ᠮᠤᠷᠢᠨ ᠤ ᠶᠠᠪᠤᠳᠠᠯ ︵ᠳᠥᠷᠪᠡ︶
ᠨᠡᠶᠢᠲᠡᠯᠡᠭᠰᠡᠨ ᠴᠠᠭ᠄
2020/7/30
 ᠮᠤᠷᠢᠨ ᠤ ᠰᠡᠭᠡᠯᠭᠡ᠄ ᠲᠤᠳᠠᠭᠤ ᠲᠠᠪᠬᠢᠬᠤ᠂ ᠴᠤᠭᠬᠢᠬᠤ ᠠᠴᠠ ᠠᠷᠠᠢ ᠲᠦᠷᠭᠡᠨ᠂ ᠱᠤᠭᠰᠢᠶ᠎ᠠ ᠪᠠ ᠴᠤᠭᠬᠢᠶ᠎ᠠ ᠶᠢᠨ ᠬᠤᠭᠤᠷᠤᠨᠳᠤᠬᠢ ᠮᠤᠷᠢ᠂ ᠬᠦᠮᠦᠨ ᠳᠤ ᠬᠦᠡᠭᠭᠡᠪᠳᠦᠷ ᠶᠠᠪᠤᠳᠠᠯ᠃ ᠮᠠᠭᠤᠬᠠᠨ ᠲᠡᠭᠯᠡᠭᠡᠨᠡᠭᠰᠡᠨ ᠴᠤᠭᠬᠢᠶ᠎ᠠ᠃ ᠡᠨᠡ ᠨᠢ ᠦᠨᠴᠦᠭ ᠬᠤᠯᠪᠤᠭᠴᠢ ᠮᠦᠴᠢ ᠨᠦᠭᠦᠳ ᠤᠨ ᠠᠳᠠᠯᠢ ᠱᠠᠳᠤᠨ ᠳᠤ ᠬᠢ ᠬᠦᠳᠡᠯᠭᠡᠭᠡᠨ ᠢ ᠬᠡᠯᠡᠨ᠎ᠡ᠃ ᠡᠨᠡ ᠬᠦᠶᠦᠳᠡᠯ  ᠳᠤ ᠭᠤᠷᠪᠠᠨ ᠲᠤᠭᠤᠷᠠᠢ ᠶᠢᠨ ᠲᠠᠭᠤᠨ ᠲᠠᠢ᠂ ᠬᠦᠪᠦᠮᠡᠯ ᠤᠨ ᠬᠤᠭᠤᠴᠠᠭ᠎ᠠ ᠲᠠᠢ ᠪᠠᠶᠢᠳᠠᠭ᠃ ᠲᠡᠬᠦᠨ ᠤ ᠬᠦᠯ ᠵᠦᠬᠡᠬᠡᠬᠦ ᠲᠡᠰ ᠲᠠᠷᠠᠭ᠎ᠠ ᠪᠤᠯ ᠤᠷᠢᠳ ᠢᠶᠠᠷ ᠵᠡᠬᠦᠨ ᠬᠤᠶᠢᠳᠤ᠂ ᠲᠠᠷᠠᠭ᠎ᠠ ᠨᠢ ᠵᠡᠬᠦᠨ ᠤᠷᠳᠤ ᠪᠤᠯᠤᠨ ᠪᠠᠷᠠᠭᠤᠨ ᠬᠤᠶᠢᠳᠤ᠂ ᠬᠠᠮᠤᠭ ᠰᠡᠬᠦᠯ ᠳᠤ ᠪᠠᠷᠠᠭᠤᠨ ᠤᠷᠳᠤ ᠮᠦᠴᠢ ᠪᠠᠷ ᠦᠰᠦᠷᠦᠭᠡᠳ ᠲᠠᠷᠠᠭᠠᠴᠢ ᠶᠢᠨ ᠬᠦᠪᠦᠮᠡᠯ ᠱᠠᠳᠤᠨ  ᠳᠤ ᠪᠠᠨ ᠤᠷᠤᠨ᠎ᠠ᠃ ᠡᠰᠡᠭᠦᠯ᠎ᠡ ᠡᠬᠦᠨ ᠤ ᠡᠰᠡᠷᠬᠦ ᠪᠠᠶᠢᠵᠤ ᠪᠤᠯᠤᠨ᠎ᠠ᠃ ᠠᠯᠬᠤᠮ ᠤᠨ ᠬᠡᠮᠵᠢᠶ᠎ᠡ ᠨᠢ 3.5 — 4.5 ᠮᠧᠲᠷ᠂ ᠬᠤᠷᠳᠤᠴᠠ ᠨᠢ ᠴᠠᠭ ᠲᠤ 18 — 26 ᠺᠢᠯᠤᠮᠧᠲᠷ ᠪᠠᠶᠢᠳᠠᠭ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号