ᠬᠤᠱᠤᠳ ᠮᠥᠩᠬᠡᠨᠠᠷᠠᠨᠳᠡᠭᠡᠳᠦ ᠮᠣᠩᠭᠤᠯ ᠤᠨ ᠲᠠᠷᠢᠶᠠᠯᠠᠩ ᠣᠶᠢᠯᠠ ᠶᠢᠨ ᠵᠠᠩᠰ᠊
ᠨᠡᠶᠢᠲᠡᠯᠡᠭᠰᠡᠨ ᠴᠠᠭ᠄
2020/6/5
ᠳᠡᠭᠡᠳᠦ ᠮᠣᠩᠭᠤᠯᠴᠤᠳ ᠪᠣᠯ ᠳᠡᠯᠡᠬᠡᠢ ᠶᠢᠨ ᠰᠡᠭᠡᠷ ᠨᠢᠷᠦᠭᠤ — ᠬᠥᠬᠡᠨᠠᠭᠤᠷ ᠲᠥᠪᠡᠳ ᠤᠨ ᠥᠨᠳᠦᠷᠯᠢᠭ ᠳᠡᠭᠡᠷ᠎ᠡ ᠠᠵᠤ ᠠᠮᠢᠳᠤᠷᠠᠯ ᠢᠶᠠᠨ ᠴᠣᠭᠴᠠᠯᠠᠵᠤ ᠶᠠᠪᠤᠭᠰᠠᠨ ᠭᠤᠷᠪᠠᠨ ᠵᠠᠭᠤ ᠢᠯᠡᠭᠦᠤ ᠵᠢᠯ ᠤᠨ ᠤᠷᠳᠤ ᠠᠶᠠᠨ ᠢ ᠵᠥᠪᠬᠡᠨ ᠲᠠᠩ ᠴᠣᠯᠭᠤᠢ ᠮᠠᠯ ᠮᠠᠯᠵᠢᠬᠤ ᠳᠤ ᠲᠦᠰᠢᠭᠯᠡᠨ ᠤᠯᠠᠭᠠᠨ ᠭᠤᠤᠯ ᠢᠶᠠᠨ ᠳᠡᠪᠳᠦᠭᠡᠵᠦ᠂ ᠤᠳᠠᠰᠤᠨ ᠠᠮᠠᠢ ᠪᠠᠨ ᠲᠣᠷᠭᠤᠵᠤ ᠲᠤᠭᠤᠯᠣᠭᠰᠠᠨ ᠦᠭᠡᠢ ᠬᠠᠷᠢᠨ ᠥᠪᠡᠷ ᠤᠨ ᠤᠷ᠎ᠠ ᠤᠬᠠᠭᠠᠨ᠂ ᠠᠵᠢᠯᠴᠢ ᠬᠥᠲᠡᠯᠮᠦᠷᠢᠴᠢ ᠬᠤᠶᠠᠷ ᠭᠠᠷ ᠲᠠᠭᠠᠨ ᠲᠦᠰᠢᠭᠯᠡᠨ ᠥᠨᠳᠦᠷᠯᠢᠭ ᠣᠷᠤᠨ ᠤ ᠠᠭᠤᠷ ᠠᠮᠢᠰᠬᠠᠯ ᠳᠤ ᠵᠣᠬᠢᠴᠠᠭᠰᠠᠨ ᠲᠠᠷᠢᠶᠠᠯᠠᠩ ᠤᠶᠢᠯᠠ ᠶᠢ ᠴᠤ ᠡᠷᠬᠢᠯᠡᠨ ᠥᠪᠡᠷ ᠪᠤᠰᠤᠳ ᠤᠨ ᠬᠡᠷᠡᠭᠴᠡᠭᠡ ᠪᠠᠨ ᠬᠠᠩᠭᠠᠵᠤ ᠪᠠᠶᠢᠭᠰᠠᠨ ᠪᠦᠭᠡᠳ ᠲᠠᠷᠢᠶᠠᠯᠠᠩ ᠤᠶᠢᠯᠠ ᠯᠦᠭᠡ ᠬᠤᠯᠪᠤᠭᠳᠠᠬᠤ ᠣᠯᠠᠨ ᠵᠤᠶᠢᠯ ᠤᠨ ᠵᠠᠩᠰᠢᠯ ᠶᠣᠰᠤᠨ ᠢ ᠴᠤ ᠪᠣᠢ ᠪᠣᠯᠭᠠᠵᠠᠢ᠃ ᠳᠤᠤᠷ᠎ᠠ ᠪᠢ ᠳᠡᠭᠡᠳᠦ ᠮᠣᠩᠭᠤᠯ ᠤᠨ ᠲᠠᠷᠢᠶᠠᠯᠠᠩ ᠤᠶᠢᠯᠠ ᠶᠢᠨ ᠵᠠᠩᠰᠢᠯ ᠶᠣᠰᠤᠨ ᠤ ᠲᠤᠬᠠᠢ ᠨᠤᠳᠤᠭ ᠤᠰᠤᠨ ᠤ ᠪᠤᠭᠤᠷᠤᠯᠴᠤᠳ ᠢ ᠰᠤᠷᠪᠤᠯᠵᠢᠯᠠᠭᠰᠠᠨ ᠢᠶᠠᠨ ᠵᠣᠷᠪᠤᠰᠯᠠᠨ ᠰᠡᠶᠢᠷᠡᠭᠦᠯᠰᠦᠭᠡᠢ᠄ 1. ᠠᠳᠠᠷ ᠬᠠᠭᠠᠯᠪᠤᠷᠢᠯᠠᠨ ᠲᠠᠷᠢᠮᠠᠯ ᠤᠨ ᠦᠷ᠎ᠡ ᠰᠠᠴᠤᠵᠤ ᠪᠠᠶᠢᠬᠤ ᠳᠤ ᠠᠶᠠᠨ ᠤ ᠬᠦᠮᠦᠨ ᠣᠴᠢᠪᠠᠯ ︿︿ᠤᠶᠢᠯᠠ ᠪᠦᠳᠦᠭ﹀﹀ ᠭᠡᠵᠦ ᠪᠡᠯᠭᠡᠰᠢᠶᠡᠨ ᠢᠷᠦᠭᠡᠬᠦ ᠳᠤ ᠲᠠᠷᠢᠭᠴᠢ ᠨᠢ᠄ ︿︿ᠮᠥᠷ ᠵᠣᠬᠢ﹀﹀ ᠭᠡᠵᠦ ᠬᠠᠷᠢᠭᠤ ᠢᠷᠦᠭᠡᠨ ᠵᠣᠯᠭᠠᠨ᠎ᠠ᠃ 2. ᠨᠠᠮᠤᠷ ᠤᠨ ᠤᠯᠠᠷᠢᠯ ᠳᠤ ᠲᠠᠷᠢᠮᠠᠯ ᠤᠨ ᠵᠣᠶᠢᠯ ᠢᠶᠠᠨ ᠬᠠᠳᠤᠵᠤ ᠬᠤᠷᠢᠶᠠᠵᠤ ᠪᠠᠶᠢᠬᠤ ᠳᠤ ᠠᠶᠠᠨ ᠤ ᠬᠦᠮᠦᠨ ᠣᠴᠢᠪᠠᠯ ︿︿ᠬᠠᠳᠤᠭᠤᠷ ᠮᠤᠬᠤ﹀﹀ ᠭᠡᠮᠡᠨ ᠡᠯᠪᠡᠭ ᠬᠤᠷᠢᠶᠠᠯᠲᠠ ᠣᠯᠬᠤ ᠶᠢ ᠵᠥᠩᠨᠡᠨ ᠢᠷᠡᠬᠦ ᠳᠤ᠂ ᠬᠠᠳᠤᠭᠴᠢ  ᠨᠢ᠄ ︿︿ᠮᠥᠷ ᠵᠣᠬᠢ﹀﹀ ᠭᠡᠬᠦ ᠪᠣᠶᠤ ︿︿ᠤᠶᠢᠯᠠ ᠪᠦᠳᠦ﹀﹀ ᠭᠡᠮᠡᠨ ᠠᠶᠠᠨ ᠵᠠᠮ ᠤᠨ ᠠᠮᠤᠷ ᠮᠡᠨᠳᠦ᠂ ᠠᠪᠠ ᠭᠥᠷᠦᠭᠡ ᠶᠢᠨ ᠭᠠᠨᠵᠤᠭ᠎ᠠ ᠲᠦᠭᠦᠷᠡᠩ ᠢ ᠢᠷᠦᠭᠡᠨ᠎ᠡ᠃ 3. ᠬᠠᠷᠮ᠎ᠠ ︵ᠦᠳᠦᠷᠮ᠎ᠡ︶ ᠭᠢᠰᠭᠢᠭᠦᠯᠵᠦ ᠪᠠᠶᠢᠬᠤ ᠳᠤ ᠠᠶᠠᠨ ᠤ ᠬᠦᠮᠦᠨ ᠣᠴᠢᠪᠠᠯ ︿︿ᠬᠠᠷᠮ᠎ᠠ ᠲᠦᠭᠦᠷ ︵ᠲᠦᠭᠦᠷᠡᠩ ᠪᠤᠯ︶﹀﹀ ᠭᠡᠬᠦ ᠳᠤ ᠬᠠᠷᠢᠭᠤ ᠳᠤᠨᠢ ︿︿ᠮᠥᠷ ᠵᠣᠬᠢ﹀﹀᠂ ︿︿ᠤᠶᠢᠯᠠ ᠪᠦᠳᠦ﹀﹀ ᠭᠡᠵᠦ ᠢᠷᠦᠭᠡᠨ᠎ᠡ᠃ ᠡᠨᠡ ᠮᠡᠳᠦ ᠢᠷᠡᠭᠴᠢ ᠠᠵᠢᠯᠯᠠᠭᠴᠢ ᠬᠤᠶᠠᠷ ᠡᠳᠡᠭᠡᠳ ᠲᠣᠭᠲᠠᠮᠠᠯ ᠭᠡᠳᠦᠨ ᠪᠡᠯᠭᠡ ᠢᠷᠦᠭᠡᠯ ᠲᠠᠢ ᠦᠭᠡ ᠪᠠᠨ ᠰᠣᠯᠢᠯᠴᠠᠨ ᠵᠣᠯᠭᠠᠯᠳᠠ ᠶᠢᠨ ᠶᠣᠰᠤ ᠭᠦ᠋ᠶᠢᠴᠡᠳᠭᠡᠭᠰᠡᠨ ᠤ ᠳᠠᠷᠠᠭ᠎ᠠ ᠰᠠᠶ᠋ᠢ ᠶᠠᠷᠢᠯᠴᠠᠵᠤ ᠵᠠᠩᠭᠢᠴᠠᠳᠠᠭ ᠶᠣᠰᠤ ᠲᠠᠢ ᠶᠤᠮ ᠃ ᠠᠳᠡ ᠶᠠᠷᠢᠭ᠎ᠠ ᠠᠶᠠᠨ ᠤ ᠬᠦᠮᠦᠨ ᠭᠡᠳᠡᠭ ᠨᠢ ᠲᠠᠷᠢᠶᠠᠯᠠᠭᠴᠢ ᠠᠴᠠ ᠥᠭᠡᠷ᠎ᠡ ᠪᠤᠰᠤᠳ ᠠᠶᠠᠨ ᠭᠥᠭᠡᠭᠡ ᠪᠣᠶᠤ ᠰᠤᠯᠠ ᠶᠠᠪᠤᠭ᠎ᠠ ᠬᠦᠮᠦᠰ ᠢ ᠵᠢᠭᠠᠵᠤ ᠪᠣᠢ᠃ 4. ᠳᠡᠭᠡᠪᠡᠯ ᠬᠠᠷᠮ᠎ᠠ ᠪᠠᠨ ᠠᠪᠬᠤ ︵ᠭᠢᠰᠭᠢᠭᠦᠯᠬᠦ︶ ᠠᠴᠠ ᠡᠮᠦᠨ᠎ᠡ ᠵᠠᠪᠠᠯ ᠭᠦ᠋ᠶᠢᠴᠡᠳᠭᠡᠬᠦ ᠪᠠᠰᠠ ᠨᠢᠭᠡ ᠵᠣᠶᠢᠯ ᠤᠨ ᠰᠣᠨᠢᠷᠬᠠᠯᠲᠠᠢ ᠵᠠᠩᠰᠢᠯ ᠶᠣᠰᠤᠨ ᠪᠠᠶᠢᠳᠠᠭ᠂ ᠳᠠᠷᠤᠢ ᠬᠠᠳᠤᠵᠤ ᠬᠤᠷᠢᠶᠠᠭᠰᠠᠨ ᠲᠠᠷᠢᠶ᠎ᠠ ᠪᠤᠭᠤᠳᠠᠢ ᠪᠣᠶᠤ ᠮᠠᠭᠠᠵᠢᠨ ᠤ ᠵᠣᠶᠢᠯ ᠢᠶᠠᠨ ᠬᠠᠷᠮ᠎ᠠ ᠶᠢᠨ ᠲᠠᠯᠠᠪᠤᠷ ᠳᠡᠭᠡᠷ᠎ᠡ ᠳᠡᠯᠭᠡᠵᠦ ᠲᠠᠯᠪᠢᠨ ᠭᠢᠰᠭᠢᠭᠦᠯᠬᠦ ᠳᠤ ᠪᠡᠯᠡᠬᠡᠨ ᠪᠣᠯᠭᠠᠭᠰᠠᠨ ᠤ ᠬᠤᠶᠢᠨ᠎ᠠ᠂ ᠨᠢᠭᠡ ᠬᠠᠷ᠎ᠠ ᠢᠮᠠᠭ᠎ᠠ ᠠᠪᠴᠢᠷᠠᠨ ᠬᠠᠷᠮ᠎ᠠ ᠥᠭᠡᠳᠡ ᠪᠠᠨ ᠬᠠᠨᠳᠤᠭᠤᠯᠤᠨ ᠪᠣᠭᠤᠷᠯᠠᠵᠤ ᠠᠯᠠᠬᠤ ᠪᠦᠭᠡᠳ ᠢᠮᠠᠭᠠᠨ ᠤ ᠭᠤᠭᠤᠵᠢᠭᠰᠠᠨ ᠴᠢᠰᠤᠨ ᠳᠤᠨᠢ ᠬᠠᠷᠮ᠎ᠠ ᠠᠪᠬᠤ ᠳᠤ ᠬᠡᠷᠡᠭᠰᠡᠬᠦ ᠪᠠᠭᠠᠵᠢ ᠭᠡᠷᠡᠭᠰᠡᠯ ᠢᠶᠠᠨ ᠪᠦᠭᠦᠳᠡ ᠶᠢ ᠤᠳᠬᠤᠵᠤ ᠠᠪᠤᠨ᠎ᠠ᠃ ᠮᠥᠨ ᠡᠨᠡ ᠦᠶ᠎ᠡ ᠳᠤ ᠬᠠᠷᠮ᠎ᠠ ᠭᠢᠰᠭᠢᠭᠦᠯᠦᠭᠰᠡᠳ ᠤᠨ ᠨᠢᠭᠡ ᠨᠢ ᠮᠣᠷᠢ ᠤᠨᠤᠵᠤ ︿︿ᠮᠠᠳᠠᠢ ᠮᠠᠳᠠᠢ﹀﹀ ᠭᠡᠵᠦ ᠬᠠᠰᠬᠢᠷᠤᠨ ᠬᠠᠷᠮ᠎ᠠ ᠶᠢᠨ ᠲᠠᠯᠠᠪᠤᠷ ᠢᠶᠠᠨ ᠵᠥᠪ ᠭᠤᠷᠪᠠ ᠡᠷᠭᠢᠵᠦ ᠳᠠᠪᠬᠢᠭᠤᠯᠣᠨ᠎ᠠ᠃ ᠪᠤᠰᠤᠳ ᠨᠢ ᠢᠮᠠᠭ᠎ᠠ ᠪᠠᠨ ᠥᠪᠴᠢᠭᠡᠳ ᠪᠦᠳᠦᠭᠦᠨ ᠭᠡᠳᠡᠰᠦ ︵ᠴᠠᠭᠠᠨ ᠭᠡᠳᠡᠰᠦ︶ ᠶᠢ ᠨᠢ ᠲᠠᠷᠭᠤᠨ ᠴᠠᠳᠬᠤᠯᠠᠩ ᠪᠣᠷᠳᠤᠭᠠᠳ ᠡᠪᠴᠢᠭᠦᠤ ᠲᠠᠢ ᠬᠠᠮᠲᠤ ᠬᠠᠷᠮ᠎ᠠ ᠶᠢᠨ ᠭᠤᠤᠯ ᠤᠨ ᠮᠣᠳᠤᠨ ᠳᠡᠭᠡᠷ᠎ᠡ ᠡᠯᠭᠦᠵᠦ ᠲᠠᠯᠪᠢᠭᠠᠳ ᠡᠬᠢᠯᠡᠨ ᠬᠠᠷᠮ᠎ᠠ ᠪᠠᠨ ᠭᠢᠰᠭᠢᠭᠦᠯᠦᠨ᠎ᠡ᠃ ᠲᠡᠷᠡ ᠡᠪᠴᠢᠭᠦᠤ ᠪᠣᠯᠤᠨ ᠪᠣᠷᠳᠤᠭᠰᠠᠨ ᠪᠦᠳᠦᠭᠦᠨ ᠭᠡᠳᠡᠰᠦ ᠶᠢ ᠮᠠᠷᠭᠠᠰᠢ ᠨᠢ ᠴᠢᠨᠠᠭᠠᠳ ᠬᠠᠷᠮ᠎ᠠ ᠠᠪᠬᠤ ᠳᠤ ᠣᠷᠤᠯᠴᠠᠭᠰᠠᠨ ᠬᠦᠭᠰᠢᠨ ᠵᠠᠯᠠᠭᠤ ᠨᠢᠯᠬ᠎ᠠ ᠪᠠᠶᠢᠴᠢᠷ ᠭᠡᠵᠦ ᠢᠯᠭᠠᠯ ᠦᠭᠡᠢ ᠪᠦᠭᠦᠳᠡᠭᠡᠷ ᠢᠶᠠᠨ ᠬᠤᠪᠢᠶᠠᠵᠤ ᠢᠳᠡᠬᠦ ᠶᠣᠰᠤᠨ ᠪᠣᠢ᠃ ᠨᠠᠰᠤᠲᠠᠶᠢᠴᠤᠳ ᠤᠨ ᠶᠠᠷᠢᠬᠤ ᠪᠠᠷ ᠮᠠᠨ ᠤ ᠴᠠᠶᠢᠳᠠᠮ ᠤᠨ ᠨᠠᠢᠮᠠᠨ ᠮᠣᠩᠭᠤᠯ ᠬᠤᠰᠢᠭᠤᠨ ᠳᠤ ᠮᠠᠭᠠᠵᠢᠨ ᠲᠣᠰᠤ᠂ ᠤᠯᠠᠭᠠᠨ ᠪᠤᠭᠤᠳᠠᠢ᠂ ᠴᠠᠭᠠᠨ ᠪᠤᠭᠤᠳᠠᠢ ᠪᠣᠯᠤᠨ ᠬᠥᠬᠡ ᠲᠠᠷᠢᠶ᠎ᠠ᠂ ᠴᠠᠭᠠᠨ ᠲᠠᠷᠢᠶ᠎ᠠ᠂ ᠬᠦᠷᠡᠩ ᠲᠠᠷᠢᠶ᠎ᠠ᠂ ᠬᠤᠵᠢᠭᠡᠷ ᠲᠠᠷᠢᠶ᠎ᠠ ᠭᠡᠬᠦ ᠮᠡᠳᠦ ᠶᠢ ᠨᠡᠯᠢᠶᠡᠳ ᠲᠥᠭᠡᠮᠡᠯ ᠪᠦᠭᠡᠳ ᠡᠯᠪᠡᠭ ᠲᠠᠷᠢᠵᠤ ᠪᠠᠶᠢᠭᠰᠠᠨ ᠪᠦᠭᠡᠳ ᠬᠤᠰᠢᠭᠤ ᠬᠤᠰᠢᠭᠤᠨ ᠤ ᠲᠠᠷᠢᠶᠠᠨ ᠤᠶᠢᠯᠠ ᠶᠢᠨ ᠵᠠᠩᠰᠢᠯ ᠶᠣᠰᠤᠨ ᠴᠤ ᠶᠡᠭᠡ ᠲᠥᠯᠦᠪ ᠠᠳᠠᠯᠢᠪᠲᠤᠷ ᠪᠠᠶᠢᠭᠰᠠᠨ ᠭᠡᠨ᠎ᠡ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号