ᠲᠤᠷᠭᠤᠳ ᠠᠩᠴᠢᠨ ᠤ ᠭᠦᠷᠣᠭᠡᠰᠦ ᠠᠩᠨᠠᠬᠤ ᠣᠷᠡᠨ ᠠᠷᠭ᠎ᠠ ᠴᠤᠮᠤᠳ ᠤᠨ ᠴᠢᠮᠡᠳᠳ᠋᠊
ᠨᠡᠶᠢᠲᠡᠯᠡᠭᠰᠡᠨ ᠴᠠᠭ᠄
2020/6/5
     ᠲᠤᠷᠭᠤᠳᠴᠤᠳ ᠤᠨ ᠠᠡᠭ ᠠᠩᠨᠠᠯ ᠤᠨ ᠰᠤᠶᠤᠯ ᠲᠤᠳᠤᠷ᠎ᠠ ᠠᠡᠭ ᠤᠨ ᠬᠦᠷᠦᠬᠡᠰᠦ ᠶᠢ ᠬᠡᠳᠡᠬᠦ᠂ ᠲᠤᠰᠬᠤ ᠵᠡᠷᠬᠡ ᠠᠷᠭ᠎ᠠ᠂ ᠦᠷᠭᠦᠵᠦ ᠵᠢᠭᠤᠳᠠᠬᠤ ᠵᠦᠭ ᠴᠢᠭᠯᠡᠯ ᠢ ᠨᠢ ᠲᠤᠳᠤᠷᠬᠠᠢ ᠲᠤᠬᠳᠠᠭᠠᠨ ᠠᠩᠨᠠᠵᠦ ᠴᠢᠳᠠᠬᠤ ᠤᠷ᠎ᠠ ᠤᠬᠠᠭᠠᠨ ᠨᠢ ᠮᠦᠨ ᠴᠤ ᠴᠢᠬᠤᠯᠠ ᠦᠪ ᠶᠤᠮ᠃ ᠡ᠊ᠨᠳᠡ ᠬᠡᠳᠦᠨ ᠠᠷᠭ᠎ᠠ ᠤᠷ᠎ᠠ ᠶᠢ ᠲᠦᠬᠦᠮ ᠲᠠᠨᠢᠯᠴᠠᠭᠤᠯᠰᠤ᠃     ᠭᠡᠳᠡᠵᠦ ᠠᠩᠨᠠᠬᠤ ᠠᠷᠭ᠎ᠠ᠄ ᠲᠣᠰ ᠠᠷᠭ᠎ᠠ ᠶᠢ ᠠᠩᠴᠢᠨ ᠭᠦᠮᠣᠨ ᠤ ᠬᠠᠮᠤᠭ ᠤᠨ ᠲᠡᠭᠡᠷ᠎ᠡ ᠣᠷᠡᠨ ᠮᠡᠷᠭᠡᠵᠢᠯ ᠲᠠᠢ ᠠᠷᠭ᠎ᠠ ᠭᠡᠵᠤ ᠪᠣᠯᠣᠨ᠎ᠠ᠃ ᠰᠠᠶᠢᠨ ᠠᠩᠴᠢ ᠦᠶ᠎ᠡ ᠶᠢᠨ ᠦᠶ᠎ᠡ ᠠᠴᠠ ᠣᠯᠠᠮᠵᠢᠯᠠᠭᠳᠡᠨ ᠢᠷᠡᠭᠰᠡᠨ ᠨᠢᠭᠡ ᠭᠦᠮᠣᠵᠢᠯ ᠤᠨ ᠰᠠᠶᠢᠬᠠᠨ ᠭᠡᠯᠡᠯᠭᠡ ᠪᠠᠶᠢᠳᠠᠭ᠂ ᠡᠭᠦᠨ ᠢ ︽ᠭᠦᠮᠣᠨ ᠮᠡᠷᠭᠡᠨ ᠪᠢᠰᠢ ᠭᠠᠵᠠᠷ ᠮᠡᠷᠭᠡᠨ︾ ᠭᠡᠵᠤ ᠭᠡᠯᠡᠳᠡᠭ᠃ ᠣᠴᠢᠷ ᠨᠢ ᠭᠠᠵᠠᠷ ᠤᠨ ᠪᠠᠶᠢᠴᠡ᠂ ᠰᠠᠯᠭᠢᠨ ᠤ ᠴᠢᠭᠯᠡᠯ᠂ ᠰᠠᠯᠭᠢᠨ ᠤ ᠶᠡᠭᠡ ᠪᠠᠭ᠎ᠠ ᠶᠢᠨ ᠬᠤᠪᠢᠷᠡᠯᠳᠡ᠂ ᠪᠠᠶ᠎ᠡ ᠶᠢᠨ ᠡᠪ ᠭᠦᠳᠡᠯᠭᠡᠭᠡ᠂ ᠪᠠᠶ᠎ᠡ ᠶᠢᠨ ᠠᠯᠬᠤᠴᠡ ᠶᠢᠨ ᠭᠦᠨᠳᠦ ᠭᠦᠩᠭᠡᠨ᠂ ᠭᠦᠯ ᠤᠨ ᠲᠠᠪᠢᠴᠡ᠂ ᠠᠮᠢᠰᠬᠤᠯ ᠤᠨ ᠠᠨᠢᠷ ᠵᠡᠷᠭᠡ ᠶᠢ ᠵᠣᠭᠢᠴᠠᠭᠤᠯᠣᠨ ᠣᠷᠡᠨ ᠮᠡᠷᠭᠡᠵᠢᠯ ᠤᠨ ᠲᠣᠷᠰᠢᠯᠭᠠᠳᠦ ᠠᠷᠭ᠎ᠠ ᠪᠠᠷ ᠭᠦᠷᠣᠭᠡᠰᠦᠨ ᠤ ᠰᠦᠷᠦᠭ ᠲᠤ ᠣᠶᠢᠷᠡᠳᠣᠬᠤ ᠶᠢ ᠭᠡᠯᠠᠵᠦ ᠪᠠᠶᠢᠨ᠎ᠠ᠃ ᠪᠠᠰᠠ ᠴᠢᠬᠤᠯᠠᠳᠡᠢ ᠪᠠᠶᠢᠳᠡᠯ ᠢ ᠦᠨᠳᠣᠰᠣᠯᠠᠵᠦ᠂ ᠭᠦᠯ ᠤᠨ ᠴᠠᠷᠠᠭ ︵ᠴᠠᠷᠠᠭ ᠭᠡᠵᠤ ᠮᠠᠯᠴᠢᠨ ᠭᠦᠮᠣᠨ ᠡᠷᠳᠡᠨ ᠠᠴᠠ ᠭᠡᠷᠡᠭᠯᠠᠵᠦ ᠢᠷᠡᠭᠰᠡᠨ ᠦᠭᠡᠷ᠂ ᠭᠦᠷᠣᠭᠡᠰᠦᠨ ᠤ ᠠᠷᠠᠰᠦ ᠪᠠᠷ ᠭᠢᠭᠰᠡᠨ᠂ ᠢᠰᠡᠭᠡᠢ ᠣᠶᠢᠮᠣᠰᠦ ᠲᠡᠭᠡᠷ᠎ᠡ ᠡᠯᠭᠦᠵᠦ᠂ ᠰᠢᠳᠠᠮᠣᠰᠦ ᠪᠠᠷ ᠲᠠᠳᠡᠵᠦ ᠭᠦᠯ ᠤᠨ ᠰᠢᠯᠪᠢ ᠳᠤ ᠣᠷᠢᠶᠠᠵᠦ ᠪᠠᠭᠯᠠᠳᠠᠭ ᠪᠦᠭᠡᠳ ᠭᠦᠯ ᠳᠤ ᠡᠮᠣᠰᠦᠭᠰᠡᠨ ᠭᠡᠷᠡᠭᠰᠡᠯ ᠢ ᠨᠠᠷᠡᠯᠠᠨ᠎ᠠ︶ ᠢᠶᠠᠨ ᠲᠠᠶᠢᠯᠵᠦ ᠪᠦᠰᠡᠨ ᠳᠡᠭᠡᠨ ᠬᠠᠪᠴᠢᠭᠤᠯᠤᠭᠠᠳ᠂ ᠬᠠᠯᠳᠤᠷᠢᠬᠤ ᠪᠣᠶᠣ ᠭᠦᠷᠣᠭᠡᠰᠦᠨ ᠠᠨᠢᠷ ᠴᠢᠮᠡᠭᠡ ᠠᠪᠴᠣ ᠦᠷᠭᠦᠭᠦ ᠠᠴᠠ ᠪᠣᠯᠭᠤᠮᠵᠢᠯᠠᠨ᠂ ᠬᠠᠷᠪᠣᠬᠤ ᠭᠡᠵᠤ ᠪᠠᠶᠢᠭ᠎ᠠ ᠭᠦᠷᠣᠭᠡᠰᠦᠨ ᠤ ᠰᠦᠷᠦᠭ ᠲᠤ ᠤᠢᠢᠷᠠᠳᠤᠨ᠎ᠠ᠃ ᠰᠠᠶᠢᠨ ᠮᠠᠷᠭᠡᠨ ᠭᠦᠮᠣᠨ ᠬᠠᠷᠪᠣᠭᠰᠠᠨ ᠫᠣᠣ ᠶᠢᠨ ᠢᠶᠠᠨ ᠰᠣᠮᠣᠨ ᠢ ᠦᠵᠡᠳᠡᠭ ᠪᠠᠶᠢᠵᠦ᠂ ᠶᠠᠮᠠᠷ ᠭᠠᠵᠠᠷ ᠢᠶᠠᠷ ᠲᠣᠰᠣᠭᠰᠠᠨ ᠢ ᠲᠣᠩ ᠲᠣᠳᠣᠷᠬᠠᠢ ᠮᠡᠳᠡᠳᠡᠭ᠃ ᠭᠦᠷᠣᠭᠡᠰᠦᠨ ᠤ ᠶᠠᠮᠠᠷ ᠲᠠᠯ᠎ᠠ ᠪᠠᠷ ᠰᠣᠮᠣᠨ ᠣᠨᠣᠭᠰᠠᠨ᠂ ᠬᠤᠶᠠᠳᠣᠭᠠᠷ ᠰᠠᠮ ︵ᠣᠳᠠᠭ᠎ᠠ︶ ᠤᠨ ᠬᠠᠷᠪᠣᠯᠭᠠᠨ ᠴᠢᠬᠤᠯᠠᠳᠡᠢ ᠴᠢᠬᠤᠯᠠ ᠦᠭᠡᠢ ᠶᠢ ᠨᠢᠭᠡᠳᠣᠭᠡᠷ ᠰᠠᠮ ᠤᠨ ᠬᠠᠷᠪᠣᠯᠭᠠᠨ ᠢᠶᠠᠷ ᠲᠣᠭᠳᠠᠭᠠᠳᠠᠭ᠃ ᠪᠠᠰᠠ ᠮᠡᠷᠭᠡᠨ ᠭᠦᠮᠣᠨ ᠭᠡᠯᠡᠭᠦ ᠳᠡᠭᠡᠨ ᠫᠣᠣ ᠶᠢ ᠬᠠᠷᠪᠣᠵᠦ ᠣᠨᠣᠭᠠᠭᠰᠠᠨ ᠢ ᠨᠢ ᠮᠡᠷᠭᠡᠨ ᠭᠡᠵᠤ ᠭᠡᠯᠡᠳᠡᠭ ᠦᠭᠡᠢ᠂ ᠭᠦᠷᠣᠭᠡᠰᠦᠨ ᠳᠤ ᠣᠶᠢᠷᠡᠳᠣᠭᠰᠡᠨ ᠪᠠᠶᠢᠬᠤ ᠶᠢ ᠮᠡᠷᠭᠡᠨ ᠠᠷᠭ᠎ᠠ ᠲᠠᠢ ᠮᠡᠷᠭᠡᠨ ᠭᠦᠮᠣᠨ ᠭᠡᠵᠤ ᠭᠡᠯᠡᠳᠡᠭ᠃ ᠡᠨᠡ ᠭᠡᠯᠡᠯᠭᠡ ᠠᠴᠠ ᠦᠵᠠᠪᠠᠯ᠂ ᠣᠷᠡᠨ ᠠᠷᠭ᠎ᠠ ᠮᠡᠷᠭᠡᠵᠢᠯ ᠢᠶᠠᠷ ᠭᠦᠷᠣᠭᠡᠰᠦᠨ ᠤ ᠰᠦᠷᠦᠭ ᠲᠤ ᠣᠶᠢᠷᠡᠳᠦᠬᠰᠡᠨ ᠪᠠᠶᠢᠬᠤ ᠭᠡᠷᠡᠭ ᠶᠠᠪᠣᠳᠡᠯ ᠢ ᠮᠡᠷᠭᠡᠨ ᠭᠡᠵᠤ ᠭᠡᠯᠠᠵᠦ ᠪᠠᠶᠢᠨ᠎ᠠ᠃ ᠲᠤᠰ ᠣᠷᠡᠨ ᠮᠡᠷᠭᠡᠵᠢᠯ ᠤᠨ ᠵᠣᠷᠢᠯᠭ᠎ᠠ ᠨᠢ ᠭᠦᠷᠣᠭᠡᠰᠦᠨ ᠤ ᠰᠦᠷᠦᠭ ᠲᠤ ᠣᠶᠢᠷᠡᠳᠣᠵᠦ᠂ ᠭᠦᠷᠣᠭᠡᠰᠦᠨ ᠤ ᠰᠦᠷᠦᠭ ᠤᠨ ᠲᠣᠳᠣᠷ᠎ᠡ ᠰᠢᠯᠭᠠᠵᠦ ᠪᠠᠶᠢᠭᠠᠳ᠂ ᠬᠠᠷᠪᠣᠬᠤ ᠭᠡᠰᠡᠨ ᠢᠶᠠᠨ ᠬᠠᠷᠪᠣᠵᠦ᠂ ᠭᠦᠷᠣᠭᠡᠰᠦᠨ ᠤ ᠰᠦᠷᠦᠭ ᠲᠤ ᠰᠢᠷᠬᠠᠳᠦᠯ ᠰᠦᠢᠳᠭᠡᠯ ᠦᠭᠡᠢ᠂ ᠰᠣᠮᠣᠨ ᠲᠠᠷᠢ ᠦᠷᠡᠩᠭᠡᠢ ︵ᠭᠠᠷᠣᠴᠡ ᠦᠭᠡᠢ︶ ᠴᠤ ᠦᠭᠡᠢ ᠪᠠᠷ ᠨᠢᠭᠡ ᠭᠦᠷᠣᠭᠡᠰᠦ ᠶᠢ ᠨᠢᠭᠡ ᠲᠣᠣᠷ᠎ᠡ ᠨᠢ ᠪᠠᠳᠣᠯᠠᠨ ᠬᠠᠷᠪᠣᠵᠦ ᠣᠨᠠᠭᠠᠬᠤ ᠭᠡᠰᠡᠨ ᠰᠠᠨᠠᠭ᠎ᠠ ᠶᠣᠮ᠃ ᠡᠨᠡ ᠨᠢ ᠭᠡᠳᠡᠵᠦ ᠬᠠᠷᠪᠣᠬᠤ ᠠᠷᠭ᠎ᠠ ᠶᠢᠨ ᠭᠤᠣᠯ ᠴᠢᠬᠤᠯᠠ ᠣᠷᠡᠨ ᠮᠡᠷᠭᠡᠵᠢᠯ ᠪᠣᠯᠣᠨ᠎ᠠ᠃ ᠮᠡᠷᠭᠡᠨ ᠭᠦᠮᠣᠨ ᠪᠠᠶᠢᠭᠠᠯᠢ ᠠᠮᠢᠳᠡᠨ ᠢ ᠣᠶᠢᠯᠠᠭᠠᠵᠦ ᠭᠦᠨᠳᠣᠳᠭᠡᠭᠰᠡᠨ ᠨᠢᠭᠡ ᠵᠦᠢᠯ ᠤᠨ ᠡᠷᠭᠢᠮ ᠲᠡᠭᠡᠳᠦ ᠮᠡᠷᠭᠡᠨ ᠠᠷᠭ᠎ᠠ ᠶᠣᠮ᠃ ᠲᠣᠰ ᠠᠷᠭ᠎ᠠ ᠶᠢ ᠭᠠᠭᠴᠠ ᠭᠦᠮᠣᠨ ᠭᠡᠷᠡᠭᠯᠡᠳᠡᠭ ᠪᠠ ᠭᠦᠷᠣᠭᠡᠰᠦ ᠲᠠᠭᠤᠭᠰᠠᠨ ᠭᠦᠮᠣᠨ ᠬᠠᠷᠪᠣᠬᠤ ᠭᠠᠵᠠᠷ ᠤᠨ ᠪᠠᠶᠢᠴᠡ ᠠᠴᠠ ᠨᠢ ᠭᠡᠳᠡᠵᠦ ᠭᠦᠷᠴᠤ ᠬᠠᠷᠪᠣᠭᠠᠳ᠂ ᠭᠦᠷᠣᠭᠡᠰᠦ ᠦᠷᠭᠦᠭᠰᠡᠨ ᠤ ᠲᠠᠷᠠᠭ᠎ᠠ ᠬᠠᠶᠢᠭᠢᠷᠵᠦ ︵ᠬᠠᠰᠭᠢᠷᠴᠣ ︶᠂ ᠴᠢᠯᠠᠭᠤ ᠬᠠᠶᠠᠵᠦ᠂ ᠴᠢᠯᠠᠭᠤ ᠭᠤᠯᠳᠣᠭᠠᠵᠦ ︵ᠭᠤᠯᠭᠤᠷᠢᠭᠤᠯᠵᠦ︶᠂ ᠲᠣᠰᠣᠭᠰᠠᠨ ᠭᠡᠳᠦᠨ ᠭᠦᠮᠣᠨ ᠤ ᠲᠣᠰᠣᠯᠭᠠᠨ ᠳᠤ ᠭᠦᠷᠭᠡᠭᠦ ᠠᠷᠭ᠎ᠠ ᠶᠣᠮ᠃ ᠭᠡᠳᠡᠯ᠎ᠠ ᠭᠦᠷᠣᠭᠡᠰᠦ ᠶᠢ ᠭᠡᠳᠡᠭᠦ ᠲᠠᠭᠤᠯᠭᠠᠨ ᠳᠤ ᠪᠠᠰᠠ ᠭᠦᠷᠣᠭᠡᠰᠦᠨ ᠤ ᠰᠦᠷᠦᠭ ᠨᠢ ᠶᠠᠮᠠᠷ ᠭᠦᠷᠣᠭᠡᠰᠦᠨ ᠤ ᠰᠦᠷᠦᠭ᠂ ᠶᠠᠮᠠᠷ ᠭᠦᠷᠣᠭᠡᠰᠦ ᠪᠣᠯᠬᠤ ᠶᠢ ᠦᠨᠳᠣᠰᠣᠯᠠᠵᠦ᠂ ᠭᠡᠳᠡᠵᠦ ᠬᠠᠷᠪᠣᠬᠤ ᠶᠣᠮ ᠤᠤ᠂ ᠲᠠᠭᠤᠵᠦ ᠬᠠᠷᠪᠣᠬᠤ ᠶᠣᠮ ᠦᠦ ᠭᠡᠳᠡᠭ ᠢᠶᠠᠨ ᠳᠤᠭᠳᠠᠭᠠᠨ᠎ᠠ᠃ ᠡᠩ ᠤᠨ ᠪᠠᠶᠢᠳᠡᠯ ᠲᠣᠣᠷ᠎ᠡ ᠪᠣᠭᠤ ᠮᠠᠷᠡᠯ ᠂ ᠭᠤᠯᠽᠠ ᠠᠷᠭᠠᠯᠢ᠂ ᠲᠡᠭᠡ ᠢᠮᠠᠭᠠᠨ᠂ ᠭᠤᠷ ᠵᠦᠷ᠂ ᠵᠡᠭᠡᠷ᠎ᠡ᠂ ᠢᠷᠪᠢᠰ᠂ ᠴᠢᠨ᠋ᠸ᠎ᠠ᠂ ᠦᠨᠡᠭᠡ᠂ ᠭᠠᠭ᠋ᠠᠢ ᠵᠡᠷᠭᠡ ᠠᠮᠢᠳᠡᠳ ᠢ ᠠᠩᠨᠠᠬᠤ ᠪᠠᠷ ᠭᠤᠣᠯ ᠪᠣᠯᠭᠠᠳᠠᠭ ᠶᠣᠮ᠃ ᠲᠣᠰ ᠭᠦᠷᠣᠭᠡᠰᠦᠨ ᠨᠦᠭᠦᠳ ᠶᠠᠮᠠᠷ ᠤᠯᠠᠷᠢᠯ ᠶᠠᠮᠠᠷ ᠴᠠᠭ ᠢᠶᠠᠷ ᠪᠡᠯᠴᠢᠨ ᠢᠳᠡᠭᠡᠰᠢᠯᠠᠭᠦ ᠨᠢ ᠭᠠᠵᠠᠷ ᠤᠨ ᠪᠠᠶᠢᠴᠡ ᠪᠠᠷ ᠲᠣᠩ ᠠᠳᠠᠯᠢ ᠦᠭᠡᠢ ᠠᠴᠠ ᠭᠡᠳᠡᠭᠦ᠂ ᠲᠠᠭᠤᠬᠤ᠂ ᠲᠣᠰᠬᠤ ᠨᠢ ᠪᠦᠷ ᠠᠰ ᠠᠰ ᠤᠨ ᠠᠳᠠᠯᠢ ᠪᠣᠰᠦ ᠠᠷᠭ᠎ᠠ ᠭᠡᠯᠪᠠᠷᠢ ᠲᠠᠢ ᠪᠠᠶᠢᠳᠠᠭ ᠶᠣᠮ᠃     ᠦᠩᠭᠡᠶᠢᠵᠦ ᠠᠩᠨᠠᠬᠤ ᠠᠷᠭ᠎ᠠ᠄ ᠡᠨᠡ ᠠᠷᠭ᠎ᠠ ᠨᠢ ᠪᠦᠷᠢᠮᠣᠰᠦᠨ ᠳᠡᠭᠡᠨ ᠭᠤᠣᠯᠳᠠᠭᠤ ᠪᠠᠶᠢᠭᠠᠯᠢ ᠶᠢᠨ ᠣᠷᠴᠢᠨ ᠲᠣᠭᠤᠷᠢᠨ ᠢᠶᠠᠨ ᠨᠠᠷᠢᠨ ᠠᠰᠢᠭᠯᠠᠳᠠᠭ᠃ ᠦᠩᠭᠡᠶᠢᠯᠬᠡᠨ ᠭᠡᠳᠡᠭ ᠨᠢ ᠲᠣᠭᠳᠠᠮᠠᠯ ᠭᠦᠷᠣᠭᠡᠰᠦ ᠢᠳᠡᠰᠢᠯᠠᠭᠦ ᠳᠤ ᠣᠶᠢᠷᠡᠬᠠᠨ ᠡᠪᠳᠡᠢ ᠭᠠᠵᠠᠷ ᠤᠨ ᠪᠠᠶᠢᠴᠡ ᠪᠠᠶᠢᠳᠠᠭ᠃ ᠡᠨᠡ ᠪᠠᠶᠢᠷᠢ ᠶᠢ ᠦᠷᠯᠣᠭᠡ ᠡᠷᠳᠡ ᠶᠣᠮ ᠤᠤ ᠠᠰᠬᠠᠨ ᠣᠷᠣᠢ ᠢᠳᠡᠰᠢ ᠳᠤᠨᠢ ᠢᠷᠡᠵᠦ ᠦᠩᠭᠡᠶᠢᠭᠡᠳ ᠭᠦᠷᠣᠭᠡᠰᠦ ᠶᠢ ᠬᠠᠷᠪᠣᠳᠠᠭ᠃ ᠦᠩᠭᠡᠶᠢᠭᠦ ᠬᠠᠷᠪᠣᠯᠭᠠᠨ ᠳᠤ ᠪᠠᠰᠠ ᠦᠩᠭᠡᠶᠢᠭᠦ ᠠᠷᠭ᠎ᠠ ᠲᠠᠮ ᠪᠠᠶᠢᠳᠠᠭ᠃ ᠦᠩᠭᠡᠶᠢᠭᠦ ᠳᠡᠭᠡᠨ ᠭᠡᠯᠡᠯᠭᠡᠨ ᠦᠭᠡᠢ᠂ ᠰᠠᠯᠭᠢ ᠴᠢᠭᠯᠡᠨ ᠰᠡᠪ ᠰᠡᠷᠡᠮᠵᠢᠲᠠᠢ ᠪᠠᠷ ᠭᠦᠷᠣᠭᠡᠰᠦ ᠠᠨᠢᠷ ᠠᠪᠬᠤ ᠠᠴᠠ ᠪᠣᠯᠭᠤᠮᠵᠢᠯᠠᠨ᠂ ᠪᠡᠶ᠎ᠡ ᠪᠠᠨ ᠲᠠᠯᠳᠠᠯᠠᠨ ᠭᠦᠷᠣᠭᠡᠰᠦ ᠶᠢ ᠦᠩᠭᠡᠶᠢᠳᠡᠭ᠃ ᠪᠠᠰᠠ ᠪᠢᠳᠡᠭᠦᠣ ᠦᠩᠭᠡᠶᠢᠭᠦ ᠭᠡᠵᠤ ᠪᠠᠶᠢᠳᠠᠭ᠃ ᠡᠨᠡ ᠨᠢ ᠶᠠᠮᠠᠷ ᠴᠤ ᠭᠦᠷᠣᠭᠡᠰᠦ ᠶᠢ ᠦᠵᠡᠭᠰᠡᠨ ᠦᠭᠡᠢ᠂ ᠭᠦᠷᠣᠭᠡᠰᠦ ᠪᠠᠶᠢᠬᠤ ᠡᠰᠡᠭᠦ ᠶᠢ ᠨᠢ ᠮᠡᠳᠡᠭᠦ ᠦᠭᠡᠢ ᠪᠠᠶᠢᠳᠡᠯ ᠤᠨ ᠲᠣᠣᠷ᠎ᠡ ᠰᠢᠭᠤᠳ ᠢᠷᠡᠵᠦ ᠪᠢᠳᠡᠭᠦᠣ ᠦᠩᠭᠡᠶᠢᠳᠡᠭ᠃ ᠭᠦᠷᠣᠭᠡᠰᠦᠨ ᠯᠠᠪ ᠪᠠᠶᠢᠬᠤ ᠶᠢ ᠮᠡᠳᠡᠭᠰᠡᠨ ᠤ ᠲᠠᠷᠠᠭ᠎ᠠ ᠦᠩᠭᠡᠶᠢᠪᠠᠯ ᠭᠦᠷᠣᠭᠡᠰᠦᠨ ᠤ ᠦᠩᠭᠡᠶᠢᠯᠬᠡᠨ ᠨᠢ ᠶᠠᠮᠠᠷ ᠲᠠᠯ᠎ᠠ ᠳᠤᠨᠢ ᠪᠠᠶᠢᠬᠤ ᠶᠢ ᠮᠠᠳᠡᠵᠤ᠂ ᠰᠡᠳᠭᠢᠯ ᠳᠡᠭᠡᠨ ᠲᠤᠭ᠎ᠠ ᠲᠠᠢ᠂ ᠬᠠᠷᠪᠣᠯᠭᠠᠨ ᠴᠤ ᠣᠨᠣᠪᠴᠢᠳᠡᠢ ᠰᠠᠶᠢᠨ ᠪᠣᠯᠳᠠᠭ᠃     ᠬᠠᠴᠡᠯᠠᠵᠦ ᠠᠩᠨᠠᠬᠤ ᠠᠷᠭ᠎ᠠ᠄ ᠬᠠᠴᠡᠯᠠᠬᠤ ᠭᠡᠳᠡᠭ ᠨᠢ ᠭᠦᠷᠣᠭᠡᠰᠦᠨ ᠤ ᠰᠦᠷᠦᠭ ᠢ ᠦᠵᠡᠭᠰᠡᠨ ᠪᠣᠯᠣᠨ ᠦᠩᠭᠡᠶᠢᠵᠦ ᠦᠵᠡᠭᠰᠡᠨ ᠤ ᠲᠠᠷᠠᠭ᠎ᠠ᠂ ᠶᠠᠮᠠᠷ ᠭᠦᠷᠣᠭᠡᠰᠦ ᠪᠣᠯᠬᠤ᠂ ᠭᠡᠳᠦᠢ ᠭᠦᠷᠣᠭᠡᠰᠦ ᠪᠠᠶᠢᠬᠤ᠂ ᠬᠠᠷᠠᠭᠤᠯ ᠳᠤ ᠵᠣᠭᠰᠣᠭᠰᠠᠨ ᠭᠦᠷᠣᠭᠡᠰᠦ ᠨᠢ ᠠᠯᠢ ᠲᠠᠯ᠎ᠠ ᠨᠢ ᠪᠠᠶᠢᠬᠤ ᠵᠡᠷᠭᠡ ᠶᠢ ᠣᠶᠢᠯᠠᠭᠠᠵᠦ ᠲᠣᠳᠣᠯᠠᠵᠦ ᠪᠣᠯᠣᠮᠠᠭᠴᠡ ᠪᠠᠨ ᠭᠦᠷᠣᠭᠡᠰᠦᠨ ᠤ ᠪᠠᠶᠢᠭᠰᠠᠨ ᠭᠠᠵᠠᠷ ᠤᠨ ᠪᠠᠶᠢᠴᠡ᠂ ᠭᠦᠷᠣᠭᠡᠰᠦᠨ ᠤ ᠰᠦᠷᠦᠭ ᠤᠨ ᠪᠠᠶᠢᠳᠡᠯ᠂ ᠪᠠᠶ᠎ᠡ ᠪᠠᠨ ᠫᠣᠣ ᠶᠢᠨ ᠪᠠᠶᠢᠳᠡᠯ ᠳᠠᠭᠠᠨ ᠦᠨᠳᠣᠰᠣᠯᠠᠵᠦ᠂ ᠭᠦᠷᠣᠭᠡᠰᠦ ᠶᠢ ᠬᠠᠷᠪᠣᠬᠤ ᠳᠤ ᠬᠠᠮᠤᠭ ᠤᠨ ᠣᠨᠣᠪᠴᠢᠳᠡᠢ ᠲᠣᠰᠬᠤ ᠪᠠᠶᠢᠷᠢᠨ ᠤ ᠴᠢᠭ ᠲᠤ ᠭᠦᠷᠳᠡᠭ ᠠᠷᠭ᠎ᠠ ᠪᠠᠷᠢᠯ ᠢ ᠬᠠᠴᠡᠯᠠᠬᠤ ᠭᠡᠵᠤ ᠭᠡᠯᠡᠳᠡᠭ᠃ ᠭᠦᠷᠣᠭᠡᠰᠦᠨ ᠤ ᠰᠦᠷᠦᠭ ᠲᠤ ᠬᠠᠷᠠᠭᠤᠯ ᠵᠣᠭᠰᠣᠬᠤ ᠭᠦᠷᠣᠭᠡᠰᠦ ᠭᠡᠵᠤ ᠶᠠᠮᠠᠷ ᠴᠤ ᠲᠦᠷᠣᠯ ᠤᠨ ᠭᠦᠷᠣᠭᠡᠰᠦᠨ ᠤ ᠰᠦᠷᠦᠭ ᠤᠨ ᠲᠣᠳᠣᠷ᠎ᠡ ᠪᠠᠶᠢᠳᠠᠭ᠂ ᠪᠣᠰᠣᠳ ᠠᠮᠢᠳᠡᠨ ᠤ ᠬᠠᠯᠳᠡᠯ ᠠᠴᠠ ᠪᠣᠯᠭᠤᠮᠵᠢᠯᠠᠨ ᠨᠢᠭᠡ ᠨᠢ ᠬᠠᠷᠠᠭᠤᠯ ᠵᠣᠭᠰᠣᠵᠦ ᠬᠤᠯᠠ ᠶᠢᠨ ᠪᠠᠶᠢᠳᠡᠯ ᠢ ᠠᠵᠢᠭᠯᠠᠵᠦ ᠪᠠᠶᠢᠳᠠᠭ᠃ ᠡᠭᠦᠨ ᠢ ᠬᠠᠷᠡᠭᠤᠯ ᠵᠣᠭᠰᠣᠬᠤ ᠭᠡᠨ᠎ᠠ᠃ ᠬᠠᠷᠠᠭᠤᠯ ᠵᠣᠭᠰᠣᠭᠰᠠᠨ ᠭᠦᠷᠣᠭᠡᠰᠦᠨ ᠤ ᠪᠠᠶᠢᠳᠡᠯ ᠢ ᠨᠠᠷᠢᠨ ᠠᠵᠢᠭᠯᠠᠨ ᠲᠣᠳᠣᠯᠠᠬᠤ ᠨᠢ ᠲᠣᠩ ᠴᠢᠬᠤᠯᠠ ᠲᠠᠢ᠂ ᠢᠩᠭᠢᠭᠡᠳ ᠭᠦᠷᠣᠭᠡᠰᠦ ᠭᠡᠳᠡᠭᠦ ᠣᠯᠠᠨ ᠠᠷᠭ᠎ᠠ ᠪᠠᠷᠢᠯ ᠲᠠᠢ ᠣᠶᠠᠯᠳᠣᠭᠤᠯᠣᠨ᠂ ᠣᠷᠴᠢᠨ ᠲᠣᠭᠤᠷᠢᠨ ᠵᠡᠷᠭᠡ ᠶᠢ ᠨᠠᠷᠢᠨ ᠠᠵᠢᠭᠯᠠᠵᠦ᠂ ᠪᠠᠶ᠎ᠡ ᠪᠠᠨ ᠨᠢᠭᠤᠭᠳᠠᠭᠤᠯᠣᠨ᠂ ᠭᠠᠵᠠᠷ ᠤᠨ ᠪᠠᠶᠢᠴᠡ ᠪᠠᠷ ᠲᠠᠮᠵᠢᠨ ᠬᠠᠷᠪᠣᠬᠤ ᠭᠡᠰᠡᠨ ᠭᠦᠷᠣᠭᠡᠰᠦᠨ ᠳᠤ ᠭᠦᠷᠳᠡᠭ ᠠᠷᠭ᠎ᠠ ᠶᠣᠮ     ᠲᠣᠰᠴᠦ ᠠᠩᠨᠠᠬᠤ ᠠᠷᠭ᠎ᠠ᠄ ᠲᠣᠰ ᠬᠠᠷᠪᠣᠬᠤ ᠠᠷᠭ᠎ᠠ ᠨᠢ ᠭᠦᠷᠣᠭᠡᠰᠦ ᠶᠢ ᠲᠠᠭᠤᠭᠰᠠᠨ ᠭᠦᠮᠣᠨ ᠢᠶᠠᠷ ᠭᠤᠣᠯᠯᠠᠳᠠᠭ᠂ ᠣᠴᠢᠷ ᠨᠢ ᠭᠦᠷᠣᠭᠡᠰᠦ ᠲᠠᠭᠤᠭᠰᠠᠨ ᠭᠦᠮᠣᠨ ᠨᠢ ᠬᠠᠮᠤᠭ ᠴᠢᠬᠤᠯᠠᠳᠡᠢ᠃ ᠡᠨᠡ ᠭᠦᠮᠣᠨ ᠬᠠᠮᠤᠭ ᠤᠨ ᠲᠣᠷᠰᠢᠯᠭ᠎ᠠ ᠲᠠᠢ ᠣᠯᠠᠨ ᠠᠷᠭ᠎ᠠ ᠮᠡᠷᠭᠡᠵᠢᠯ ᠲᠠᠢ ᠪᠠᠶᠢᠬᠤ ᠶᠣᠰᠣᠳᠡᠢ᠃ ᠭᠦᠷᠣᠭᠡᠰᠦ ᠶᠢ ᠲᠣᠰᠬᠤ ᠳᠠᠭᠠᠨ ᠬᠤᠶᠠᠷ ᠠᠴᠠ ᠭᠤᠷᠪᠠᠨ ᠴᠠᠭ ᠢᠶᠠᠷ ᠲᠣᠰᠳᠠᠭ᠃ ᠲᠠᠭᠤᠭᠳᠠᠭᠰᠠᠨ ᠭᠦᠷᠣᠭᠡᠰᠦ ᠭᠦᠮᠣᠨ ᠤ ᠰᠠᠨᠠᠭ᠎ᠠ ᠪᠠᠷ ᠲᠣᠰᠣᠭᠰᠠᠨ ᠭᠦᠮᠣᠨ ᠪᠦᠭᠦᠨ ᠳᠤ ᠭᠦᠷᠴᠣ ᠬᠠᠷᠪᠣᠭᠤᠯᠳᠠᠭ ᠦᠭᠡᠢ᠃ ᠭᠡᠳᠡᠯ᠎ᠠ ᠲᠠᠭᠤᠭᠰᠠᠨ ᠭᠦᠮᠣᠨ ᠭᠦᠷᠣᠭᠡᠰᠦᠨ ᠤ ᠰᠦᠷᠦᠭ ᠤᠨ ᠲᠦᠷᠦᠬᠦᠦ᠂ ᠭᠦᠷᠣᠭᠡᠰᠦᠨ ᠤ ᠪᠠᠶᠢᠳᠡᠯ ᠢ ᠰᠠᠶᠢᠨ ᠣᠶᠢᠯᠠᠭᠠᠵᠦ ᠠᠵᠢᠭᠯᠠᠭᠠᠳ᠂ ᠭᠦᠭᠰᠢᠨ ᠵᠠᠯᠠᠭᠤ ᠪᠣᠯᠬᠤ ᠶᠢ ᠨᠢ ᠠᠩᠬᠠᠷᠴᠣ᠂ ᠪᠠᠰᠠ ᠲᠠᠭᠦᠨ ᠤ ᠴᠢᠭᠯᠡᠭᠰᠡᠨ ᠵᠦᠭ᠂ ᠬᠤᠷᠳᠣᠴᠡ ᠭᠦᠳᠡᠯᠭᠡᠭᠡ ᠶᠢ ᠨᠠᠷᠢᠨ ᠠᠵᠢᠭᠯᠠᠵᠦ᠂ ᠬᠠᠶᠢᠭᠢᠷᠣᠭᠰᠠᠨ ︵ᠬᠠᠰᠭᠢᠷᠣᠭᠰᠡᠨ︶ ᠲᠠᠭᠤ᠂ ᠬᠠᠶᠠᠭᠰᠠᠨ ᠭᠤᠯᠳᠣᠭᠰᠠᠨ ︵ᠭᠤᠯᠭᠤᠷᠢᠭᠰᠠᠨ︶ ᠴᠢᠯᠠᠭᠤᠨ ᠤ ᠲᠤᠭ᠎ᠠ ᠰᠠᠮ ᠢ ᠭᠦᠷᠣᠭᠡᠰᠦᠨ ᠪᠠᠶᠢᠳᠡᠯ ᠭᠦᠳᠡᠯᠭᠡᠭᠡ ᠶᠢ ᠦᠨᠳᠣᠰᠣᠯᠠᠨ ᠬᠠᠯᠢᠶᠠᠵᠦ ︵ᠬᠠᠷᠠᠵᠦ︶ ᠲᠣᠭᠳᠠᠭᠠᠳᠠᠭ᠃ ᠭᠡᠷᠪᠠ ᠲᠦᠷᠦᠬᠦᠦ ᠭᠦᠷᠣᠭᠡᠰᠦᠨ ᠭᠦᠭᠰᠢᠨ ᠪᠣᠯ ᠲᠠᠭᠦᠨ ᠤ ᠰᠦᠷᠦᠭ ᠤᠨ ᠲᠠᠭᠤᠯᠭᠠᠭᠰᠠᠨ ᠵᠠᠮ ᠨᠢ ᠪᠠᠰᠠ ᠠᠳᠠᠯᠢ ᠦᠭᠡᠢ᠃ ᠬᠠᠳᠡ ᠠᠭᠤᠯᠠ᠂ ᠲᠡᠭᠡᠭᠰᠢ ᠲᠣᠷᠣᠭᠰᠢ ᠭᠦᠶᠦᠳᠡᠭ ᠵᠦᠭ ᠨᠢ ᠴᠤ ᠠᠳᠠᠯᠢ ᠦᠭᠡᠢ ᠪᠠᠷ ᠴᠢᠭᠯᠡᠨ᠎ᠠ᠃ ᠭᠡᠷᠪᠠ ᠲᠦᠷᠦᠬᠦᠦ ᠭᠦᠷᠣᠭᠡᠰᠦᠨ ᠤ ᠲᠣᠳᠣᠷᠡᠭᠢ ᠵᠠᠯᠠᠭᠤ ᠪᠠᠭ᠎ᠠ ᠭᠦᠷᠣᠭᠡᠰᠦᠨ ᠨᠦᠭᠦᠳ ᠤᠨ ᠭᠦᠶᠣᠭᠦ ᠭᠠᠵᠠᠷ ᠤᠨ ᠪᠠᠶᠢᠴᠡ ᠨᠢ ᠪᠣᠳᠣᠯᠢᠶᠠᠨᠳᠡᠢ᠂ ᠦᠭᠰᠣᠭᠦᠣ ᠭᠠᠵᠠᠷ ᠢᠶᠠᠷ ᠴᠢᠭᠯᠡᠳᠡᠭ᠃ ᠭᠦᠷᠣᠭᠡᠰᠦ ᠶᠡᠷᠣᠳᠡᠭᠡᠨ ᠭᠦᠮᠣᠨ ᠲᠣᠰᠴᠣ ᠪᠠᠶᠢᠬᠤ ᠶᠢ ᠮᠡᠳᠡᠳᠡᠭ᠂ ᠭᠡᠳᠡᠯ᠎ᠠ ᠭᠡᠳᠦᠢ ᠬᠤᠯᠠ᠂ ᠭᠡᠳᠦᠨ ᠭᠦᠶᠦᠳᠡᠭ ᠭᠠᠵᠠᠷ ᠵᠠᠮ ᠪᠠᠶᠢᠬᠤ ᠪᠣᠯᠬᠤ ᠪᠠᠷ ᠲᠡᠷᠡ ᠪᠠᠰᠠ ᠴᠢᠳᠡᠯ ᠢᠶᠠᠷ ᠢᠶᠠᠨ ᠮᠡᠳᠡᠭᠳᠡᠵᠦ ᠦᠵᠡᠭᠳᠡᠭᠰᠡᠨ ᠭᠦᠮᠣᠨ ᠤ ᠪᠠᠨ ᠭᠦᠳᠡᠯᠭᠡᠭᠡ ᠪᠠᠶᠢᠳᠡᠯ ᠢ ᠠᠵᠢᠭᠯᠠᠵᠦ᠂ ᠭᠦᠮᠣᠨ ᠲᠣᠰᠣᠭᠰᠠᠨ ᠡᠰᠡ ᠲᠣᠰᠣᠭᠰᠠᠨ ᠢ ᠪᠣᠯᠭᠤᠮᠵᠢᠯᠠᠨ᠂ ᠭᠦᠮᠣᠨ ᠲᠣᠰᠣᠭᠰᠠᠨ ᠦᠭᠡᠢ ᠵᠦᠭ ᠢ ᠴᠢᠭᠯᠡᠨ ᠭᠠᠷᠳᠠᠭ ᠶᠣᠮ᠃ ᠲᠣᠰᠴᠣ ᠬᠠᠷᠪᠣᠬᠤ ᠠᠷᠭ᠎ᠠ ᠳᠤ ᠪᠠᠰᠠ ᠣᠰᠦᠨ ᠳᠤ ᠣᠷᠣᠬᠤ ᠶᠣᠮ ᠤᠤ ᠡᠰᠡᠪᠠᠯ ᠪᠠᠰᠠ ᠢᠳᠡᠰᠢ ᠳᠤᠨᠢ ᠲᠣᠰᠳᠠᠭ ᠶᠣᠮ᠃ ᠭᠡᠳᠡᠯ᠎ᠠ ᠣᠰᠦᠨ ᠳᠤ ᠣᠷᠣᠬᠤ᠂ ᠢᠳᠡᠰᠢ ᠳᠤ ᠣᠷᠣᠬᠤ ᠭᠦᠷᠣᠭᠡᠰᠦ ᠶᠢ ᠲᠣᠰᠬᠤ ᠨᠢ ᠬᠠᠷᠪᠣᠬᠤ ᠭᠦᠮᠣᠨ ᠬᠠᠮᠤᠭ ᠤᠨ ᠲᠠᠯᠳᠠ ᠨᠢᠭᠤᠭᠳᠠᠭᠰᠠᠨ ᠪᠠᠶᠢᠬᠤ ᠶᠣᠮ᠃ ᠪᠠᠰᠠ ᠰᠠᠯᠭᠢᠨ ᠤ ᠴᠢᠭᠯᠡᠯ᠂ ᠪᠠᠶ᠎ᠡ ᠶᠢᠨ ᠭᠦᠳᠡᠯᠭᠡᠭᠡ᠂ ᠠᠮᠢᠰᠬᠤᠯ᠂ ᠠᠨᠢᠷ ᠴᠢᠮᠠᠭᠡᠨ ᠤ ᠲᠠᠯ᠎ᠠ ᠪᠠᠨ ᠬᠠᠮᠤᠭ ᠲᠦᠷᠦᠭᠦᠨ ᠪᠠᠶᠢᠷᠢᠨ ᠳᠤ ᠲᠠᠯᠪᠢᠵᠦ᠂ ᠨᠢᠳᠦᠨ ᠤ ᠬᠠᠷᠡᠴᠠ ᠪᠠᠨ ᠬᠤᠷᠴᠠᠯᠠᠨ᠂ ᠪᠦᠭᠦ ᠠᠩᠬᠠᠷᠣᠮᠵᠢ ᠪᠠᠨ ᠲᠦᠪᠯᠠᠷᠡᠭᠦᠯᠣᠨ ᠭᠦᠯᠢᠶᠠᠵᠦ ᠪᠠᠶᠢᠳᠠᠭ ᠢ ᠲᠣᠰᠣᠨ᠎ᠠ ᠭᠡᠳᠡᠭ᠃ ᠭᠦᠷᠣᠭᠡᠰᠦ ᠦᠷᠭᠦᠯᠵᠢ ᠢᠳᠡᠰᠢᠯᠠᠭᠦ᠂ ᠣᠰᠣᠨ ᠳᠤ ᠣᠷᠣᠬᠤ᠂ ᠦᠩᠭᠡᠷᠡᠨ ᠶᠠᠪᠣᠬᠤ ᠵᠠᠮ ᠵᠡᠷᠭᠡ ᠶᠢ ᠲᠣᠰᠣᠯᠭᠠᠨ ᠭᠡᠳᠡᠭ᠃ ᠭᠦᠷᠣᠭᠡᠰᠦᠨ ᠨᠢ ᠲᠦᠷᠪᠠᠨ ᠣᠯᠠᠷᠢᠯ ᠢ ᠲᠠᠭᠠᠵᠦ᠂ ᠪᠠᠶᠢᠭᠠᠯᠢ ᠪᠠᠶᠢᠴᠡ ᠪᠠᠷ ᠢᠳᠡᠰᠢᠯᠠᠨ ᠠᠮᠢᠳᠣᠷᠡᠳᠠᠭ᠃ ᠭᠡᠳᠦᠨ ᠠᠷᠪᠠᠨ ᠵᠢᠯ ᠪᠣᠯᠣᠭᠰᠠᠨ ᠴᠤ ᠢᠳᠡᠰᠢᠯᠠᠨ ᠠᠮᠢᠳᠣᠷᠡᠬᠤ ᠭᠡᠯᠪᠠᠷᠢ ᠮᠠᠶ᠋ᠢᠭ ᠨᠢ ᠲᠠᠶᠢᠮᠣ ᠶᠡᠭᠡ ᠬᠤᠪᠢᠷᠡᠳᠠᠭ ᠦᠭᠡᠢ᠂ ᠨᠢᠭᠡ ᠵᠢᠮ᠎ᠠ ᠶᠣᠰᠣᠳᠡᠢ ᠪᠠᠶᠢᠳᠠᠭ ᠶᠣᠮ᠃ ᠡᠶᠢᠮᠣ ᠠᠴᠠ ᠲᠣᠰᠣᠯᠭᠠᠨ ᠤ ᠴᠢᠭ ᠨᠢ ᠡᠩ ᠤᠨ ᠪᠠᠶᠢᠳᠡᠯ ᠳᠤ ᠬᠤᠪᠢᠷᠡᠳᠠᠭ ᠦᠭᠡᠢ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号