ᠮᠤᠷᠢᠨ ᠤ ᠶᠠᠪᠤᠳᠠᠯ ︵ᠬᠤᠶᠠᠷ︶
ᠨᠡᠶᠢᠲᠡᠯᠡᠭᠰᠡᠨ ᠴᠠᠭ᠄
2020/7/30
ᠮᠤᠷᠢᠨ ᠤ ᠠᠯᠬᠤᠯᠠᠬᠤ᠂ ᠬᠡᠯᠳᠦᠷᠢᠬᠦ᠄ ᠮᠤᠷᠢᠨ ᠤ ᠡᠩ ᠤᠨ ᠠᠯᠬᠤᠳᠠᠯ ᠢ ᠬᠡᠯᠳᠦᠷᠢᠵᠦ ᠶᠠᠪᠤᠬᠤ ᠬᠡᠳᠡᠭ᠃ ᠡᠨᠡ ᠨᠢ ᠮᠤᠷᠢᠨ ᠤ ᠵᠢᠷ ᠤᠨ ᠠᠭᠠᠵᠢᠮ ᠶᠠᠪᠤᠬᠤ ᠰᠤᠯᠠ ᠠᠯᠬᠤᠳᠠᠯ ᠪᠤᠯᠬᠤᠷ ᠬᠦᠮᠦᠰ ᠶᠡᠷᠦ ᠠᠴᠠ ᠮᠤᠷᠢᠨ ᠤ ᠶᠠᠪᠤᠳᠠᠯ ᠢᠶᠠᠷ ᠲᠤᠭᠠᠴᠠᠳᠠᠭ ᠦᠬᠡᠢ᠃ ᠮᠤᠷᠢ ᠬᠡᠯᠳᠦᠷᠢᠵᠦ ᠶᠠᠪᠤᠬᠤ ᠳᠤ ᠪᠠᠨ ᠪᠠᠷᠠᠭᠤᠨ ᠤᠷᠳᠤ᠂ ᠵᠡᠬᠦᠨ ᠬᠤᠶᠢᠳᠤ᠂ ᠵᠡᠬᠦᠨ ᠤᠷᠳᠤ᠂ ᠪᠠᠷᠠᠭᠤᠨ ᠬᠤᠶᠢᠳᠤ ᠪᠤᠶᠤ ᠵᠡᠬᠦᠨ ᠤᠷᠳᠤ᠂ ᠪᠠᠷᠠᠭᠤᠨ ᠬᠤᠶᠢᠳᠤ᠂ ᠪᠠᠷᠠᠭᠤᠨ ᠤᠷᠳᠤ᠂ ᠵᠡᠬᠦᠨ ᠬᠤᠶᠢᠳᠤ ᠬᠡᠬᠦᠴᠢᠯᠡᠨ ᠬᠦᠯ ᠢᠶᠠᠨ ᠵᠦᠬᠡᠬᠡᠵᠦ ᠪᠦᠳᠦᠨ ᠨᠢᠬᠡᠨ ᠠᠯᠬᠤᠳᠠᠯ ᠢ ᠬᠦᠢᠴᠡᠳᠭᠡᠨ᠎ᠡ᠃ ᠠᠯᠬᠤᠳᠠᠯ ᠲᠠᠭᠤᠰᠬᠤ ᠦᠶ᠎ᠡ  ᠳᠤ ᠲᠦᠷᠪᠡᠨ ᠲᠤᠭᠤᠷᠠᠢ ᠶᠢᠨ ᠲᠠᠭᠤ ᠰᠤᠨᠤᠰᠳᠠᠨ᠎ᠠ᠃ ᠲᠡᠶᠢᠮᠦ ᠠᠴᠠ ᠬᠡᠯᠳᠦᠷᠢᠵᠦ ᠶᠠᠪᠤᠭᠰᠠᠨ ᠮᠤᠷᠢᠨ ᠤ ᠮᠦᠷ ᠨᠢ ᠨᠢᠬᠡ ᠬᠦᠯ ᠤᠨ ᠢᠶᠠᠨ ᠮᠦᠷ ᠲᠡᠭᠡᠷ᠎ᠡ ᠨᠦᠬᠦᠬᠡ ᠬᠦᠯ ᠨᠢ ᠬᠢᠰᠬᠢᠵᠦ ᠲᠠᠪᠬᠤᠷᠯᠠᠵᠤ ᠭᠠᠷᠳᠠᠭ᠃ ᠬᠡᠯᠳᠦᠷᠢᠬᠦ ᠨᠢ ᠮᠤᠷᠢᠨ ᠤ ᠨᠢᠬᠡᠨ ᠦᠨᠳᠦᠰᠦᠨ ᠠᠯᠬᠤᠳᠠᠯ ᠪᠦᠬᠡᠳ ᠬᠠᠮᠤᠭ ᠤᠨ ᠤᠳᠠᠭᠠᠨ ᠠᠯᠬᠤᠳᠠᠯ ᠮᠦᠨ᠃ ᠪᠡᠯᠴᠢᠬᠡᠷ ᠤᠨ ᠠᠳᠤᠭᠤ ᠴᠤᠪᠤᠵᠤ ᠶᠠᠪᠤᠬᠤ ᠳᠤ ᠪᠦᠷ ᠡᠨᠡ ᠠᠯᠬᠤᠳᠠᠯ ᠢᠶᠠᠷ ᠶᠠᠪᠤᠨ᠎ᠠ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号