ᠮᠤᠷᠢᠨ ᠤ ᠶᠠᠪᠤᠳᠠᠯ ︵ᠲᠠᠪᠤ︶
ᠨᠡᠶᠢᠲᠡᠯᠡᠭᠰᠡᠨ ᠴᠠᠭ᠄
2020/7/30
ᠮᠤᠷᠢᠨ ᠤ ᠱᠤᠭᠰᠢᠶ᠎ᠠ ︵ᠨᠤᠬᠠᠢ ᠱᠤᠭᠰᠢᠶ᠎ᠠ︶᠄ ᠱᠤᠩᠰᠢᠬᠤ ᠨᠢ ᠲᠤᠩᠰᠢᠬᠤ ᠠᠴᠠ ᠪᠠᠨ ᠲᠦᠷᠭᠡᠨ ᠪᠦᠭᠡᠳ ᠪᠡᠶ᠎ᠡ ᠰᠡᠭᠰᠦᠷᠬᠦ ᠨᠢ ᠰᠢᠷᠦᠭᠦᠨ᠃ ᠢᠵᠢᠯᠢ ᠲᠠᠯ᠎ᠠ ᠶᠢᠨ ᠮᠦᠴᠢ ᠨᠦᠭᠦᠳ ᠤᠨ ᠠᠳᠠᠯᠢ ᠪᠤᠰᠤ ᠱᠠᠳᠤᠨ ᠳᠤ ᠬᠢ ᠬᠦᠳᠡᠯᠬᠡᠬᠡᠨ ᠪᠤᠯᠬᠤ ᠪᠦᠬᠡᠳ ᠬᠦᠪᠦᠮᠡᠯ ᠬᠤᠭᠤᠴᠠᠭ᠎ᠠ ᠦᠬᠡᠢ ᠪᠠᠶᠢᠳᠠᠭ᠂ ᠲᠡᠬᠦᠨ ᠤ ᠬᠦᠯ ᠢᠶᠠᠨ ᠵᠦᠬᠡᠬᠡᠬᠦ ᠲᠡᠰ ᠲᠠᠷᠠᠭ᠎ᠠ ᠨᠢ ᠵᠡᠬᠦᠨ ᠬᠤᠶᠢᠳᠤ᠂ ᠪᠠᠷᠠᠭᠤᠨ ᠬᠤᠶᠢᠳᠤ᠂ ᠵᠡᠬᠦᠨ ᠤᠷᠳᠤ᠂ ᠪᠠᠷᠠᠭᠤᠨ ᠤᠷᠳᠤ ᠬᠦᠯ᠂ ᠡᠰᠡᠬᠦᠯ᠎ᠡ ᠪᠠᠷᠠᠭᠤᠨ ᠬᠤᠶᠢᠳᠤ᠂ ᠵᠡᠬᠦᠨ ᠬᠤᠶᠢᠳᠤ᠂ ᠪᠠᠷᠠᠭᠤᠨ ᠤᠷᠳᠤ᠂ ᠵᠡᠬᠦᠨ ᠤᠷᠳᠤ ᠬᠦᠯ ᠪᠤᠯᠤᠨ᠎ᠠ᠃ ᠡᠨᠡ ᠬᠦ ᠠᠯᠬᠤᠴᠠ  ᠶᠢᠨ ᠲᠡᠭᠡᠭᠰᠢ ᠲᠤᠷᠤᠭᠰᠢ ᠲᠤᠩᠰᠤᠯᠬᠤ ᠨᠢ ᠶᠡᠭᠡ᠂ ᠬᠤᠷᠳᠤᠴᠠ ᠨᠢ ᠤᠳᠠᠭᠠᠨ᠂ ᠶᠡᠷᠦ ᠳᠤ ᠪᠠᠨ ᠲᠦᠷᠪᠡᠨ ᠲᠤᠭᠤᠷᠠᠢ ᠶᠢᠨ ᠲᠠᠭᠤᠨ ᠰᠤᠨᠤᠰᠳᠠᠨ᠎ᠠ᠃ ᠠᠯᠬᠤᠮ ᠤᠨ ᠬᠡᠮᠵᠢᠶ᠎ᠡ ᠨᠢ 2.5 — 3.5 ᠮᠧᠲᠷ᠂ ᠬᠤᠷᠳᠤᠴᠠ ᠨᠢ ᠴᠠᠭ ᠲᠤ 12 — 15 ᠺᠢᠯᠤᠮᠧᠲᠷ ᠪᠠᠶᠢᠳᠠᠭ᠃ ᠮᠤᠷᠢᠨ ᠤ ᠱᠤᠭᠰᠢᠬᠤ ᠶᠠᠪᠤᠳᠠᠯ ᠤᠨ ᠬᠤᠷᠳᠤᠴᠠ ᠨᠢ ᠠᠯᠬᠤᠵᠤ ᠰᠠᠶᠢᠪᠤᠷᠢᠯᠠᠬᠤ ᠲᠠᠢ ᠪᠠᠷᠤᠭ ᠤᠴᠢᠬᠤ ᠪᠤᠯᠪᠠᠴᠤ ᠶᠠᠪᠤᠳᠠᠯ ᠨᠢ ᠬᠠᠷᠢᠨ ᠠᠯᠬᠤᠭ᠎ᠠ ᠰᠠᠶᠢᠪᠤᠷ ᠲᠠᠢ ᠮᠤᠷᠢᠨ ᠤ ᠬᠢ  ᠠᠴᠠ ᠬᠤᠯᠠ ᠬᠠᠳᠠᠭᠤ ᠬᠦᠰᠢᠬᠦᠨ ᠪᠠᠶᠢᠳᠠᠭ᠃ ᠱᠤᠭᠰᠢᠵᠤ ᠶᠠᠪᠤᠬᠤ ᠳᠤ ᠲᠠᠰᠢᠭᠤ ᠱᠤᠭᠤᠮ ᠢᠶᠠᠷ ᠤᠷᠳᠤ ᠬᠤᠶᠢᠳᠤ ᠬᠦᠯ ᠨᠢ ᠤᠷᠤᠭᠰᠢᠯᠠᠵᠤ ᠬᠠᠷᠢᠯᠴᠠᠨ ᠡᠬᠡᠯᠵᠢᠯᠡᠨ᠎ᠡ᠂ ᠨᠢᠬᠡ ᠠᠯᠬᠤᠮ ᠳᠤ ᠬᠤᠶᠠᠷ ᠲᠤᠭᠤᠷᠠᠢ ᠶᠢᠨ ᠲᠠᠭᠤᠨ ᠰᠤᠨᠤᠰᠳᠠᠨ᠎ᠠ᠃ ᠱᠤᠭᠰᠢᠬᠤ ᠵᠦᠬᠡᠯᠡᠨ ᠬᠠᠳᠠᠭᠤ ᠶᠢᠨ ᠬᠢ ᠨᠢ ᠪᠠᠶᠢᠳᠠᠯ ᠢᠶᠠᠷ ᠲᠤᠩᠰᠢᠶ᠎ᠠ ᠱᠤᠭᠰᠢᠶ᠎ᠠ᠂ ᠬᠠᠳᠠᠭᠤ ᠱᠤᠭᠰᠢᠶ᠎ᠠ᠂ ᠨᠤᠬᠠᠢ ᠱᠤᠭᠰᠢᠶ᠎ᠠ ᠬᠡᠵᠦ ᠢᠯᠭᠠᠳᠠᠭ᠃ ᠬᠤᠷᠳᠤᠴᠠ ᠶᠢᠨ ᠬᠢ ᠨᠢ ᠪᠠᠶᠢᠳᠠᠯ ᠢᠶᠠᠷ ᠲᠤᠩᠰᠢᠶ᠎ᠠ ︵ᠮᠠᠭᠤᠬᠠᠨ ᠱᠤᠭᠰᠢᠶ᠎ᠠ︶᠂ ᠶᠦᠷᠬᠡᠬᠡ᠂ ᠲᠠᠷᠭᠢᠶ᠎ᠠ ᠬᠡᠵᠦ ᠢᠯᠭᠠᠨ᠎ᠠ᠃ ᠶᠦᠷᠭᠡᠭᠡ ᠲᠠᠷᠭᠢᠶ᠎ᠠ ᠬᠤᠶᠠᠷ ᠪᠠᠷᠤᠭ ᠠᠳᠠᠯᠢ᠂ ᠱᠤᠭᠰᠢᠨ ᠶᠠᠪᠤᠵᠤ ᠪᠠᠶᠢᠭᠠᠳ ᠮᠤᠷᠢᠨ ᠳᠤ ᠪᠠᠨ ᠪᠠᠭ᠎ᠠ ᠱᠠᠯᠠᠭ᠎ᠠ ᠦᠭᠴᠦ ᠦᠨᠳᠡᠶᠢᠰᠬᠢᠨ ᠬᠤᠷᠳᠤᠯᠠᠬᠤ ᠶᠠᠪᠤᠳᠠᠯ ᠢ ᠬᠡᠯᠡᠨ᠎ᠡ᠃ ᠶᠦᠷᠬᠡᠵᠦ ᠲᠠᠷᠬᠢᠵᠦ ᠶᠠᠪᠤᠬᠤ ᠶᠢᠨ ᠬᠤᠷᠳᠤᠴᠠ ᠨᠢ ᠱᠤᠭᠰᠢᠶ᠎ᠠ ᠲᠤᠩᠰᠢᠶ᠎ᠠ ᠠᠴᠠ ᠨᠡᠯᠢᠶᠡᠳ ᠲᠦᠷᠬᠡᠨ ᠪᠦᠬᠡᠳ ᠲᠤᠷᠬᠢᠯᠳᠡ ᠶᠢᠨ ᠬᠦᠴᠦᠨ ᠨᠢ ᠴᠦ ᠪᠠᠭᠠᠰᠴᠤ ᠢᠷᠡᠨ᠎ᠡ᠃ ᠰᠠᠶᠢᠨ ᠲᠠᠷᠬᠢᠶ᠎ᠠ ᠨᠢ ᠶᠡᠷᠦ ᠶᠢᠨ ᠶᠠᠪᠤᠳᠠᠯ ᠤᠨ ᠬᠠᠳᠠᠷᠢᠶ᠎ᠠ ᠲᠠᠢ ᠠᠳᠠᠯᠢ ᠪᠠᠶᠢᠳᠠᠭ᠃ ᠱᠤᠭᠰᠢᠵᠦ ᠲᠤᠩᠰᠢᠬᠤ ᠶᠠᠪᠤᠳᠠᠯ ᠨᠢ ᠬᠠᠳᠠᠷᠢᠶ᠎ᠠ ᠲᠠᠢ ᠬᠤᠷᠳᠤᠴᠠ ᠶᠢᠨ ᠲᠠᠯ᠎ᠠ ᠪᠠᠷ ᠨᠡᠯᠢᠶᠡᠳ ᠵᠦᠷᠢᠶ᠎ᠡ ᠲᠠᠢ ᠪᠤᠯᠪᠠᠴᠤ ᠬᠦᠯ ᠤᠨ ᠡᠷᠬᠦᠯᠳᠡ ᠲᠠᠯᠪᠢᠯᠳᠠ ᠶᠢᠨ ᠪᠠᠶᠢᠳᠠᠯ ᠨᠢ ᠦᠨᠳᠦᠰᠦᠨ ᠳᠤ ᠪᠠᠨ ᠠᠳᠠᠯᠢ᠂ ᠬᠠᠳᠠᠷᠢᠵᠦ ᠶᠠᠪᠤᠬᠤ  ᠳᠤ ᠬᠤᠶᠢᠳᠤ ᠬᠦᠯ ᠨᠢ ᠤᠷᠳᠤ ᠬᠦᠯ ᠤᠨ ᠢᠶᠠᠨ ᠬᠠᠵᠠᠭᠤ ᠪᠠᠷ ᠡᠮᠦᠨᠡᠰᠢ ᠭᠠᠷᠤᠨ᠎ᠠ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号