠷᠤᠮᠠᠨ ᠢ ᠵᠠᠯᠭᠠᠨ ᠦᠷᠭᠦᠯᠵᠢᠯᠡᠭᠦᠯᠵᠦ᠂ ᠴᠥᠯᠪᠡᠨ | ᠪᠢᠴᠢᠵᠦ ᠳᠠᠭᠤᠰᠤᠭᠰᠠᠨ ᠪᠠᠶᠢᠨ᠎ᠠ᠃ ᠮᠠᠨ ᠤ ᠲᠡᠦᠬᠡᠴᠢ ᠰᠤᠳᠤᠷᠴᠢᠳ ᠢᠨᠵᠠᠨᠨᠠᠰᠢ ᠶᠢᠨ ᠨᠡᠶᠢᠭᠡᠮ — ᠤᠯᠤᠰ | ᠲᠥᠷᠥ᠂ ᠭᠦᠨ ᠤᠬᠠᠭᠠᠨ᠂ ᠶᠣᠰᠣ ᠰᠤᠷᠲᠠᠬᠤᠨ ᠤ ᠦᠵᠡᠯ ᠪᠣᠳᠣᠯ ᠢ ᠲᠤᠬᠠᠢ ᠶᠢᠨ ᠨᠡᠶᠢᠭᠡᠮ᠂ ᠴᠠᠭ ᠦᠶ᠎ᠡ ᠶᠢᠨ | ᠡᠭᠦᠳᠡᠨ ᠠᠴᠠ ᠨᠢ ᠦᠨᠡᠯᠡᠨ ᠳ᠋ᠦᠩᠨᠡᠵᠦ᠂ ᠮᠣᠩᠭᠤᠯ ᠤᠨ ᠠᠷᠠᠳ ᠲᠦᠮᠡᠨ ᠤ ᠦᠵᠡᠯ ᠰᠤᠷᠲᠠᠯ ᠤᠨ ᠲᠡᠮᠡᠴᠡᠯ᠂ | ᠰᠣᠶᠣᠯ ᠤᠨ ᠲᠡᠦᠬᠡᠨ ᠳᠤ ᠣᠷᠣᠭᠤᠯᠤᠭᠰᠠᠨ ᠬᠤᠪᠢ ᠨᠡᠮᠡᠷᠢ᠂ ᠪᠦᠲᠦᠭᠡᠯᠴᠢ ᠦᠢᠯᠡ ᠠᠵᠢᠯᠯᠠᠭ᠎ᠠ ᠶᠢ ᠨᠢ ᠠᠪᠴᠤ | ᠦᠵᠡᠬᠦ ᠳᠡᠭᠡᠨ ᠶᠠᠭᠤᠨ ᠤ ᠡᠮᠦᠨ᠎ᠡ 19 ᠳ᠋ᠦ᠋ᠭᠡᠷ ᠵᠠᠭᠤᠨ ᠤ ᠳᠤᠮᠳᠠᠳᠤ ᠦᠶ᠎ᠡ ᠶᠢᠨ ᠨᠡᠶᠢᠭᠡᠮ ᠤᠨ ᠤᠬᠠᠮᠰᠠᠷ ᠤᠨ | ᠪᠠᠶᠢᠳᠠᠯ᠂ ᠵᠣᠬᠢᠶᠠᠭᠴᠢ ᠶᠢᠨ ᠥᠪᠡᠷ ᠤᠨ ᠬᠢᠨᠢ ᠶᠢᠷᠲᠢᠨᠴᠦ ᠶᠢ ᠦᠵᠡᠬᠦ ᠦᠵᠡᠯ ᠤᠨ ᠳᠣᠲᠣᠭᠠᠳᠤ ᠵᠥᠷᠢᠴᠡᠯ ᠠᠴᠠ | ᠰᠢᠯᠲᠠᠭᠠᠯᠠᠵᠤ᠂ ᠬᠠᠮᠵᠢᠯᠭ᠎ᠠ ᠶᠢ ᠡᠵᠡᠮᠰᠢᠬᠦ ᠪᠠᠶᠢᠭᠤᠯᠤᠯ ᠢ ᠬᠤᠪᠢᠰᠬᠠᠯ ᠢᠶᠠᠷ ᠥᠭᠡᠷᠡᠴᠢᠯᠡᠬᠦ ᠵᠣᠷᠢᠯᠲᠠ ᠶᠢ ᠲᠠᠯᠪᠢᠭ᠎ᠠ | ᠦᠭᠡᠢ᠂ ᠵᠥᠪᠬᠡᠨ ᠵᠠᠰᠠᠨ ᠰᠢᠨᠡᠳᠬᠡᠭᠴᠢᠳ ᠤᠨ ᠪᠠᠶᠢᠷᠢ ᠰᠠᠭᠤᠷᠢᠨ ᠠᠴᠠ ᠬᠠᠨᠳᠤᠵᠤ ᠪᠠᠶᠢᠭᠰᠠᠨ ︽ᠲᠡᠭᠦᠨ ᠤ | ᠨᠡᠶᠢᠭᠡᠮ — ᠤᠯᠤᠰ ᠲᠥᠷᠥ ᠶᠢᠨ ᠰᠡᠳᠬᠢᠯᠭᠡ ᠨᠢ ᠬᠡᠳᠦᠶᠢᠪᠡᠷ ᠲᠡᠦᠬᠡᠨ ᠬᠢᠵᠠᠭᠠᠷᠯᠠᠭᠳᠠᠮᠠᠯ ᠲᠠᠯ᠎ᠠ ᠲᠠᠢ ᠪᠣᠯᠪᠠᠴᠤ | ᠢᠯᠡᠴᠢᠯᠡᠨ ᠰᠢᠭᠦᠮᠵᠢᠯᠡᠭᠴᠢ᠂ ᠭᠡᠭᠡᠷᠡᠭᠦᠯᠦᠭᠴᠢ ᠦᠵᠡᠯ ᠰᠠᠨᠠᠭ᠎ᠠ᠂ ᠱᠠᠰᠢᠨ ᠦᠭᠡᠢ ᠦᠵᠡᠯ ᠨᠢ ᠲᠡᠷᠡ ᠦᠶ᠎ᠡ ᠶᠢᠨ | ᠮᠣᠩᠭᠤᠯ ᠤᠨ ᠨᠡᠶᠢᠭᠡᠮ ᠤᠨ ᠲᠡᠷᠢᠭᠦᠨ ᠤ ᠠᠩᠭᠢ ᠳᠤ ᠦᠢᠯᠡᠴᠢᠯᠡᠵᠦ ᠪᠠᠶᠢᠭᠰᠠᠨ ᠲᠡᠷᠢᠭᠦᠨ ᠤ ᠦᠵᠡᠯ ᠰᠠᠨᠠᠭ᠎ᠠ | ᠪᠠᠶᠢᠭᠰᠠᠨ︾ ᠶᠢ ᠲᠣᠳᠣᠷᠠᠭᠤᠯᠤᠨ ᠥᠭᠦᠯᠡᠵᠦ᠂ ᠴᠣᠬᠤᠮ ᠡᠭᠦᠨ ᠳᠤ ᠯᠡ ᠢᠨᠵᠠᠨᠨᠠᠰᠢ ᠶᠢᠨ ᠲᠡᠦᠬᠡᠨ ᠠᠴᠢ | ᠬᠤᠯᠪᠣᠭᠳᠠᠯ ᠣᠷᠣᠰᠢᠨ᠎ᠠ ︵ᠵᠦᠭᠳᠡᠷ᠂ 1966᠂ 46︶ ᠭᠡᠵᠡᠢ᠃ | ᠢᠨᠵᠠᠨᠨᠠᠰᠢ ︽ᠤᠯᠠᠭᠠᠨ ᠡᠭᠦᠯᠡᠨ ᠤ ᠨᠢᠯᠪᠤᠰᠤ︾᠂ ︽ᠬᠥᠬᠡ ᠰᠤᠳᠤᠷ︾᠂ ︽ᠨᠢᠷᠭᠡᠨ ᠳᠠᠪᠬᠤᠷ ᠠᠰᠠᠷ︾᠂ | ︽ᠤᠯᠠᠭᠠᠨ᠎ᠠ ᠤᠬᠢᠯᠠᠬᠤ ᠲᠠᠩᠬᠢᠮ︾ ᠵᠡᠷᠭᠡ ᠲᠡᠦᠬᠡᠨ ᠪᠠ ᠤᠷᠠᠨ ᠰᠠᠶᠢᠬᠠᠨ ᠤ ᠷᠤᠮᠠᠨ ᠨᠤᠭᠤᠳ ᠢ ᠵᠣᠬᠢᠶᠠᠭᠰᠠᠨ | ᠪᠥᠭᠡᠳ ᠡᠳᠡᠭᠡᠷ ᠤᠨ ᠳᠣᠲᠣᠷ᠎ᠠ ᠠᠴᠠ ︽ᠬᠥᠬᠡ ᠰᠤᠳᠤᠷ︾ ᠨᠢ ᠶᠡᠬᠡᠳᠡ ᠠᠯᠳᠠᠷᠰᠢᠭᠰᠠᠨ ᠪᠠᠶᠢᠨ᠎ᠠ᠃ ᠵᠣᠬᠢᠶᠠᠯᠴᠢ | ᠷᠤᠮᠠᠨ ᠢ ᠪᠢᠴᠢᠬᠦ ᠶᠢᠨ ᠲᠤᠯᠠᠳᠠ ᠡᠴᠢᠭᠡ ᠶᠢᠨ ᠢᠶᠠᠨ ᠬᠤᠷᠢᠶᠠᠵᠤ ᠴᠤᠭᠯᠠᠭᠤᠯᠤᠭᠰᠠᠨ ᠲᠠᠪᠤᠨ ᠲᠡᠷᠭᠡ᠂ ᠠᠷᠪᠠᠨ | ᠠᠩᠭᠢ᠂ ᠳᠥᠷᠪᠡᠨ ᠬᠡᠯᠡᠨ ᠤ ᠪᠢᠴᠢᠭ ᠰᠤᠳᠤᠷ᠂ ᠦᠯᠢᠭᠡᠷ ᠱᠠᠰᠲᠢᠷ ᠴᠥᠮ ᠢ ᠠᠭᠤᠳᠠᠯᠤᠨ ᠡᠷᠭᠢᠭᠦᠯᠵᠦ᠂ ︽ᠰᠡᠪ | ᠰᠡᠵᠢᠭ ᠦᠭᠡᠢ ᠪᠣᠯᠭᠠᠵᠤ᠂ ᠵᠠᠯᠭᠠᠨ ᠴᠥᠯᠪᠡᠵᠦ᠂ ᠬᠠᠭᠤᠯᠤᠨ ᠭᠠᠷᠭᠠᠭᠰᠠᠨ︾ ᠪᠠᠶᠢᠨ᠎ᠠ᠃ ᠵᠣᠬᠢᠶᠠᠭᠴᠢ ᠡᠨᠡ | ᠲᠤᠬᠠᠢ ᠪᠠᠨ ᠪᠢᠴᠢᠬᠦ ᠳᠡᠭᠡᠨ ︽ᠡᠨᠡ ᠦᠨᠡᠬᠡᠷ ᠰᠡᠳᠬᠢᠯ ᠰᠠᠨᠠᠭ᠎ᠠ᠂ ᠡᠯᠢᠭᠡ ᠠᠭᠤᠰᠬᠢ᠂ ᠪᠡᠶ᠎ᠡ ᠴᠣᠭᠴᠠ᠂ ᠨᠢᠳᠦ | ᠭᠠᠷ ᠬᠠᠮᠲᠤ ᠴᠢᠯᠡᠪᠡ ᠁ ᠮᠢᠨᠤ ᠡᠨᠡ ᠪᠡᠶ᠎ᠡ᠂ ᠬᠡᠯᠡ᠂ ᠰᠡᠳᠬᠢᠯ ᠭᠦᠨ᠎ᠡ ᠴᠢᠯᠡᠭᠰᠡᠨ ᠰᠢᠯᠲᠠᠭᠠᠨ ᠢ ᠮᠢᠲᠠᠷᠠᠰᠢ | ᠦᠭᠡᠢ ᠬᠤᠵᠢᠮ ᠤᠨ ᠮᠡᠷᠭᠡᠳ ᠠᠶᠢᠯᠳᠤᠨᠠᠮ ᠪᠣᠯᠪᠠ ᠦᠦ᠂ ᠦᠭᠡᠢ ᠦᠦ︾ ᠭᠡᠵᠡᠢ᠃ ᠡᠭᠦᠨ ᠠᠴᠠ ᠪᠢᠳᠠ ᠤᠭ | ᠵᠣᠬᠢᠶᠠᠯ ᠢ ᠭᠤᠴᠢᠨ ᠵᠢᠯ ᠦᠵᠡᠵᠦ ᠰᠢᠨᠵᠢᠵᠦ᠂ ᠵᠠᠯᠭᠠᠵᠤ ᠪᠢᠴᠢᠵᠦ ᠲᠡᠭᠦᠰᠦᠭᠰᠡᠨ ᠵᠣᠬᠢᠶᠠᠯᠴᠢ ᠶᠢᠨ ᠲᠡᠷᠡ ᠬᠦ | ᠨᠥᠷᠢ ᠶᠡᠭᠡ ᠬᠥᠳᠡᠯᠮᠦᠷᠢ᠂ ᠨᠦᠰᠡᠷ ᠶᠡᠭᠡ ᠠᠵᠢᠯ ᠢ ᠪᠦᠷᠢᠨ ᠢᠶᠠᠷ ᠮᠡᠳᠡᠵᠦ ᠪᠣᠯᠣᠨ᠎ᠠ᠃ ᠵᠣᠬᠢᠶᠠᠯᠴᠢ ᠡᠨᠡ ᠷᠤᠮᠠᠨ ᠢ | 13 ᠳ᠋ᠤᠭᠠᠷ ᠵᠠᠭᠤᠨ ᠤ ᠦᠶ᠎ᠡ ᠶᠢᠨ ᠮᠣᠩᠭᠤᠯ ᠤᠨ ᠣᠪᠣᠭ ᠠᠶᠢᠮᠠᠭ ᠤᠨ ᠢᠶᠠᠨ ᠳᠣᠲᠣᠭᠠᠳᠤ ᠳᠠᠬᠢ ᠳᠠᠶᠢᠨ | ᠰᠠᠮᠠᠭᠤᠨ ᠢ ᠲᠦᠪᠰᠢᠳᠬᠡᠵᠦ᠂ ᠨᠢᠭᠡᠨ ᠤᠯᠤᠰ ᠭᠡᠷ ᠢ ᠨᠢᠭᠡᠳᠬᠡᠭᠰᠡᠨ ᠲᠡᠦᠬᠡᠨ ᠳᠠᠪᠰᠢᠯᠳᠠᠲᠤ ᠬᠡᠷᠡᠭ ᠶᠠᠪᠤᠳᠠᠯ ᠢ | ᠥᠭᠦᠯᠡᠭᠰᠡᠨ ︽ᠨᠢᠭᠤᠴᠠ ᠲᠣᠪᠴᠢᠶᠠᠨ︾ ᠤ ᠦᠢᠯᠡ ᠶᠠᠪᠤᠳᠠᠯ ᠤᠨ ᠭᠤᠣᠯ ᠱᠤᠭᠤᠮ᠂ ᠤᠯᠠᠮᠵᠢᠯᠠᠯᠲᠤ | ᠥᠭᠦᠯᠡᠮᠵᠢ ᠶᠢ ᠠᠰᠢᠭᠯᠠᠬᠤ ᠵᠠᠮ ᠢᠶᠠᠷ ᠲᠤᠬᠠᠢ ᠶᠢᠨ ᠦᠶ᠎ᠡ ᠳᠤ ᠮᠠᠨᠵᠤ ᠴᠢᠩ ᠤᠯᠤᠰ ᠤᠨ ᠵᠦᠭ ᠠᠴᠠ | ᠮᠣᠩᠭᠤᠯᠴᠤᠳ ᠢ ᠲᠡᠭᠡᠷᠡᠩᠭᠦᠶᠢᠯᠡᠨ ᠳᠠᠷᠤᠯᠠᠵᠤ᠂ ᠦᠨᠳᠦᠰᠦᠲᠡᠨ ᠤ ᠬᠤᠪᠢ ᠳᠤᠨᠢ ᠠᠭᠤᠰᠬᠠᠨ ᠰᠦᠢᠷᠡᠭᠦᠯᠬᠦ | ᠪᠣᠳᠣᠯᠭ᠎ᠠ ᠪᠠᠷᠢᠮᠲᠠᠯᠠᠵᠤ ᠪᠠᠶᠢᠭᠰᠠᠨ ᠤ ᠥᠭᠡᠳᠡ ᠠᠴᠠ ᠤᠯᠤᠰ ᠦᠨᠳᠦᠰᠦᠲᠡᠨ ᠢᠶᠠᠨ ᠠᠪᠤᠷᠠᠨ ᠬᠠᠮᠠᠭᠠᠯᠠᠬᠤ | ᠵᠣᠷᠢᠯᠭ᠎ᠠ ᠪᠠᠷ᠂ ᠲᠡᠳᠡᠨ ᠤ ︽ᠦᠨᠳᠦᠰᠦᠲᠡᠨ ᠤ ᠡᠷᠬᠡ ᠴᠢᠯᠦᠭᠡ᠂ ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠯ ᠢ | ᠲᠤᠭ ᠪᠣᠯᠭᠠᠨ︾ ︵︽ᠮᠣᠩᠭᠤᠯ ᠤᠨ ᠤᠳᠬ᠎ᠠ ᠵᠣᠬᠢᠶᠠᠯ ᠤᠨ ᠭᠠᠷᠴᠠᠭ︾᠂ ᠭᠤᠷᠪᠠ᠂ 1968᠂ 87︶ | ᠵᠣᠬᠢᠶᠠᠭᠰᠠᠨ ᠪᠠᠶᠢᠨ᠎ᠠ᠃ ᠢᠩᠭᠢᠵᠦ ᠥᠩᠭᠡᠷᠡᠭᠰᠡᠨ ᠲᠡᠦᠬᠡ ᠶᠢᠨ ᠵᠠᠷᠢᠮ ᠳᠠᠪᠰᠢᠯᠲᠠ ᠲᠠᠢ ᠲᠡᠦᠬᠡᠨ ᠬᠡᠷᠡᠭ ᠶᠠᠪᠤᠳᠠᠯ᠂ | ᠳᠠᠶᠢᠴᠢᠨ ᠪᠠᠭᠠᠲᠤᠷᠯᠢᠭ ᠲᠡᠮᠡᠴᠡᠯ ᠢ ᠰᠠᠨᠠᠭᠤᠯᠵᠤ ᠵᠣᠷᠢᠭᠵᠢᠭᠤᠯᠬᠤ ᠵᠠᠮ ᠢᠶᠠᠷ ︽ᠶᠤᠸᠠᠨ ᠤᠯᠤᠰ ᠤᠨ ᠰᠤᠳᠤᠷ ᠢ | ᠶᠢᠷᠲᠢᠨᠴᠦ ᠶᠢᠨ ᠬᠤᠭᠤᠷᠣᠨᠳᠤ ᠳᠡᠯᠭᠡᠷᠡᠭᠦᠯᠦᠨ ᠭᠠᠷᠭᠠᠵᠤ ᠁ ᠮᠣᠩᠭᠤᠯ ᠲᠣᠭᠠᠲᠠᠨ ᠢᠶᠠᠨ ᠮᠢᠩᠭ᠎ᠠ ᠲᠦᠮᠡᠨ ᠣᠨ | ᠢᠯᠵᠠᠷᠠᠰᠢ ᠦᠭᠡᠢ᠂ ᠪᠠᠷᠠᠭᠳᠠᠰᠢ ᠦᠭᠡᠢ ᠠᠷᠢᠯᠤᠰᠢ ᠦᠭᠡᠢ ᠬᠤᠴᠣᠷᠭᠠᠰᠤᠭᠠᠢ ᠭᠡᠰᠡᠨ ᠰᠠᠨᠠᠭᠠᠨ ᠠᠴᠠ︾ ᠤᠭ | ᠵᠣᠬᠢᠶᠠᠯ ᠢ ᠪᠢᠴᠢᠵᠡᠢ᠃ ᠶᠡᠷᠦ ᠨᠢ ︽ᠬᠥᠬᠡ ᠰᠤᠳᠤᠷ︾ ᠷᠤᠮᠠᠨ ᠪᠣᠯ ᠵᠣᠬᠢᠶᠠᠯᠴᠢ ᠶᠢᠨ ᠪᠢᠴᠢᠭᠰᠡᠨ ᠢᠶᠠᠷ ︽ | ᠥᠴᠥᠬᠡᠨ ᠲᠡᠳᠦᠢ ᠣᠷᠣ ᠰᠡᠳᠦᠪ ᠪᠠᠶᠢᠪᠠᠯ ᠳᠠᠷᠤᠢ ᠲᠡᠭᠦᠨ ᠳᠤ ᠵᠠᠭᠤᠨ ᠵᠦᠢᠯ ᠤᠨ ᠤᠴᠢᠷ ᠰᠢᠯᠲᠠᠭᠠᠨ ᠨᠡᠮᠡᠵᠦ ᠁ | ᠲᠦᠮᠡᠨ ᠮᠢᠩᠭᠠᠨ ᠳᠠᠪᠬᠤᠷ ᠴᠢᠮᠡᠬᠦ ᠤᠶᠠᠩᠭ᠎ᠠ ᠨᠡᠮᠡᠵᠦ᠂ ᠥᠪᠡᠷ ᠤᠨ ᠣᠶᠣᠨ ᠢᠶᠠᠨ ᠳᠡᠯᠭᠡᠷᠡᠭᠦᠯᠦᠨ ᠁ | ᠠᠮᠲᠠᠲᠠᠢ ᠪᠣᠯᠭᠠᠭᠰᠠᠨ︾ ᠲᠡᠶᠢᠮᠦ ᠤᠷᠠᠨ ᠰᠠᠶᠢᠬᠠᠨ ᠤ ᠵᠦᠢᠯ ᠪᠤᠰᠤ᠂ ᠬᠠᠷᠢᠨ ᠲᠡᠦᠬᠡᠨ ᠬᠡᠷᠡᠭ ᠶᠠᠪᠤᠳᠠᠯ ᠢ ᠭᠤᠣᠯ | ᠪᠣᠯᠭᠠᠨ ᠪᠠᠷᠢᠮᠲᠠᠯᠠᠭᠰᠠᠨ ᠪᠦᠲᠦᠭᠡᠯ ᠶᠤᠮ᠃ ᠡᠨᠡ ᠨᠢ ᠤᠷᠠᠨ ᠰᠠᠶᠢᠬᠠᠨ ᠪᠣᠯᠣᠨ ᠲᠡᠦᠬᠡᠨ ᠵᠣᠬᠢᠶᠠᠯ ᠤᠨ ᠨᠢᠭᠡ | ᠭᠤᠣᠯ ᠢᠯᠭᠠᠭ᠎ᠠ ᠶᠢ ᠣᠨᠣᠪᠴᠢᠲᠠᠢ ᠲᠣᠳᠣᠷᠬᠠᠶᠢᠯᠠᠭᠰᠠᠨ ᠵᠦᠢᠯ ᠶᠤᠮ᠃ | ᠥᠨᠥᠳᠥᠷ ᠢᠨᠵᠠᠨᠨᠠᠰᠢ ᠶᠢᠨ ᠮᠣᠩᠭᠤᠯ ᠤᠷᠠᠨ ᠵᠣᠬᠢᠶᠠᠯ ᠤᠨ ᠲᠡᠦᠬᠡᠨ ᠳᠤ ᠣᠷᠣᠭᠤᠯᠤᠭᠰᠠᠨ ᠬᠤᠪᠢ ᠨᠡᠮᠡᠷᠢ᠂ | ᠡᠵᠡᠯᠡᠬᠦ ᠪᠠᠶᠢᠷᠢ ᠰᠠᠭᠤᠷᠢ᠂ ᠲᠡᠭᠦᠨ ᠤ ᠤᠷᠠᠨ ᠪᠦᠲᠦᠭᠡᠯ ᠤᠨ ᠪᠦᠲᠦᠭᠡᠯᠴᠢ ᠥᠪ ᠤᠯᠠᠮᠵᠢᠯᠠᠯ ᠢ ᠭᠠᠳᠠᠭᠠᠳᠤ | ᠳᠣᠲᠣᠭᠠᠳᠤ ᠶᠢᠨ ᠣᠯᠠᠨ ᠡᠷᠳᠡᠮᠲᠡᠳ ᠰᠤᠳᠤᠯᠵᠤ ᠪᠠᠶᠢᠨ᠎ᠠ᠃ ᠣᠷᠣᠰ ᠤᠨ ᠳᠣᠷᠣᠨᠠᠳᠠᠬᠢᠨ ᠢ ᠰᠤᠳᠤᠯᠤᠭᠴᠢ | ᠡᠷᠳᠡᠮᠲᠡᠨ ᠪ᠊ · ᠯ᠊ · ᠷᠢᠹᠲ᠋ᠢᠨ ︽ᠮᠣᠩᠭᠤᠯ ᠤᠨ ᠠᠩᠬᠠᠨ ᠤ ᠷᠤᠮᠠᠨ ᠨᠤᠭᠤᠳ ᠤᠨ ᠲᠥᠷᠥᠯ ᠵᠦᠢᠯ᠂ | ᠵᠣᠬᠢᠶᠠᠮᠵᠢ ᠶᠢᠨ ᠣᠨᠴᠠᠯᠢᠭ︾ ᠰᠤᠳᠤᠯᠭᠠᠨ ᠳᠠᠭᠠᠨ ᠢᠨᠵᠠᠨᠨᠠᠰᠢ ᠶᠢ ᠵᠥᠪᠬᠡᠨ ᠮᠣᠩᠭᠤᠯ ᠷᠤᠮᠠᠨ ᠤ ᠦᠨᠳᠦᠰᠦ ᠶᠢ | ᠲᠠᠯᠪᠢᠭᠰᠠᠨ ᠰᠠᠶᠢᠨ ᠵᠣᠬᠢᠶᠠᠯᠴᠢ ᠲᠡᠳᠦᠢ ᠦᠭᠡᠢ᠂ ᠪᠠᠰᠠ ᠲᠣᠮᠣᠬᠠᠨ ᠢᠷᠠᠭᠤ ᠨᠠᠶᠢᠷᠠᠭᠴᠢ ᠪᠠᠶᠢᠭᠰᠠᠨ ᠢ ᠳ᠋ᠦᠩᠨᠡᠭᠡᠳ | ᠂ ᠬᠥᠷᠰᠢ ᠵᠡᠷᠭᠡᠯᠡᠳᠡᠭᠡ ᠣᠷᠣᠨ ᠤ ᠪᠣᠯᠣᠨ ᠠᠯᠤᠰ ᠳᠣᠷᠣᠨᠠᠲᠤ ᠶᠢᠨ ᠤᠳᠬ᠎ᠠ ᠵᠣᠬᠢᠶᠠᠯ ᠤᠨ ᠤᠷᠲᠤ ᠤᠳᠠᠭᠠᠨ | ᠬᠤᠭᠤᠴᠠᠭᠠᠨ ᠤ ᠤᠯᠠᠮᠵᠢᠯᠠᠯ ᠢ ᠲᠦᠰᠢᠵᠦ᠂ ᠮᠣᠩᠭᠤᠯ ᠦᠨᠳᠦᠰᠦᠲᠡᠨ ᠤ ᠷᠤᠮᠠᠨ ᠢ ᠪᠦᠲᠦᠭᠡᠬᠦ ᠬᠡᠪ ᠵᠠᠭᠪᠤᠷ ᠤᠨ | ᠥᠩᠭᠡᠨ ᠬᠠᠯᠢᠰᠤ ᠶᠢ ᠬᠠᠭᠤᠯᠤᠨ ᠬᠠᠶᠠᠵᠤ᠂ ᠦᠨᠳᠦᠰᠦᠲᠡᠨ ᠤ ᠬᠡᠯᠪᠡᠷᠢ ᠳᠤ ᠣᠷᠣᠭᠤᠯᠤᠨ ᠪᠦᠲᠦᠭᠡᠯᠴᠢ ᠰᠢᠨᠡᠴᠢᠯᠡᠯ | ᠬᠢᠵᠦ᠂ ᠪᠠᠷᠤᠭ ᠪᠦᠲᠦᠨ ᠵᠠᠭᠤᠨ ᠢᠶᠠᠷ ᠦᠭᠡᠶᠢᠯᠡᠭᠳᠡᠵᠦ ᠪᠠᠶᠢᠭᠰᠠᠨ ᠮᠣᠩᠭᠤᠯ ᠦᠨᠳᠦᠰᠦᠲᠡᠨ ᠤ ᠷᠤᠮᠠᠨ ᠤ | ᠬᠥᠭᠵᠢᠯ ᠳᠤ ᠴᠢᠬᠤᠯᠠ ᠬᠤᠪᠢ ᠨᠡᠮᠡᠷᠢ ᠣᠷᠣᠭᠤᠯᠤᠭᠰᠠᠨ ᠢ ᠲᠣᠳᠣᠷᠬᠠᠢ ᠡᠰᠢ ᠪᠠᠷᠢᠮᠲᠠ ᠪᠠᠷ ᠨᠡᠭᠡᠭᠡᠨ ᠬᠠᠷᠠᠭᠤᠯᠵᠠᠢ | ︵ᠷᠢᠹᠲ᠋ᠢᠨ᠂ 1985᠂ 193︶᠃ | ᠡᠶᠢᠨ ᠬᠦ ᠢᠨᠵᠠᠨᠨᠠᠰᠢ ᠨᠢ ᠥᠪᠡᠷ ᠤᠨ ᠠᠩᠭᠢ᠂ ᠨᠡᠶᠢᠭᠡᠮ ᠤᠨ ᠪᠠᠶᠢᠭᠤᠯᠤᠯ ᠢ ᠬᠤᠪᠢᠰᠬᠠᠯᠲᠤ ᠲᠡᠮᠡᠴᠡᠯ ᠢᠶᠠᠷ | ᠬᠠᠯᠠᠵᠤ ᠰᠣᠯᠢᠬᠤ ᠦᠵᠡᠯ ᠰᠠᠨᠠᠭ᠎ᠠ ᠶᠢ ᠳᠡᠪᠰᠢᠭᠦᠯᠦᠨ ᠲᠠᠯᠪᠢᠵᠤ ᠪᠠᠶᠢᠭ᠎ᠠ ᠦᠭᠡᠢ ᠪᠣᠯᠪᠠᠴᠤ᠂ ᠵᠠᠰᠠᠨ | ᠰᠢᠨᠡᠳᠬᠡᠭᠴᠢ ᠶᠢᠨ ᠪᠠᠶᠢᠷᠢ ᠰᠠᠭᠤᠷᠢᠨ ᠠᠴᠠ ᠲᠤᠬᠠᠢ ᠶᠢᠨ ᠦᠶ᠎ᠡ ᠶᠢᠨ ᠬᠠᠮᠵᠢᠯᠭ᠎ᠠ ᠶᠣᠰᠣᠨ ᠤ ᠭᠡᠮ ᠳᠤᠲᠠᠭᠳᠠᠯ ᠢ | ᠱᠠᠰᠢᠨ ᠨᠣᠮ ᠤᠨ ᠦᠵᠡᠯ ᠰᠤᠷᠭᠠᠯ ᠲᠠᠢ ᠨᠢ ᠱᠣᠭᠯᠠᠨ ᠰᠢᠭᠦᠮᠵᠢᠯᠡᠵᠦ ᠪᠠᠶᠢᠭᠰᠠᠨ ᠳᠠᠪᠰᠢᠯᠳᠠᠲᠤ ᠵᠣᠬᠢᠶᠠᠯᠴᠢ | ᠪᠥᠭᠡᠳ ᠨᠡᠶᠢᠭᠡᠮ ᠤᠨ ᠣᠷᠴᠢᠨ ᠤ ᠥᠷᠭᠡᠨ ᠳᠡᠯᠭᠡᠴᠡ᠂ ᠠᠮᠢᠳᠤᠷᠠᠯ ᠤᠨ ᠰᠣᠨᠢᠨ ᠳᠦᠷᠢ ᠵᠢᠷᠤᠭ ᠢ ᠤᠷᠠᠨ | ᠰᠠᠶᠢᠬᠠᠨ ᠤ ᠬᠠᠤᠯᠢ ᠪᠠᠷ ᠲᠡᠭᠦᠰ ᠲᠡᠭᠦᠯᠳᠡᠷ ᠨᠡᠭᠡᠭᠡᠵᠦ᠂ ᠮᠣᠩᠭᠤᠯ ᠬᠡᠯᠡᠨ ᠢᠷᠠᠭᠤ ᠲᠠᠩᠰᠤᠭ ᠴᠢᠳᠠᠯ ᠢ ᠪᠦᠷᠢᠨ | ᠳᠦᠭᠦᠷᠡᠩ ᠠᠰᠢᠭᠯᠠᠵᠤ᠂ ᠡᠮᠦᠨᠡᠬᠢ ᠦᠶ᠎ᠡ ᠶᠢᠨ ᠢᠶᠠᠨ ᠤᠷᠠᠨ ᠵᠣᠬᠢᠶᠠᠯᠴᠢᠳ ᠤᠨ ᠪᠦᠲᠦᠭᠡᠯᠲᠦ ᠦᠵᠡᠯ ᠰᠠᠨᠠᠭ᠎ᠠ᠂ | ᠤᠷᠠᠨ ᠰᠠᠶᠢᠬᠠᠨ ᠤ ᠪᠠᠶᠠᠯᠢᠭ ᠥᠪ ᠢ ᠦᠯᠡᠳᠡᠭᠡᠭᠰᠡᠨ ᠰᠣᠩᠭᠤᠳᠠᠭ ᠪᠦᠲᠦᠭᠡᠯ ᠢᠶᠠᠷ ᠢᠶᠠᠨ ᠮᠣᠩᠭᠤᠯ | ᠦᠨᠳᠦᠰᠦᠲᠡᠨ ᠤ ᠤᠳᠬ᠎ᠠ ᠵᠣᠬᠢᠶᠠᠯ ᠤᠨ ᠬᠥᠭᠵᠢᠯ ᠤᠨ ᠨᠢᠭᠡᠨ ᠣᠷᠭᠢᠯ ᠪᠣᠯᠣᠭᠰᠠᠨ ᠶᠤᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |