ᠢᠰᠬᠡᠷᠦᠭᠡ
ᠨᠡᠶᠢᠲᠡᠯᠡᠭᠰᠡᠨ ᠴᠠᠭ᠄
2020/7/17
ᠮᠣᠩᠭᠤᠯ ᠠᠷᠠᠳ ᠤᠨ ᠬᠦᠭᠵᠢᠮ ᠤᠨ ᠦᠭᠦᠯᠡᠬᠦ ᠶᠢᠨ ᠡᠷᠬᠡᠳᠡᠨ ᠪ᠊ ᠣᠷᠠᠯᠢᠭ ᠪᠦᠭᠡᠳ ᠡᠨᠡ ᠲᠦᠷᠦᠯ ᠳᠤ ᠠᠶᠠᠯᠣᠨ ᠢᠰᠬᠡᠷᠬᠦ᠂ ᠠᠮᠠ ᠪᠠᠷ ᠲᠠᠰᠢᠨ ᠳᠡᠯᠡᠳᠬᠦ᠂ ᠬᠦᠭᠡᠮᠡᠶᠢᠯᠡᠬᠦ᠂ ᠴᠣᠭᠤᠷᠳᠠᠬᠤ᠂ ᠠᠮᠠᠨ ᠬᠤᠭᠤᠷᠳᠠᠬᠤ ᠭᠡᠰᠡᠨ ᠡᠳᠡᠭᠡᠷ ᠲᠠᠪᠣᠨ ᠣᠷᠠᠯᠢᠭ ᠢ ᠬᠤᠮᠤᠷᠠᠭᠤᠯᠤᠨ᠎ᠠ᠃ ᠢᠰᠬᠡᠷᠦᠭᠡ ᠶᠢ ᠰᠢᠳᠦᠨ ᠤ᠂ ᠣᠷᠤᠭᠤᠯ ᠤᠨ᠂ ᠲᠠᠩᠨᠠᠢ ᠶᠢᠨ ᠭᠡᠵᠦ ᠭᠤᠷᠪᠠ ᠠᠩᠭᠢᠯᠠᠨ᠋ ‍ᠠ᠋᠃ ᠢᠰᠬᠡᠷᠦᠭᠡ ᠪᠤᠶᠤ ︽ᠬᠢᠰᠭᠡᠷᠦᠭᠡ︾ ᠨᠢ ︽ᠬᠡᠢ︾ ︵ᠰᠠᠯᠬᠢ︶ ᠭᠡᠰᠡᠨ ᠦᠭᠡ ᠲᠠᠢ ᠢᠵᠠᠭᠤᠷ ᠨᠢᠭᠡ ᠪᠦᠭᠡᠳ ᠮᠣᠩᠭᠤᠯᠴᠣᠳ ᠢᠰᠬᠡᠷᠦᠭᠡ ᠶᠢ ︽ᠰᠠᠯᠬᠢᠨ ᠤ ᠣᠷᠢᠶ᠎ᠠ︾ ᠭᠡᠵᠦ ᠢᠲᠡᠭᠡᠳᠡᠭ᠃ ᠲᠡᠶᠢᠮᠦ ᠣᠴᠢᠷ ᠠᠴᠠ ᠰᠠᠯᠬᠢ ᠬᠡᠷᠡᠭ ᠲᠠᠢ ᠦᠶ᠎ᠡ ᠳᠤ ᠰᠠᠯᠬᠢᠨ ᠤ ᠡᠵᠡᠨ ᠢ ᠣᠷᠢᠨ ᠳᠠᠭᠤᠳᠠᠭᠰᠠᠨ ᠣᠳᠬ᠎ᠠ ᠰᠠᠨᠠᠭ᠋ ‍ᠠ᠋ ᠪᠠᠷ ᠢᠰᠭᠡᠷᠳᠡᠭ ᠪᠠᠶᠢᠨ᠎ᠠ᠃ ᠢᠰᠬᠡᠷᠬᠦ ᠭᠡᠳᠡᠭ ᠨᠢ ᠶᠠᠮᠠᠷ ᠨᠢᠭᠡᠨ ᠠᠶ᠎ᠠ ᠶᠢ ᠰᠢᠳᠦᠨ ᠤ ᠵᠠᠪᠰᠠᠷ ᠢᠶᠠᠷ ᠦᠯᠢᠶᠡᠨ ᠬᠤᠶᠠᠷ ᠣᠷᠤᠭᠤᠯ ᠢᠶᠠᠷ ᠢᠶᠠᠨ ᠬᠠᠭᠠᠭᠠᠵᠤ᠂ ᠨᠡᠭᠡᠭᠡᠨ᠂ ᠱᠣᠪᠰᠢᠷᠠᠨ ᠡᠭᠡᠰᠢᠭᠯᠡᠬᠦ᠂ ᠡᠰᠡᠪᠡᠯ ᠣᠷᠤᠭᠤᠯ ᠤᠨ ᠵᠠᠪᠰᠠᠷ ᠢᠶᠠᠷ ᠦᠯᠢᠶᠡᠨ ᠡᠭᠡᠰᠢᠭᠯᠡᠬᠦ ᠶᠢᠨ ᠨᠡᠷ᠎ᠡ ᠪᠤᠯᠤᠨ᠎ᠠ᠃ ᠮᠣᠩᠭᠤᠯᠴᠣᠳ ᠡᠪᠦᠯ᠂ ᠬᠠᠪᠤᠷ᠂ ᠰᠦᠨᠢ ᠶᠢᠨ ᠴᠠᠭ ᠲᠤ ᠢᠰᠬᠡᠷᠳᠡᠭ ᠦᠭᠡᠢ᠂ ᠪᠦᠷᠬᠦᠭ ᠰᠡᠷᠢᠭᠦᠨ ᠡᠳᠦᠷ ᠢᠰᠬᠡᠷᠳᠡᠭ ᠦᠭᠡᠢ᠂ ᠶᠠᠮᠠᠷ ᠨᠢᠭᠡᠨ ᠰᠠᠯᠬᠢ ᠲᠠᠢ ᠳᠤ ᠢᠰᠬᠡᠷᠳᠡᠭ ᠦᠭᠡᠢ᠃ ᠭᠠᠭᠴᠠ ᠬᠦ ᠵᠣᠨ ᠨᠠᠮᠤᠷ ᠤᠨ ᠴᠡᠯᠮᠡᠭ ᠨᠠᠷᠠ ᠲᠠᠢ ᠡᠳᠦᠷ᠂ ᠪᠦᠭᠴᠢᠮ ᠬᠠᠯᠠᠭᠤᠨ ᠴᠠᠭ ᠲᠤ ᠢᠰᠭᠡᠷᠳᠡᠭ᠃ ᠭᠡᠷ ᠣᠷᠤᠨ ᠳᠠᠭᠠᠨ᠂ ᠢᠰᠡᠭᠡᠢ ᠵᠤᠯᠠᠵᠤ ᠪᠠᠶᠢᠬᠤ ᠳᠠᠭᠠᠨ᠂ ᠨᠣᠣᠰᠦ ᠰᠠᠪᠠᠵᠤ ᠪᠠᠶᠢᠬᠤ ᠳᠠᠭᠠᠨ ᠢᠰᠬᠡᠷᠬᠦ ᠶᠢ ᠴᠡᠭᠡᠷᠯᠡᠳᠡᠭ᠃ ᠮᠣᠩᠭᠤᠯ ᠬᠦᠮᠦᠨ ᠮᠠᠯ ᠢᠶᠠᠨ ᠣᠰᠣᠯᠠᠬᠤ ᠳᠠᠭᠠᠨ ᠵᠠᠪᠠᠯ ᠢᠰᠭᠡᠷᠳᠡᠭ ᠨᠢ ᠮᠣᠷᠢ ᠮᠠᠯ ᠢ ᠣᠰᠤ ᠣᠣᠭᠤᠬᠤ ᠳᠤ ᠠᠶᠠᠲᠠᠢ ᠲᠠᠭᠠᠲᠠᠢ ᠪᠣᠯᠭᠠᠨ᠂ ᠠᠩ  ᠢᠶᠠᠨ ᠴᠠᠩᠭᠠᠭ᠎ᠠ ᠶᠢ ᠨᠢ ᠲᠠᠶᠢᠯᠤᠨ᠂ ᠲᠠᠪᠠᠲᠠᠢ ᠣᠮᠳᠠᠭᠠᠯᠠᠬᠤ ᠳᠤ ᠨᠢ ᠲᠤᠰᠠ ᠪᠤᠯᠤᠭ ᠭᠡᠰᠡᠨ ᠰᠠᠨᠠᠭ᠋ ‍ᠠ᠋ ᠲᠠᠢ ᠶᠤᠮᠰᠠᠨᠵᠠᠢ᠃ ᠮᠦᠨ ᠠᠶᠠᠨ ᠵᠠᠮ ᠳᠤ ᠡᠯᠢᠬᠡᠳᠡᠨ ᠶᠠᠪᠣᠭ᠎ᠠ ᠬᠠᠯᠠᠭᠤᠨ ᠬᠦᠯᠦᠰᠦ ᠲᠠᠢ ᠮᠣᠷᠢ᠂ ᠰᠢᠷᠦᠭᠦᠨ ᠲᠠᠭᠤᠰᠤᠭᠰᠠᠨ ᠠᠳᠣᠭᠤ ᠮᠠᠯ ᠰᠢᠭᠤᠳ ᠣᠰᠤ ᠣᠣᠭᠤᠳᠠᠭ ᠦᠭᠡᠢ᠂ ᠬᠤᠷᠤᠮ ᠤᠨ ᠲᠡᠳᠦᠢ ᠴᠦ ᠪᠣᠯᠪᠡ ᠰᠡᠷᠢᠭᠦᠴᠡᠨ ᠰᠡᠭᠡᠭᠡ ᠠᠪᠴᠣ ᠪᠠᠶᠢᠵᠤ ᠣᠰᠤ ᠣᠮᠳᠠ ᠠᠮᠲᠠᠯᠠᠨ ᠣᠣᠭᠤᠳᠠᠭ ᠢ ᠮᠠᠯᠴᠢᠨ ᠮᠣᠩᠭᠤᠯᠴᠣᠳ ᠠᠵᠢᠯ ᠦᠢᠯᠡᠰ ᠤᠨ ᠢᠶᠠᠨ ᠶᠠᠪᠤᠴᠠ ᠳᠤ ᠠᠵᠢᠵᠤ ᠮᠡᠳᠡᠭᠰᠡᠨ ᠣᠴᠢᠷ ᠲᠡᠷᠡ ᠶᠤᠮ᠃ ᠨᠣᠣᠰᠦ ᠰᠠᠪᠠᠭ᠋ᠣ᠂ ᠢᠰᠡᠭᠡᠢ ᠬᠢᠬᠦ ᠳᠤ ᠬᠡᠳᠦᠢ ᠪᠦᠭᠴᠢᠮᠳᠠᠨ ᠬᠠᠯᠠᠭᠤᠴᠠᠪᠠᠴᠣ᠂ ᠰᠠᠯᠬᠢ ᠣᠷᠢᠬᠤ ᠬᠡᠷᠡᠭ ᠦᠭᠡᠢ᠂ ᠬᠠᠷᠢᠨ ᠴᠦ ᠡᠭᠦᠳᠡᠨ ᠲᠡᠭᠷᠢ ᠠᠴᠠ ᠠᠪᠬᠠᠭᠤᠯᠤᠭᠠᠳ ᠭᠠᠯ ᠤᠨ ᠡᠵᠡᠨ᠂ ᠡᠷ᠎ᠡ ᠶᠢᠨ ᠰᠦᠯᠳᠠ ᠲᠡᠭᠷᠢ ᠭᠡᠬᠦ ᠮᠡᠳᠦ ᠰᠢᠳᠦᠭᠡᠨ ᠲᠠᠢ ᠬᠠᠷᠭᠤᠯᠳᠤᠨ ᠬᠠᠷᠰᠢᠯᠠᠵᠤ ᠪᠣᠯᠵᠣᠰᠢ ᠦᠭᠡᠢ ᠭᠡᠵᠦ ᠦᠵᠡᠳᠡᠭ ᠪᠠᠶᠢᠭᠰᠠᠨ ᠠᠴᠠ ᠲᠡᠶᠢᠨᠬᠦ ᠴᠡᠭᠡᠷᠯᠡᠳᠡᠭ ᠪᠠᠶᠢᠪᠠ︔ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号