ᠮᠤᠷᠢᠨ ᠤ ᠶᠠᠪᠤᠳᠠᠯ ︵ᠵᠢᠷᠭᠤᠭ᠎ᠠ︶
ᠨᠡᠶᠢᠲᠡᠯᠡᠭᠰᠡᠨ ᠴᠠᠭ᠄
2020/7/30
ᠠᠯᠬᠤᠭ᠎ᠠ — ᠪᠠᠰᠠ ᠠᠯᠬᠤᠳᠠᠯ ᠭᠡᠵᠤ ᠴᠦ ᠭᠡᠯᠡᠳᠡᠭ᠃ ᠮᠤᠷᠢᠨ ᠤ ᠨᠢᠭᠡ ᠨᠢᠭᠡ ᠠᠯᠬᠤᠮ ᠢᠶᠠᠷ ᠲᠠᠪᠰᠢᠯᠬᠢᠯᠡᠨ ᠶᠠᠪᠤᠬᠤ ᠲᠠᠶᠢᠪᠤᠭᠤ ᠶᠠᠪᠤᠳᠠᠯ ᠢ ᠭᠡᠯᠡᠨ᠎ᠡ᠃ ᠬᠠᠷ᠎ᠠ ᠠᠯᠬᠤᠭ᠎ᠠ — ᠡᠩ ᠤᠨ ᠠᠯᠬᠤᠳᠠᠯ ᠢ ᠭᠡᠯᠡᠨ᠎ᠡ᠃ ᠴᠤᠭᠬᠢᠶ᠎ᠠ ᠬᠠᠷ᠎ᠠ ᠠᠯᠬᠤᠭ᠎ᠠ — ᠬᠤᠷᠳᠤᠨ ᠬᠠᠷ᠎ᠠ ᠠᠯᠬᠤᠭ᠎ᠠ ᠶᠢ ᠭᠡᠯᠡᠨ᠎ᠡ᠃ ᠭᠦᠢᠮ᠎ᠡ ( ᠭᠦᠶᠦᠮ᠎ᠡ ) ᠬᠠᠷ᠎ᠠ ᠠᠯᠬᠤᠭ᠎ᠠ — ᠠᠯᠬᠤᠭ᠎ᠠ ᠶᠢᠨ ᠬᠠᠮᠤᠭ ᠤᠨ ᠬᠤᠷᠳᠤᠨ ᠶᠠᠪᠤᠳᠠᠯ ᠪᠤᠯᠤᠨ᠎ᠠ᠃ ᠰᠠᠶᠢᠪᠤᠷ ᠠᠯᠬᠤᠭ᠎ᠠ — ᠰᠠᠶᠢᠪᠤᠷ ᠲᠠᠢ ᠤᠶᠢᠷᠠᠯᠴᠠᠭ᠎ᠠ ᠠᠯᠬᠤᠭ᠎ᠠ᠃ ᠬᠠ ᠶᠢᠨ ᠮᠦᠷ ᠠᠴᠠ ᠭᠤᠶᠠ ᠶᠢᠨ ᠮᠦᠷ  ᠨᠢ ᠡᠷᠭᠡᠪᠰᠢ ᠲᠦᠭᠡ ᠰᠦᠭᠦᠮ ᠲᠠᠪᠠᠵᠤ ᠡᠮᠦᠨ᠎ᠡ ᠨᠢ ᠬᠢᠰᠬᠢᠳᠡᠭ ᠢ ᠭᠡᠯᠡᠨ᠎ᠡ᠃ ᠱᠤᠭᠰᠢᠶ᠎ᠠ — ᠬᠠᠳᠠᠷᠢ᠂ ᠶᠦᠷᠭᠡᠭᠡ ᠶᠢᠨ ᠬᠠᠮᠤᠭ ᠲᠤᠤᠷᠠᠳᠤ ᠠᠭᠠᠵᠢᠮ ᠲᠤᠩᠰᠢᠯᠭ᠎ᠠ ᠶᠢ ᠭᠡᠯᠡᠨ᠎ᠡ᠃ ᠵᠦᠭᠡᠯᠡᠨ ᠱᠤᠭᠰᠢᠶ᠎ᠠ — ᠮᠤᠷᠢᠨ ᠤ ᠬᠤᠶᠢᠳᠤ ᠭᠦᠯ ᠤᠨ ᠬᠢᠰᠬᠢᠯᠳᠡ᠂ ᠡᠮᠦᠨ᠎ᠡ ᠭᠦᠯ ᠤᠨ ᠬᠢᠰᠬᠢᠯᠳᠡ ᠳᠤ ᠭᠦᠷᠦᠯ ᠦᠭᠡᠢ᠂ ᠲᠤᠤᠷ᠎ᠠ ᠲᠤᠤᠷ᠎ᠠ ᠪᠠᠨ ᠬᠢᠰᠬᠢᠨ ᠱᠤᠭᠰᠢᠬᠤ ᠶᠢ ᠭᠡᠯᠡᠨ᠎ᠡ᠃ ᠬᠠᠳᠠᠭᠤ ᠱᠤᠭᠰᠢᠶ᠎ᠠ — ᠮᠤᠷᠢᠨ ᠤ ᠬᠤᠶᠢᠳᠤ ᠭᠦᠯ ᠤᠨ ᠬᠢᠰᠬᠢᠯᠳᠡ ᠨᠢ ᠡᠮᠦᠨ᠎ᠡ ᠭᠦᠯ ᠤᠨ ᠬᠢᠰᠬᠢᠯᠳᠡ ᠲᠡᠭᠡᠷ᠎ᠡ  ᠪᠠᠨ ᠪᠠᠷᠤᠭ ᠭᠦᠷᠦᠮ᠎ᠡ ᠬᠢᠰᠬᠢᠳᠡᠭ ᠶᠠᠪᠤᠳᠠᠯ ᠢ ᠭᠡᠯᠡᠨ᠎ᠡ᠃ ᠳ᠋ᠤᠩᠰᠢᠶ᠎ᠠ — ᠬᠠᠳᠠᠭᠤ ᠱᠤᠭᠰᠢᠶ᠎ᠠ ᠶᠢᠨ ᠨᠦᠭᠦᠭᠡ ᠨᠠᠷᠡᠶᠢᠳᠤᠯ᠃ ᠶᠦᠷᠭᠡᠭᠡ — ᠮᠤᠷᠢᠨ ᠤ ᠬᠠᠳᠠᠷᠢᠬᠤ ᠱᠤᠭᠰᠢᠬᠤ ᠶᠢᠨ ᠬᠤᠭᠤᠷᠤᠨᠳᠤᠬᠢ ᠰᠢᠷᠦᠭᠦᠪᠳᠦᠷᠭᠡᠨ ᠶᠠᠪᠤᠳᠠᠯ ᠢ ᠶᠦᠷᠭᠡᠭᠡ ᠭᠡᠨ᠎ᠡ᠃ ᠬᠠᠳᠠᠷᠢ — ᠮᠤᠷᠢᠨ ᠤ ᠤᠷᠳᠤ ᠨᠢᠭᠡ᠂ ᠬᠤᠶᠢᠳᠤ ᠨᠢᠭᠡ ᠭᠦᠯ ᠨᠢ ᠨᠢᠭᠡ ᠵᠡᠷᠭᠡ ᠪᠠᠷ ᠭᠠᠵᠠᠷ ᠬᠢᠰᠬᠢᠯᠡᠨ ᠶᠠᠪᠤᠬᠤ ᠶᠠᠪᠤᠳᠠᠯ ᠢ ᠭᠡᠯᠡᠨ᠎ᠡ᠃ ᠤᠳᠤᠭᠠᠨ ᠬᠠᠳᠠᠷᠢ — ᠮᠤᠷᠢᠨ ᠤ ᠭᠤᠷᠪᠠᠨ ᠭᠦᠯ ᠨᠢᠭᠡᠨ ᠵᠡᠷᠭᠡ ᠭᠠᠵᠠᠷ ᠬᠢᠰᠬᠢᠨ᠂ ᠨᠢᠭᠡᠨ ᠵᠡᠷᠭᠡ ᠭᠠᠵᠠᠷ ᠠᠴᠠ ᠭᠦᠨᠳᠡᠶᠢᠷᠡᠨ ᠶᠠᠪᠤᠬᠤ ᠶᠠᠪᠤᠳᠠᠯ ᠢ ᠤᠳᠤᠭᠠᠨ ᠬᠠᠳᠠᠷᠢ ᠭᠡᠨ᠎ᠡ᠃ ᠲᠠᠪᠬᠢᠭ᠎ᠠ — ᠰᠡᠭᠡᠯᠭᠡ ᠠᠴᠠ ᠲᠡᠭᠡᠭᠰᠢᠬᠢ ᠮᠠᠰᠢ ᠬᠤᠷᠳᠤᠨ ᠲᠤᠪᠳᠤᠯᠬᠤ ᠭᠦᠷᠳᠡᠯᠡᠬᠢ ᠬᠤᠷᠳᠤᠴᠠ ᠶᠢᠨ ᠶᠠᠷᠤᠩᠬᠡᠢ ᠨᠠᠷᠡᠶᠢᠳᠤᠯ᠃ ᠴᠤᠭᠬᠢᠶ᠎ᠠ — ᠮᠤᠷᠢᠨ ᠤ ᠡᠮᠦᠨᠡᠳᠤ ᠬᠤᠶᠠᠷ ᠭᠦᠯ ᠵᠡᠷᠭᠡ ᠪᠠᠷ ᠬᠤᠶᠢᠳᠤ ᠬᠤᠶᠠᠷ ᠭᠦᠯ ᠵᠡᠷᠭᠡᠪᠡᠷ ᠡᠭᠡᠯᠵᠢᠯᠡᠨ ᠬᠠᠷᠠᠶᠢᠯᠠᠵᠤ ᠶᠠᠪᠤᠬᠤ ᠶᠠᠪᠤᠳᠠᠯ ᠢ ᠭᠡᠯᠡᠨ᠎ᠡ᠃ ᠰᠡᠭᠡᠯᠭᠡ — ᠴᠤᠭᠬᠢᠶ᠎ᠠ ᠶᠢᠨ ᠨᠦᠭᠦᠭᠡ ᠨᠠᠷᠡᠶᠢᠳᠤᠯ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号