ᠡᠷᠡᠭᠳᠠᠶᠢᠴᠤᠳ ᠤᠨ ᠮᠠᠯᠠᠭᠠᠢ ᠡᠮᠦᠰᠬᠦ ᠶᠣᠰᠤᠨ
ᠨᠡᠶᠢᠲᠡᠯᠡᠭᠰᠡᠨ ᠴᠠᠭ᠄
2020/7/17
ᠮᠣᠩᠭᠤᠯᠴᠤᠳ ᠲᠤᠯᠤᠭᠠᠢ ᠪᠠᠨ ᠮᠠᠰᠢ ᠬᠦᠨᠳᠦᠳᠭᠡᠨ ᠪᠣᠰᠤᠳ ᠤᠨ ᠭᠠᠷ ᠬᠦᠷᠬᠦ ᠶᠢ ᠣᠨᠴᠠ ᠴᠡᠭᠡᠷᠯᠡᠳᠡᠭ ᠲᠠᠢ ᠠᠳᠠᠯᠢ ᠪᠠᠷ ᠮᠠᠯᠠᠭᠠᠢ ᠳᠤᠨᠢ ᠮᠦᠨ ᠪᠣᠰᠤᠳ ᠤᠨ ᠭᠠᠷ ᠬᠦᠷᠬᠦ ᠶᠢ ᠤᠨᠴᠠ ᠴᠡᠭᠡᠷᠯᠡᠳᠡᠭ᠃ ᠮᠣᠩᠭᠤᠯᠴᠤᠳ ᠮᠠᠯᠠᠭᠠᠢ ᠶᠢ ᠲᠡᠷᠢᠭᠦᠨ ᠢ ᠲᠦᠯᠦᠭᠡᠯᠡᠬᠦ ᠴᠢᠬᠤᠯᠠ ᠡᠮᠦᠰᠭᠡᠯ᠂ ᠬᠡᠶᠢᠮᠦᠷᠢ ᠰᠦᠷ ᠰᠦᠯᠳᠡ ᠶᠢᠨ ᠪᠡᠯᠬᠡ ᠲᠡᠮᠳᠡᠭ᠂ ᠮᠠᠨᠳᠤᠵᠦ ᠦᠭᠡᠳᠡᠯᠡᠬᠦ ᠶᠢᠨ ᠵᠦᠩ ᠪᠢᠯᠢᠭ᠂ ᠡᠷ᠎ᠡ ᠬᠦᠮᠦᠨ ᠤ ᠡᠷᠬᠡ ᠰᠦᠷ ᠢ ᠢᠯᠡᠳᠭᠡᠬᠦ ᠭᠤᠤᠯ ᠪᠣᠯᠬᠤ ᠡᠮᠦᠰᠭᠡᠯ ᠭᠡᠵᠦ ᠦᠵᠡᠳᠡᠭ᠃ ᠡᠶᠢᠮᠦ ᠠᠴᠠ ᠮᠣᠩᠭᠤᠯᠴᠤᠳ ᠤᠨ ᠶᠡᠷᠦ ᠨᠢ ᠬᠤᠶᠠᠷ ᠬᠦᠮᠦᠨ ᠶᠠᠪᠤᠪᠠᠯ ᠨᠢᠭᠡ ᠨᠢ ᠠᠬᠠᠯᠠᠳᠠᠭ᠂ ᠨᠢᠭᠡ ᠬᠦᠮᠦᠨ ᠶᠠᠪᠤᠪᠠᠯ ᠮᠠᠯᠠᠭᠠᠢ ᠨᠢ ᠠᠬᠠᠯᠠᠳᠠᠭ ᠭᠡᠵᠦ ᠦᠵᠡᠳᠡᠭ ᠲᠤᠯᠠ ᠮᠠᠯᠠᠭᠠᠢ ᠪᠠᠨ ᠪᠣᠰᠤᠳ ᠬᠤᠪᠴᠠᠰᠦ ᠡᠮᠦᠰᠭᠡᠯ ᠠᠴᠠ ᠢᠯᠡᠭᠦᠦ ᠳᠡᠭᠡᠳᠦᠯᠡᠵᠦ᠂ ᠬᠡᠷᠪᠡ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠡᠳᠦᠷ ᠭᠠᠭᠴᠠᠭᠠᠷ ᠢᠶᠠᠨ ᠶᠠᠪᠤᠬᠤ ᠶᠠᠪᠤᠳᠠᠯ ᠳᠤᠬᠢᠶᠠᠯᠳᠤᠪᠠᠯ ᠮᠠᠯᠠᠭᠠᠢ ᠲᠠᠢ ᠪᠠᠨ ᠵᠤᠯᠭᠠᠳᠠᠭ ᠶᠣᠰᠤ ᠲᠠᠢ᠃ ᠮᠠᠨᠳᠤᠬᠤ ᠲᠦᠷᠦ ᠶᠢᠨ ᠮᠠᠯᠠᠭᠠᠢ᠂ ᠪᠦᠳᠦᠨ ᠲᠦᠷᠦ ᠶᠢᠨ ᠪᠦᠰᠡ᠂ ᠳᠡᠭᠵᠢᠬᠦ ᠲᠦᠷᠦ ᠶᠢᠨ ᠳᠡᠪᠡᠯ᠂ ᠲᠤᠯᠬᠤ ᠲᠦᠷᠦ ᠶᠢᠨ ᠭᠤᠳᠤᠯ ᠭᠡᠵᠦ ᠮᠠᠯᠠᠭᠠᠢ᠂ ᠪᠦᠰᠡ᠂ ᠳᠡᠪᠡᠯ᠂ ᠭᠤᠳᠤᠯ ᠢ ᠬᠦᠨᠳᠦᠳᠭᠡᠳᠡᠭ᠃ ᠮᠠᠯᠠᠭᠠᠢ ᠭᠠᠵᠠᠷ ᠤᠨᠠᠬᠤ᠂ ᠳᠡᠭᠡᠭᠦᠷ ᠨᠢ ᠠᠯᠬᠤᠬᠤ ᠭᠢᠰᠬᠢᠬᠦ ᠶᠢ ᠤᠨᠴᠠ ᠴᠡᠭᠡᠷᠯᠡᠳᠡᠭ᠃ ᠡᠶᠢᠮᠦ ᠠᠴᠠ ᠮᠠᠯᠠᠭᠠᠢ ᠨᠢ ᠭᠠᠵᠠᠷ ᠤᠨᠠᠬᠤ ᠪᠣᠶᠤ ᠬᠦᠮᠦᠨ ᠳᠡᠭᠡᠭᠦᠷ ᠨᠢ ᠠᠯᠬᠤᠪᠠᠯ ᠲᠡᠷᠡ ᠳᠠᠷᠤᠢ ᠪᠠᠷᠠᠭᠤᠨ ᠭᠠᠷ ᠢᠶᠠᠷ ᠢᠶᠠᠨ ᠰᠢᠭᠦᠷᠦᠨ ᠠᠪᠴᠦ ᠭᠠᠯ ᠳᠡᠭᠡᠭᠦᠷ ᠡᠷᠭᠢᠭᠦᠯᠵᠦ ᠠᠷᠢᠭᠤᠯᠠᠳᠠᠭ᠃ ᠭᠡᠷ ᠳᠤ ᠣᠷᠤᠵᠦ ᠮᠠᠯᠠᠭᠠᠢ ᠪᠠᠨ ᠠᠪᠤᠪᠠᠯ ᠳᠡᠭᠡᠷ᠎ᠡ ᠡᠯᠭᠦᠬᠦ ᠪᠣᠶᠤ ᠳᠡᠪᠡᠯ᠂ ᠲᠡᠷᠯᠢᠭ᠂ ᠪᠦᠰᠡᠨ ᠤ ᠪᠠᠨ ᠳᠡᠭᠡᠷ᠎ᠡ ᠬᠦᠮᠦᠷᠢᠵᠦ ᠲᠠᠯᠪᠢᠳᠠᠭ᠃ ᠮᠠᠯᠠᠭᠠᠢ ᠶᠢ ᠳᠡᠭᠡᠭᠰᠢ ᠪᠠᠨ ᠬᠠᠷᠠᠭᠤᠯᠵᠦ ᠲᠠᠯᠪᠢᠬᠤ ᠶᠢ ᠴᠡᠭᠡᠷᠯᠡᠳᠡᠭ᠂ ᠤᠴᠢᠷ ᠨᠢ ᠡᠪᠡᠳᠴᠢᠨ ᠭᠤᠶᠤᠵᠦ ᠪᠠᠶᠢᠨ᠎ᠠ ᠭᠡᠵᠦ ᠦᠵᠡᠳᠡᠭ᠃ ᠮᠣᠩᠭᠤᠯᠴᠤᠳ ᠠᠯᠢᠪᠠ ᠶᠣᠰᠤᠯᠠᠯ ᠠᠭᠤᠯᠵᠠᠯᠳᠠ ᠬᠢᠬᠦ ᠳᠤ ᠵᠠᠪᠠᠯ ᠮᠠᠯᠠᠭᠠᠢ ᠡᠮᠦᠰᠳᠡᠭ ᠶᠣᠰᠤ ᠭᠤᠷᠢᠮ ᠲᠠᠢ᠃ ᠵᠢᠱᠢᠶᠡᠯᠡᠪᠡᠯ ᠬᠦᠨᠳᠦᠳᠦ ᠵᠣᠴᠢᠨ ᠢ ᠤᠭᠳᠤᠬᠤ᠂ ᠮᠣᠷᠳᠠᠭᠤᠯᠬᠤ᠂ ᠵᠣᠴᠢᠨ ᠳᠤ ᠬᠠᠳᠠᠭ᠂ ᠠᠷᠢᠬᠢ᠂ ᠰᠢᠭᠦᠰᠦ ᠳᠡᠪᠰᠢᠭᠦᠯᠬᠦ᠂ ᠬᠤᠷᠠᠯ ᠴᠤᠭᠯᠠᠭ᠎ᠠ ᠬᠤᠷᠢᠮ ᠨᠠᠶᠢᠷ ᠲᠤ ᠣᠷᠤᠯᠴᠠᠬᠤ ᠵᠡᠷᠬᠡ ᠲᠦᠪ ᠬᠢᠴᠢᠶᠡᠩᠭᠦᠢ ᠲᠠᠯᠠᠪᠤᠷ ᠲᠤ ᠮᠠᠯᠠᠭᠠᠢ ᠪᠠᠨ ᠳᠡᠷᠢ ᠲᠡᠭᠰᠢ ᠡᠮᠦᠰᠳᠡᠭ ᠶᠣᠰᠤ ᠲᠠᠢ᠃ ᠭᠡᠪᠡᠴᠦ ᠯᠠᠮᠠ ᠪᠣᠷᠬᠠᠨ ᠳᠤ ᠮᠦᠷᠭᠦᠬᠦ ᠦᠶ᠎ᠡ ᠳᠤ ᠮᠣᠳᠤᠷᠯᠠᠭᠤᠯᠬᠤ ᠭᠡᠵᠦ ᠮᠠᠯᠠᠭᠠᠢ ᠪᠠᠨ ᠠᠪᠴᠦ ᠮᠦᠷᠭᠦᠳᠡᠭ᠃ ᠠᠪᠦ ᠡᠵᠢ᠂ ᠠᠬᠠᠮᠠᠳ ᠬᠦᠮᠦᠨ ᠨᠠᠰᠦ ᠨᠦᠭᠴᠢᠪᠡᠯ ᠮᠠᠯᠠᠭᠠᠢ ᠶᠢᠨ ᠰᠠᠮᠫᠠᠨ᠂ ᠵᠢᠩᠰᠠ ᠶᠢ ᠬᠠᠷ᠎ᠠ ᠪᠦᠰ ᠢᠶᠠᠷ ᠪᠠᠭᠯᠠᠬᠤ᠂ ᠵᠠᠯᠠᠭ᠎ᠠ ᠶᠢ ᠨᠢ ᠠᠪᠬᠤ᠂ ᠰᠠᠷᠠᠪᠴᠢ ᠶᠢ ᠨᠢ ᠪᠠᠭᠤᠯᠭᠠᠬᠤ ᠵᠡᠷᠭᠡ ᠪᠠᠷ ᠣᠢ ᠭᠠᠰᠢᠭᠤ ᠪᠠᠨ ᠢᠯᠡᠳᠭᠡᠳᠡᠭ᠃ ᠮᠣᠩᠭᠤᠯᠴᠤᠳ ᠮᠠᠯᠠᠭᠠᠢ ᠶᠢᠨ ᠰᠠᠮᠫᠠᠨ ᠪᠠ ᠵᠢᠩᠰᠠ ᠨᠢ ᠣᠷᠤᠢ ᠶᠢᠨ ᠴᠢᠮᠡᠭ᠂ ᠦᠭᠡᠳᠡᠯᠡᠨ ᠮᠠᠨᠳᠤᠬᠤ ᠶᠢᠨ ᠪᠡᠯᠬᠡ ᠲᠡᠮᠳᠡᠭ᠂ ᠤᠯᠠᠭᠠᠨ ᠵᠠᠯᠠᠭ᠎ᠠ ᠨᠢ ᠰᠠᠴᠤᠷᠠᠨ ᠮᠠᠨᠳᠤᠬᠤ ᠨᠠᠷᠠᠨ ᠤ ᠲᠤᠶᠠᠭ᠎ᠠ᠂ ᠮᠠᠯᠠᠭᠠᠢ ᠶᠢᠨ ᠰᠠᠷᠠᠪᠴᠢ ᠨᠢ ᠬᠡᠶᠢᠮᠦᠷᠢ ᠪᠣᠰᠬᠤ ᠶᠢᠨ ᠵᠦᠩ ᠪᠢᠯᠢᠭ᠂ ᠬᠤᠶᠠᠷ ᠪᠣᠷᠴᠠ ᠨᠢ ᠬᠡᠰᠢᠭ ᠪᠣᠶᠠᠨ ᠲᠡᠯᠡᠯᠡᠬᠤ ᠪᠡᠯᠬᠡ ᠲᠡᠮᠳᠡᠭ ᠭᠡᠵᠦ ᠦᠵᠡᠳᠡᠭ᠃ ᠡᠶᠢᠮᠦ ᠠᠴᠠ ᠪᠣᠰᠤᠳ ᠤᠨ ᠮᠠᠯᠠᠭᠠᠢ ᠶᠢ ᠡᠵᠡᠨ ᠤ ᠬᠢᠨᠢ ᠵᠦᠪᠰᠢᠶᠡᠷᠡᠯ ᠦᠭᠡᠢ ᠪᠠᠷ ᠳᠤᠷ᠎ᠠ ᠮᠡᠳᠡᠨ ᠠᠪᠴᠦ ᠶᠠᠪᠤᠵᠦ ᠪᠣᠯᠳᠠᠭ ᠦᠭᠡᠢ᠂ 《 ᠲᠣᠯᠤᠭᠠᠢ ᠶᠢ ᠠᠪᠤᠪᠠᠴᠦ ᠮᠠᠯᠠᠭᠠᠢ ᠶᠢ ᠠᠪᠴᠦ ᠪᠣᠯᠬᠤ ᠦᠭᠡᠢ ᠭᠡᠳᠡᠭ᠃ ᠮᠠᠯᠠᠭᠠᠢ ᠳᠤᠨᠢ ᠬᠡᠤᠬᠡᠳ ᠭᠠᠷ ᠬᠦᠷᠪᠡᠯ 《 ᠡᠷᠭᠢᠭᠦᠦ ᠬᠡᠤᠬᠡᠳ ᠡᠴᠢᠭᠡ ᠶᠢᠨ ᠢᠶᠠᠨ ᠲᠣᠯᠤᠭᠠᠢ ᠪᠠᠷ ᠨᠠᠭᠠᠳᠤᠨ᠎ᠠ 》 ᠭᠡᠳᠡᠭ᠃ ᠮᠠᠯᠠᠭᠠᠢ ᠪᠠᠨ ᠭᠡᠭᠡᠵᠦ ᠣᠷᠬᠢᠭᠰᠠᠳ ᠢ 《 ᠮᠢᠬᠠᠨ ᠣᠪᠤᠭ᠎ᠠ ᠮᠠᠯᠠᠭᠠᠢ ᠶᠢᠨ ᠲᠠᠯᠪᠢᠭᠤᠷ 》 ᠭᠡᠵᠦ ᠮᠠᠭᠤᠯᠠᠳᠠᠭ᠃ ᠮᠠᠯᠠᠭᠠᠢ ᠶᠢᠨ ᠡᠮᠦᠨ᠎ᠡ ᠰᠠᠷᠠᠪᠴᠢ ᠶᠢ ᠪᠠᠭᠤᠯᠭᠠᠵᠦ ᠡᠮᠦᠰᠬᠦ ᠶᠢ ᠪᠠᠶᠠᠷ ᠤᠨ ᠮᠠᠩᠨᠠᠢ ᠪᠠᠨ ᠳᠠᠷᠤᠵᠦ ᠪᠠᠶᠢᠨ᠎ᠠ᠂ ᠭᠠᠢ ᠵᠣᠪᠠᠯᠠᠩ ᠪᠣᠯᠤᠨ᠎ᠠ ᠭᠡᠵᠦ ᠴᠡᠭᠡᠷᠯᠡᠳᠡᠭ᠃ ᠨᠠᠰᠦ ᠨᠦᠭᠴᠢᠭᠰᠡᠳ ᠤᠨ ᠳᠤ ᠣᠴᠢᠬᠤ ᠳᠤ ᠪᠠᠶᠠᠷᠯᠠᠬᠤ ᠪᠠᠶᠠᠷ ᠤᠨ ᠮᠠᠩᠨᠠᠢ ᠦᠭᠡᠢ ᠪᠣᠯᠪᠠ ᠭᠡᠵᠦ ᠮᠠᠯᠠᠭᠠᠢ ᠶᠢᠨ ᠢᠶᠠᠨ ᠡᠮᠦᠨ᠎ᠡ ᠰᠠᠷᠠᠪᠴᠢ ᠶᠢ ᠪᠠᠭᠤᠯᠭᠠᠵᠦ ᠣᠷᠤᠳᠠᠭ᠃ ᠵᠠᠯᠠᠭᠤ ᠬᠦᠮᠦᠨ ᠠᠶᠢᠯ ᠳᠤ ᠣᠴᠢᠭᠠᠳ ᠭᠡᠷ ᠤᠨ ᠡᠵᠡᠨ ᠤ ᠵᠦᠪᠰᠢᠶᠡᠷᠡᠯ ᠦᠭᠡᠢ ᠪᠣᠯ ᠮᠠᠯᠠᠭᠠᠢ ᠪᠠᠨ ᠳᠤᠷ᠎ᠠ ᠪᠠᠷ ᠢᠶᠠᠨ ᠠᠪᠴᠦ ᠪᠣᠯᠳᠠᠭ ᠦᠭᠡᠢ᠂ ᠬᠡᠷᠪᠡ ᠲᠡᠷᠡ ᠠᠶᠢᠯ ᠳᠤ ᠬᠤᠨᠤᠬᠤ ᠴᠢᠬᠤᠯᠠ ᠲᠠᠢ ᠪᠣᠯ ᠰᠠᠶ᠋ᠢ ᠮᠠᠯᠠᠭᠠᠢ ᠪᠠᠨ ᠠᠪᠴᠦ ᠳᠣᠬᠢᠳᠠᠢ ᠭᠠᠵᠠᠷ ᠲᠠᠯᠪᠢᠳᠠᠭ᠃ ᠵᠣᠴᠢᠨ ᠪᠠ ᠬᠦᠨᠳᠦᠳᠦ ᠬᠦᠮᠦᠨ ᠤ ᠮᠠᠯᠠᠭᠠᠢ ᠶᠢ ᠬᠡᠤᠬᠡᠳ ᠪᠡᠷᠢᠶᠡᠳ ᠬᠡᠴᠢᠶᠡᠩᠭᠦᠶᠢᠯᠡᠨ ᠲᠤᠰᠴᠤ ᠠᠪᠤᠭᠠᠳ ᠳᠡᠭᠡᠷ᠎ᠡ ᠡᠯᠭᠦᠵᠦ ᠲᠠᠯᠪᠢᠳᠠᠭ᠃ ᠵᠠᠷᠢᠮ ᠨᠤᠳᠤᠭ ᠲᠤ ᠠᠶᠢᠯ ᠳᠤ ᠣᠷᠤᠬᠤ ᠳᠤ ᠮᠠᠯᠠᠭᠠᠢ ᠪᠠᠨ ᠳᠡᠭᠡᠭᠰᠢ ᠡᠷᠭᠦᠰᠬᠢᠭᠡᠳ ᠭᠡᠷ  ᠲᠤᠨᠢ ᠣᠷᠤᠭᠠᠳ ᠮᠠᠯᠠᠭᠠᠢ ᠪᠠᠨ ᠠᠪᠳᠠᠭ᠃ ᠡᠭᠦᠨ ᠤ ᠢᠷᠡᠯᠳᠡ ᠨᠢ ᠡᠷᠳᠡᠨ ᠤ ᠲᠤᠭᠤᠯᠭ᠎ᠠ ᠡᠮᠦᠰᠳᠡᠭ ᠶᠣᠰᠤ ᠵᠠᠩᠰᠢᠯ ᠲᠠᠢ ᠬᠤᠯᠪᠤᠭᠳᠠᠯ ᠲᠠᠢ ᠭᠡᠳᠡᠭ᠃ ᠴᠡᠷᠢᠭ ᠳᠠᠶᠢᠨ ᠤ ᠦᠶ᠎ᠡ ᠳᠤ ᠦᠯᠦ ᠲᠠᠨᠢᠬᠤ ᠠᠶᠢᠯ ᠳᠤ ᠣᠷᠤᠪᠠᠯ ᠲᠤᠭᠤᠯᠭ᠎ᠠ ᠪᠠᠨ ᠠᠪᠳᠠᠭ ᠦᠭᠡᠢ ᠪᠠᠶᠢᠵᠠᠢ᠃ ᠡᠶᠢᠮᠦ ᠠᠴᠠ ᠠᠶᠢᠯ ᠳᠤ ᠣᠷᠤᠭᠠᠳ ᠮᠠᠯᠠᠭᠠᠢ ᠪᠠᠨ ᠠᠪᠴᠦ ᠪᠠᠶᠢᠭ᠎ᠠ  ᠨᠢ ᠲᠡᠳᠡᠨ ᠢ ᠢᠳᠡᠭᠡᠵᠦ ᠪᠠᠶᠢᠨ᠎ᠠ᠂ ᠨᠦᠬᠦᠷᠰᠡᠭ ᠶᠠᠪᠤᠯᠴᠠᠬᠤ ᠰᠠᠨᠠᠭ᠎ᠠ ᠪᠠᠨ ᠢᠯᠡᠳᠭᠡᠵᠦ ᠪᠠᠶᠢᠨ᠎ᠠ ᠭᠡᠵᠦ ᠦᠵᠡᠳᠡᠭ᠃ ᠮᠠᠯᠠᠭᠠᠢ ᠶᠢ ᠬᠡᠯᠳᠡᠭᠡᠢ ᠬᠠᠵᠠᠭᠠᠢ ᠡᠮᠦᠰᠬᠦ ᠶᠢ ᠴᠡᠭᠡᠷᠯᠡᠳᠡᠭ᠃ ᠲᠡᠶᠢᠨ ᠬᠦ ᠡᠮᠦᠰᠪᠡᠯ ᠡᠬᠢ ᠵᠠᠬ᠎ᠠ ᠪᠠᠨ ᠠᠯᠳᠠᠭᠰᠠᠳ ᠭᠡᠵᠦ ᠦᠵᠡᠳᠡᠭ᠃ ᠮᠠᠯᠠᠭᠠᠢ ᠪᠠᠨ ᠬᠤᠶᠢᠰᠢ ᠬᠠᠷᠠᠭᠤᠯᠤᠨ ᠡᠮᠦᠰᠬᠦ ᠶᠢ ᠨᠡᠩ ᠴᠡᠭᠡᠷᠯᠡᠳᠡᠭ᠃ ᠵᠣᠯᠢᠭ ᠳᠤ ᠭᠠᠷᠬᠤ ᠬᠦᠮᠦᠨ ᠤ ᠮᠠᠯᠠᠭᠠᠢ ᠶᠢ ᠰᠠᠶ᠋ᠢ ᠲᠡᠭᠡᠵᠦ ᠡᠮᠦᠰᠭᠡᠳᠡᠭ᠃ ᠮᠠᠯᠠᠭᠠᠢ ᠶᠢ ᠪᠣᠰᠤᠳ ᠲᠠᠢ ᠰᠣᠯᠢᠵᠦ ᠡᠮᠦᠰᠬᠦ ᠶᠢ ᠴᠡᠭᠡᠷᠯᠡᠳᠡᠭ ᠂ ᠰᠣᠯᠢᠵᠦ ᠡᠮᠦᠰᠪᠡᠯ ᠬᠡᠶᠢᠮᠦᠷᠢ ᠨᠢ ᠰᠣᠯᠢᠭᠳᠠᠨ᠎ᠠ ᠭᠡᠳᠡᠭ᠃ ᠪᠣᠰᠤᠳ ᠤᠨ ᠮᠠᠯᠠᠭᠠᠢ ᠶᠢ ᠡᠮᠦᠰᠬᠦ ᠴᠢᠬᠤᠯᠠ ᠲᠠᠢ ᠪᠣᠯ 《 ᠮᠢᠨᠦ ᠮᠠᠯᠠᠭᠠᠢ ᠪᠢᠰᠢ 》 ᠭᠡᠵᠦ ᠬᠡᠯᠡᠭᠡᠳ ᠰᠠᠶ᠋ᠢ ᠡᠮᠦᠰᠳᠡᠭ᠃ ᠮᠣᠩᠭᠤᠯᠴᠤᠳ 《 ᠮᠠᠯ ᠡᠵᠡᠨ ᠢᠶᠠᠨ ᠳᠠᠭᠤᠷᠢᠶᠠᠨ᠎ᠠ᠂ ᠮᠠᠯᠠᠭᠠᠢ ᠲᠣᠯᠤᠭᠠᠢ ᠪᠠᠨ ᠳᠠᠭᠤᠷᠢᠶᠠᠨ᠎ᠠ 》 ᠭᠡᠵᠦ ᠦᠵᠡᠳᠡᠭ ᠪᠣᠯᠬᠤᠷ ᠤᠬᠠᠭᠠᠨ ᠰᠠᠨᠠᠭ᠎ᠠ ᠡᠷᠳᠡᠮ ᠴᠢᠳᠠᠯ ᠲᠡᠭᠦᠰ ᠬᠦᠮᠦᠨ ᠤ ᠮᠠᠯᠠᠭᠠᠢ ᠶᠢ ᠡᠮᠦᠰᠬᠦ ᠶᠢ ᠮᠠᠰᠢ ᠡᠷᠬᠢᠮ ᠳᠤ ᠦᠵᠡᠳᠡᠭ᠃ ᠲᠡᠭᠦᠨ ᠤ ᠡᠮᠦᠰᠴᠦ ᠪᠠᠶᠢᠭᠰᠠᠨ ᠮᠠᠯᠠᠭᠠᠢ ᠶᠢ ᠡᠮᠦᠰᠪᠡᠯ ᠦᠢᠯᠡᠰ ᠭᠠᠪᠢᠶ᠎ᠠ ᠨᠢ ᠵᠠᠯᠭᠠᠮᠵᠢᠯᠠᠨ᠎ᠠ ᠭᠡᠵᠦ ᠦᠵᠡᠳᠡᠭ᠃ ᠡᠶᠢᠮᠦ ᠪᠣᠯᠬᠤᠷ ᠮᠣᠩᠭᠤᠯᠴᠤᠳ ᠶᠡᠭᠡ ᠠᠳᠠᠯᠢᠬᠠᠨ ᠪᠣᠶᠤ ᠶᠠᠪ ᠴᠠᠪ ᠲᠠᠭᠠᠷᠠᠭᠰᠠᠨ ᠵᠦᠢᠯᠡᠰ ᠢ 《 ᠨᠠᠭᠠᠴᠦ ᠡᠴᠢᠭᠡ ᠶᠢᠨ ᠬᠢᠨᠢ ᠨᠠᠷᠠᠨ ᠮᠠᠯᠠᠭᠠᠢ 》 ᠭᠡᠬᠦ ᠪᠣᠶᠤ 《 ᠡᠴᠢᠭᠡ ᠶᠢᠨ ᠬᠢᠨᠢ ᠮᠠᠯᠠᠭᠠᠢ 》 ᠭᠡᠳᠡᠭ᠃ ᠠᠬᠠᠮᠠᠳ ᠲᠣᠮᠤᠭᠠᠳᠠᠨ ᠬᠦᠮᠦᠨ ᠬᠡᠤᠬᠡᠳ ᠳᠡᠭᠦᠦ ᠨᠠᠷ ᠪᠣᠶᠤ ᠱᠠᠪᠢ ᠪᠠᠨᠳᠢ ᠳᠠᠭᠠᠨ ᠮᠠᠯᠠᠭᠠᠢ ᠪᠠᠨ ᠬᠠᠶᠢᠷᠠᠯᠠᠨ ᠦᠭᠴᠦ ᠪᠣᠯᠳᠠᠭ᠃ ᠭᠡᠪᠡᠴᠦ ᠬᠡᠤᠬᠡᠳ ᠳᠡᠭᠦᠦ ᠨᠠᠷ᠂ ᠱᠠᠪᠢ ᠪᠠᠨᠳᠢ ᠨᠢ ᠠᠬᠠᠮᠠᠳ ᠲᠠᠭᠠᠨ ᠮᠠᠯᠠᠭᠠᠢ ᠬᠦᠷᠭᠡᠬᠦ ᠵᠠᠩᠰᠢᠯ ᠦᠭᠡᠢ᠃ ᠬᠦᠷᠭᠡᠬᠦ ᠴᠢᠬᠤᠯᠠ ᠲᠠᠢ ᠪᠣᠯ ᠪᠣᠰᠤᠳ ᠬᠤᠪᠴᠠᠰᠦ ᠲᠠᠢ ᠬᠠᠮᠳᠤ ᠬᠦᠷᠭᠡᠵᠦ ᠪᠣᠯᠳᠠᠭ᠃ ᠮᠣᠩᠭᠤᠯᠴᠤᠳ ᠳᠠᠪᠬᠤᠷ ᠮᠠᠯᠠᠭᠠᠢ ᠡᠮᠦᠰᠪᠡᠯ ᠬᠤᠶᠠᠷᠳᠡᠬᠢ ᠤᠳᠠᠭ᠎ᠠ ᠡᠬᠡᠨᠡᠷ ᠠᠪᠤᠨ᠎ᠠ ᠭᠡᠵᠦ ᠴᠡᠭᠡᠷᠯᠡᠳᠡᠭ᠃ ᠵᠠᠮ ᠳᠤ ᠮᠠᠯᠠᠭᠠᠢ ᠲᠠᠭᠠᠷᠠᠯᠳᠤᠪᠠᠯ ᠣᠯᠵᠠ ᠪᠣᠯᠭᠠᠨ ᠠᠪᠬᠤ ᠶᠢ ᠴᠡᠭᠡᠷᠯᠡᠳᠡᠭ᠃ ᠮᠠᠯᠠᠭᠠᠢ ᠳᠤᠭᠤᠭᠰᠢ ᠪᠠᠨ ᠬᠠᠷᠠᠭᠰᠠᠨ ᠰᠠᠪᠠ ᠮᠡᠳᠦ ᠲᠤᠯᠠ ᠭᠠᠷᠤᠵᠠ ᠶᠢᠨ ᠡᠭᠦᠳᠡ ᠨᠡᠭᠡᠭᠡᠨ᠎ᠡ ᠭᠡᠬᠦ ᠪᠣᠶᠤ ᠪᠣᠰᠤᠳ ᠤᠨ ᠬᠦᠯᠦᠰᠦ ᠲᠠᠢ ᠬᠠᠭᠤᠴᠢᠨ ᠡᠳ᠋ ᠲᠣᠯᠤᠭᠠᠢ ᠪᠣᠵᠠᠷᠯᠠᠨ᠎ᠠ ᠭᠡᠳᠡᠭ᠃ ᠮᠣᠩᠭᠤᠯ ᠬᠤᠷᠢᠮ ᠤᠨ ᠶᠣᠰᠤᠨ ᠳᠤ 《 ᠰᠢᠨ᠎ᠡ ᠬᠦᠷᠭᠡᠨ ᠤ ᠮᠠᠯᠠᠭᠠᠢ ᠪᠣᠯᠢᠶᠠᠬᠤ 》 ᠭᠡᠳᠡᠭ ᠵᠠᠩᠰᠢᠯ ᠪᠠᠶᠢᠳᠠᠭ᠃ ᠣᠯᠠᠨ ᠬᠦᠮᠦᠨ ᠤ ᠭᠠᠷ ᠬᠦᠡᠭᠡᠯ ᠦᠭᠡᠢ ᠭᠠᠷᠴᠦ ᠢᠷᠡᠬᠦ ᠨᠢ ᠡᠷ᠎ᠡ ᠶᠢᠨ ᠦᠵᠦᠭᠦᠷ᠂ ᠠᠪᠬᠠᠯᠵᠢ ᠰᠠᠮᠪᠠᠭ᠎ᠠ ᠲᠠᠢ ᠬᠦᠮᠦᠨ ᠳᠤ ᠲᠣᠭᠠᠴᠠᠭᠳᠠᠳᠠᠭ᠃ ᠰᠢᠨ᠎ᠡ ᠬᠦᠷᠭᠡᠨ ᠮᠠᠯᠠᠭᠠᠢ ᠪᠠᠨ ᠪᠣᠯᠢᠶᠠᠭᠳᠠᠪᠠᠯ ᠣᠯᠠᠨ ᠤ ᠡᠯᠡᠭ ᠳᠤᠭᠤᠬᠢ ᠪᠣᠯᠬᠤ ᠪᠠᠷ ᠪᠠᠷᠠᠬᠤ ᠦᠭᠡᠢ᠂ ᠬᠤᠷᠢᠮ ᠤᠨ ᠠᠬᠠᠯᠠᠭᠴᠢ ᠠᠷᠢᠬᠢ ᠬᠠᠳᠠᠭ ᠲᠠᠢ ᠣᠴᠢᠵᠦ ᠮᠠᠯᠠᠭᠠᠢ ᠶᠢ ᠨᠢ ᠪᠣᠴᠠᠭᠠᠵᠦ ᠠᠪᠳᠠᠭ᠃ ᠡᠮᠦᠰᠴᠦ ᠪᠠᠶᠢᠭᠰᠠᠨ ᠬᠠᠭᠤᠴᠢᠨ ᠮᠠᠯᠠᠭᠠᠢ ᠶᠢ ᠳᠤᠷ᠎ᠠ ᠪᠠᠷ ᠬᠠᠶᠠᠬᠤ ᠶᠢ ᠴᠡᠭᠡᠷᠯᠡᠳᠡᠭ᠃ ᠬᠡᠷᠪᠡ ᠮᠠᠯᠠᠭᠠᠢ ᠨᠢ ᠬᠠᠭᠤᠴᠢᠷᠠᠵᠦ ᠰᠢᠨ᠎ᠡ ᠶᠢ ᠰᠣᠯᠢᠬᠤ ᠴᠢᠬᠤᠯᠠ ᠲᠠᠢ ᠪᠣᠯ ᠬᠠᠭᠤᠴᠢᠨ ᠮᠠᠯᠠᠭᠠᠢ ᠪᠠᠨ ᠭᠠᠯ ᠳᠤ ᠰᠢᠳᠠᠭᠠᠵᠦ ᠬᠠᠶᠠᠳᠠᠭ᠃ ᠬᠠᠳᠠᠮ ᠠᠬ᠎ᠠ ᠬᠦᠮᠦᠨ ᠳᠡᠭᠦᠦ ᠪᠡᠷᠢ ᠶᠢᠨ ᠢᠶᠠᠨ ᠳᠡᠷᠭᠡᠳᠡ ᠮᠠᠯᠠᠭᠠᠢ ᠪᠠᠨ ᠠᠪᠳᠠᠭ ᠦᠭᠡᠢ᠂ ᠮᠠᠯᠠᠭᠠᠢ ᠪᠠᠨ ᠠᠪᠤᠪᠠᠯ ᠳᠡᠭᠦᠦ ᠪᠡᠷᠢ ᠪᠠᠨ ᠳᠤᠷᠤᠮᠵᠢᠯᠠᠭᠰᠠᠨ ᠶᠠᠪᠤᠳᠠᠯ ᠭᠡᠵᠦ ᠦᠵᠡᠳᠡᠭ᠃ ᠮᠠᠯᠠᠭᠠᠢ ᠶᠢᠨ ᠴᠢᠬᠢ ᠶᠢ ᠪᠠᠭᠤᠯᠭᠠᠭᠰᠠᠨ ᠬᠡᠪ ᠢᠶᠠᠷ ᠠᠶᠢᠯ ᠳᠤ ᠣᠷᠤᠬᠤ ᠶᠢ ᠴᠡᠭᠡᠷᠯᠡᠳᠡᠭ᠂ ᠮᠠᠯᠠᠭᠠᠢ ᠶᠢᠨ ᠴᠢᠬᠢ ᠪᠠᠨ ᠳᠡᠭᠡᠭᠰᠢ ᠲᠠᠳᠠᠵᠦ ᠪᠣᠷᠴᠠ ᠶᠢ ᠨᠢ ᠤᠶᠠᠭᠰᠠᠨ ᠤ ᠳᠠᠷᠠᠭ᠎ᠠ ᠰᠠᠶ᠋ᠢ ᠠᠶᠢᠯ ᠳᠤ ᠣᠷᠤᠳᠠᠭ᠃ ᠮᠠᠯᠠᠭᠠᠢ ᠶᠢᠨ ᠣᠷᠤᠢ ᠪᠠᠷ ᠭᠡᠷ ᠤᠨ ᠤᠨᠢ᠂ ᠡᠭᠦᠳᠡᠨ ᠤ ᠳᠤᠳᠤᠭᠤ ᠮᠦᠷᠭᠦᠭᠦᠯᠬᠦ ᠶᠢ ᠴᠡᠭᠡᠷᠯᠡᠳᠡᠭ᠃ ᠵᠠᠯᠠᠭᠤ ᠪᠠᠭᠠᠴᠤᠳ ᠲᠤ ᠦᠨᠡᠭᠡ᠂ ᠲᠠᠤᠯᠠᠢ᠂ ᠡᠯᠪᠡᠩᠬᠦ ᠵᠡᠷᠭᠡ ᠳᠡᠩᠳᠡᠭᠦᠦ ᠦᠯᠴᠢᠷ ᠠᠷᠠᠰᠦᠨ ᠮᠠᠯᠠᠭᠠᠢ ᠡᠮᠦᠰᠭᠡᠳᠡᠭ ᠦᠭᠡᠢ᠂ ᠨᠢᠳᠦᠨ ᠭᠠᠯ ᠮᠠᠭᠤᠳᠠᠨ᠎ᠠ ᠭᠡᠳᠡᠭ᠃ ᠮᠠᠯᠠᠭᠠᠢ ᠶᠢᠨ ᠰᠢᠷᠢᠭᠡᠰᠦ ᠶᠢ ᠵᠦᠷᠢᠭᠦᠦ ᠰᠤᠨᠳᠤᠭᠤᠢ ᠣᠶᠤᠬᠤ ᠶᠢ ᠴᠡᠭᠡᠷᠯᠡᠳᠡᠭ᠃ ᠵᠦᠷᠢᠴᠡᠪᠡᠯ ᠤᠳᠤ᠋ ᠣᠮᠤᠭ ᠤᠨ ᠪᠡᠯᠬᠡ ᠲᠡᠮᠳᠡᠭ ᠭᠦᠢᠴᠡᠭᠡ ᠦᠭᠡᠢ ᠭᠡᠵᠦ ᠦᠵᠡᠳᠡᠭ᠃ ᠬᠠᠯᠬ᠎ᠠ ᠮᠠᠯᠠᠭᠠᠢ ᠶᠢ ᠵᠠᠪᠠᠯ ᠪᠣᠰᠤᠭ᠎ᠠ 32 ᠰᠢᠷᠢᠭᠡᠰᠦ ᠲᠠᠢ ᠣᠶᠤᠳᠠᠭ ᠨᠢ ᠬᠠᠯᠬ᠎ᠠ ᠶᠠᠰᠤᠳᠠᠨ ᠤ ᠣᠪᠤᠭ ᠠᠶᠢᠮᠠᠭ ᠤᠨ ᠲᠤᠭ᠎ᠠ ᠶᠢ ᠢᠯᠡᠳᠭᠡᠳᠡᠭ ᠤᠴᠢᠷ ᠲᠠᠢ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号