ᠡᠷᠡᠭᠳᠠᠶᠢᠴᠤᠳ ᠤᠨ ᠠᠯᠴᠢᠭᠤᠷ ᠤᠷᠢᠶᠠᠬᠤ ᠶᠣᠰᠤᠨ
ᠨᠡᠶᠢᠲᠡᠯᠡᠭᠰᠡᠨ ᠴᠠᠭ᠄
2020/7/17
    ᠡᠷᠡᠭᠳᠠᠶᠢᠴᠤᠳ ᠡᠪᠦᠯ ᠵᠤᠨ ᠬᠠᠪᠤᠷ ᠨᠠᠮᠦᠷ ᠤ ᠤᠯᠠᠷᠢᠯ ᠳᠤ ᠲᠣᠬᠢᠷᠠᠭᠰᠠᠨ ᠡᠯ᠎ᠡ ᠵᠦᠢᠯ ᠤᠨ ᠦᠪᠡᠷᠮᠢᠴᠡ ᠣᠨᠴᠠᠯᠢᠭ ᠲᠠᠢ ᠮᠠᠯᠠᠭᠠᠢ ᠡᠮᠦᠰᠬᠦ ᠠᠴᠠ ᠭᠠᠳᠠᠨ᠎ᠠ ᠬᠠᠪᠤᠷ ᠨᠠᠮᠦᠷ ᠪᠣᠶᠤ ᠬᠠᠯᠠᠭᠤᠨ ᠵᠤᠨ ᠤ ᠤᠯᠠᠷᠢᠯ ᠳᠤ ᠠᠯᠴᠢᠭᠤᠷ ᠤᠷᠢᠶᠠᠳᠠᠭ ᠵᠠᠩᠰᠢᠯ ᠲᠠᠢ᠃ ᠲᠡᠤᠬᠡ ᠲᠡᠮᠳᠡᠭᠯᠡᠯ ᠢ ᠦᠨᠳᠦᠰᠦᠯᠡᠪᠡᠯ ᠡᠷᠡᠭᠳᠠᠶᠢᠴᠤᠳ ᠳᠡᠭᠡᠷ᠎ᠡ ᠦᠶ᠎ᠡ ᠳᠤ ᠡᠪᠦᠯ ᠤᠨ ᠤᠯᠠᠷᠢᠯ ᠳᠤ ᠦᠨᠡᠭᠡ᠂ ᠪᠣᠯᠠᠭ᠎ᠠ᠂ ᠴᠢᠨᠳᠠᠭ᠎ᠠ ᠶᠢᠨ ᠠᠷᠠᠰᠦ ᠪᠠᠷ ᠬᠢᠭᠰᠡᠨ ᠲᠣᠯᠤᠭᠠᠢ ᠶᠢᠨ ᠤᠷᠢᠶᠠᠯᠳᠠ ᠤᠷᠢᠶᠠᠵᠦ ᠪᠠᠶᠢᠭᠰᠠᠨ ᠭᠡᠳᠡᠭ᠃ ᠡᠷᠡᠭᠳᠠᠶᠢᠴᠤᠳ ᠤᠨ ᠲᠣᠯᠤᠭᠠᠢ ᠶᠢᠨ ᠠᠯᠴᠢᠭᠤᠷ ᠤᠨ ᠲᠦᠷᠦᠯ ᠵᠦᠢᠯ ᠮᠠᠰᠢ ᠤᠯᠠᠨ ᠪᠠᠶᠢᠳᠠᠭ ᠪᠦᠭᠡᠳ ᠤᠷᠢᠶᠠᠬᠤ ᠠᠷᠭ᠎ᠠ ᠬᠡᠯᠪᠡᠷᠢ ᠨᠢ ᠴᠦ ᠡᠮᠡᠭᠳᠠᠶᠢᠴᠤᠳ ᠤᠨ ᠬᠢ ᠠᠴᠠ ᠠᠩᠭᠢᠳᠠ ᠢᠯᠭᠠᠭᠳᠠᠬᠤ ᠣᠨᠴᠠᠯᠢᠭ  ᠲᠠᠢ ᠪᠠᠶᠢᠳᠠᠭ᠃ ᠪᠠᠭᠠᠴᠤᠳ ᠵᠠᠯᠠᠭᠤᠴᠤᠳ ᠪᠣᠯ ᠠᠯᠴᠢᠭᠤᠷ ᠢ ᠳᠤᠭᠤᠶᠢᠯᠠᠨ ᠣᠷᠢᠶᠠᠵᠦ ᠠᠷᠤ ᠳᠠᠭᠠᠨ ᠴᠠᠴᠤᠭ ᠭᠠᠷᠭᠠᠳᠠᠭ᠃ ᠬᠡᠤᠬᠡᠳ ᠪᠣᠯ ᠪᠢᠳᠡᠭᠦᠯᠡᠨ ᠤᠷᠢᠶᠠᠵᠦ ᠬᠤᠶᠠᠷ ᠰᠠᠨᠴᠢᠭ ᠲᠠᠭᠠᠨ ᠨᠢᠵᠡᠭᠡᠳ ᠴᠠᠴᠤᠭ ᠤᠨᠵᠢᠭᠤᠯᠳᠠᠭ᠃ ᠠᠬᠢᠮᠠᠭ ᠨᠠᠰᠦᠨ ᠤ ᠡᠷᠡᠭᠳᠠᠶᠢᠴᠤᠳ ᠪᠣᠯ ᠠᠯᠴᠢᠭᠤᠷ ᠢᠶᠠᠨ ᠵᠦᠪ ᠳᠤᠭᠤᠶᠢᠯᠠᠨ ᠴᠠᠴᠤᠭᠯᠠᠬᠤ ᠦᠭᠡᠢ ᠣᠷᠢᠶᠠᠬᠤ ᠪᠣᠶᠤ ᠬᠤᠶᠢᠰᠢ ᠤᠷᠤᠭᠰᠢ ᠳᠠᠷᠤᠵᠦ ᠬᠤᠰᠢᠭᠤᠯᠵᠢᠯᠠᠨ ᠡᠪᠬᠡᠵᠦ ᠣᠷᠢᠶᠠᠳᠠᠭ᠃ ᠪᠠᠭᠠᠴᠤᠳ ᠵᠠᠯᠠᠭᠤᠴᠤᠳ ᠪᠣᠯ ᠲᠣᠷᠭ᠎ᠠ ᠳᠤᠷᠳᠤᠩ ᠠᠯᠴᠢᠭᠤᠷ ᠢᠶᠠᠷ ᠲᠣᠯᠤᠭᠠᠢ ᠪᠠᠨ ᠤᠷᠢᠶᠠᠵᠦ᠂ ᠠᠬᠢᠮᠠᠭ ᠨᠠᠰᠦᠨ ᠤ ᠬᠦᠮᠦᠨ ᠪᠣᠯ ᠪᠦᠰ᠂ ᠴᠢᠰᠴᠠᠤ ᠪᠠᠷ ᠲᠣᠯᠤᠭᠠᠢ ᠪᠠᠨ ᠣᠷᠢᠶᠠᠳᠠᠭ᠃ ᠬᠡᠷᠪᠡ ᠬᠦᠳᠡᠭᠡ ᠬᠡᠭᠡᠷ᠎ᠡ ᠮᠣᠷᠢ ᠪᠠᠷ ᠶᠠᠪᠤᠪᠠᠯ ᠠᠯᠴᠢᠭᠤᠷ ᠢᠶᠠᠷ ᠲᠣᠯᠤᠭᠠᠢ ᠪᠠᠨ ᠰᠠᠶᠢᠳᠤᠷ ᠪᠠᠬᠢᠯᠡᠵᠦ ᠤᠷᠢᠶᠠᠳᠠᠭ᠃ ᠵᠠᠷᠢᠮ ᠬᠤᠰᠢᠭᠤ ᠨᠤᠳᠤᠭ ᠲᠤ ᠵᠠᠯᠠᠭᠤ ᠬᠦᠮᠦᠨ ᠪᠣᠯ ᠴᠢᠬᠢᠨ ᠤ ᠣᠮᠤᠭ ᠢᠶᠠᠨ ᠳᠠᠷᠤᠵᠦ ᠤᠷᠶᠠᠳᠠᠭ᠂ ᠨᠠᠰᠤᠳᠠᠶᠢᠴᠤᠳ ᠪᠤᠯ ᠴᠢᠬᠢᠨ ᠤ ᠤᠮᠤᠭ ᠢᠶᠠᠨ ᠳᠠᠷᠤᠬᠤ ᠦᠭᠡᠢ ᠪᠠᠷ ᠪᠠᠭ᠎ᠠ ᠳᠡᠭᠡᠭᠦᠷ ᠤᠷᠢᠶᠠᠳᠠᠭ᠃ ᠡᠷᠡᠭᠳᠠᠶᠢᠴᠤᠳ ᠤᠨ ᠲᠣᠯᠤᠭᠠᠢ ᠶᠢᠨ ᠠᠯᠴᠢᠭᠤᠷ ᠤᠨ ᠬᠦᠨᠳᠦᠳᠭᠡᠯ ᠶᠣᠰᠤ ᠬᠢᠭᠡᠳ ᠴᠡᠭᠡᠷ ᠬᠤᠷᠢᠭ᠎ᠠ ᠨᠢ ᠮᠠᠯᠠᠭᠠᠢ ᠲᠠᠢ ᠦᠨᠳᠦᠰᠦᠨ ᠳᠡᠭᠡᠨ ᠠᠳᠠᠯᠢ ᠪᠠᠶᠢᠳᠠᠭ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号