ᠮᠤᠷᠢᠨ ᠤ ᠶᠠᠪᠤᠳᠠᠯ ︵ᠭᠤᠷᠪᠠ︶
ᠨᠡᠶᠢᠲᠡᠯᠡᠭᠰᠡᠨ ᠴᠠᠭ᠄
2020/7/30
    ᠮᠤᠷᠢᠨ ᠤ ᠰᠠᠶᠢᠪᠤᠷᠯᠠᠬᠤ᠄ ᠮᠤᠷᠢᠨ ᠤ ᠰᠠᠶᠢᠪᠤᠷᠢᠯᠠᠬᠤ ᠶᠠᠪᠤᠳᠠᠯ ᠨᠢ ᠬᠡᠯᠳᠦᠷᠢᠵᠦ ᠶᠠᠪᠤᠬᠤ᠂ ᠠᠯᠬᠤᠯᠠᠵᠤ ᠶᠠᠪᠤᠬᠤ ᠬᠡᠯᠪᠡᠷᠢ ᠳᠤ ᠪᠠᠭᠳᠠᠬᠤ ᠪᠤᠯᠪᠠᠴᠤ ᠬᠦᠡᠭᠭᠡᠨ ᠬᠠᠷ᠎ᠠ ᠠᠯᠬᠤᠭ᠎ᠠ ᠠᠴᠠ ᠲᠦᠷᠭᠡᠨ ᠪᠦᠭᠡᠳ ᠲᠠᠶᠢᠪᠠᠯᠵᠠᠨ ᠬᠦᠳᠡᠯᠬᠦ ᠨᠢ ᠢᠯᠡᠭᠦᠦ᠂ ᠬᠦᠶᠦᠮ᠎ᠡ ᠬᠠᠷ᠎ᠠ ᠠᠯᠬᠤᠭ᠎ᠠ ᠠᠴᠠ ᠪᠠᠰᠠ ᠠᠷᠠᠢ ᠤᠨᠳᠤᠤ ᠪᠠᠶᠢᠳᠠᠭ᠂ ᠵᠠᠷᠢᠮ ᠭᠠᠵᠠᠷ ᠰᠠᠶᠢᠪᠤᠷ ᠢ ᠵᠢᠷᠤᠭ᠎ᠠ ᠶᠢᠨ ᠬᠡᠯᠪᠡᠷᠢ ᠳᠤ ᠪᠠᠭᠳᠠᠭᠠᠨ ᠬᠡᠯᠡᠬᠦ ᠴᠦ ᠪᠤᠢ᠃ ᠰᠠᠶᠢᠪᠤᠷ ᠮᠤᠷᠢᠨ ᠤ ᠬᠦᠯ ᠨᠢ ᠲᠠᠯ᠎ᠠ ᠲᠠᠯ᠎ᠠ  ᠪᠠᠷ ᠢᠶᠠᠨ ᠦᠷᠦᠬᠡᠯᠳᠡᠵᠦ ᠶᠠᠪᠤᠬᠤ ᠮᠦᠷᠳᠡᠭᠡᠨ ᠬᠤᠶᠢᠳᠤ ᠬᠦᠯ ᠢᠶᠠᠨ ᠤᠷᠳᠤ ᠬᠦᠯ ᠠᠴᠠ ᠪᠠᠨ ᠪᠠᠭ᠎ᠠ ᠡᠷᠳᠡ ᠡᠷᠬᠦᠬᠦ ᠪᠠ ᠬᠤᠶᠢᠳᠤ ᠲᠤᠭᠤᠷᠠᠢ ᠶᠢᠨ ᠤᠷᠤ ᠨᠢ ᠤᠷᠳᠤ ᠲᠤᠭᠤᠷᠠᠢ ᠶᠢᠨ ᠤᠷᠤ ᠶᠢᠨ ᠡᠮᠦᠨ᠎ᠡ ᠪᠤᠶᠤ ᠵᠡᠷᠭᠡᠴᠡᠵᠦ ᠭᠠᠷᠤᠭᠰᠠᠨ ᠪᠠᠶᠢᠳᠠᠭ᠃ ᠡᠶᠢᠮᠦ ᠠᠴᠠ ᠨᠢᠬᠡ ᠲᠠᠯ᠎ᠠ ᠶᠢᠨ ᠬᠤᠶᠠᠷ ᠲᠤᠭᠤᠷᠠᠢ ᠶᠢᠨ ᠲᠠᠭᠤᠨ ᠨᠢ ᠪᠠᠷᠤᠭ ᠵᠠᠯᠭᠠᠯᠳᠤᠵᠤ ᠲᠦᠷᠪᠡᠨ ᠲᠤᠭᠤᠷᠠᠢ ᠶᠢᠨ ᠲᠠᠭᠤᠨ ᠰᠤᠨᠤᠰᠳᠠᠨ᠎ᠠ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号