ᠮᠤᠩᠭᠤᠯᠴᠤᠳ ᠤᠨ ᠭᠠᠯ ᠲᠠᠬᠢᠯᠭ᠎ᠠ ᠶᠢᠨ ᠲᠦᠷᠦᠯ ᠵᠦᠢᠯ
ᠨᠡᠶᠢᠲᠡᠯᠡᠭᠰᠡᠨ ᠴᠠᠭ᠄
2020/7/30
ᠮᠤᠩᠭᠤᠯᠴᠤᠳ ᠤᠨ ᠭᠠᠯ ᠲᠠᠬᠢᠯᠭ᠎ᠠ ᠳᠤ ᠠᠶᠢᠯ ᠡᠷᠦᠬᠡ ᠶᠢᠨ ᠲᠠᠬᠢᠯᠭ᠎ᠠ᠂ ᠠᠯᠪᠠᠨ ᠲᠠᠬᠢᠯᠭ᠎ᠠ᠂ ᠰᠦᠮ᠎ᠡ ᠭᠡᠶᠢᠳ ᠤᠨ ᠲᠠᠬᠢᠯᠭ᠎ᠠ ᠭᠡᠬᠦ ᠭᠤᠷᠪᠠᠨ ᠵᠦᠢᠯ ᠪᠠᠶᠢᠳᠠᠭ᠃ ᠨᠢᠭᠡ᠂ ᠠᠶᠢᠯ ᠡᠷᠦᠬᠡ ᠶᠢᠨ ᠭᠠᠯ ᠲᠠᠬᠢᠯᠭ᠎ᠠ ᠠᠶᠢᠯ ᠡᠷᠦᠬᠡ ᠶᠢᠨ ᠲᠠᠬᠢᠯᠭ᠎ᠠ ᠨᠢ ᠲᠤᠳᠤᠷ᠎ᠠ ᠪᠠᠨ ᠲᠠᠶᠢᠵᠢ ᠨᠠᠷ ᠤᠨ ᠲᠠᠬᠢᠯᠭ᠎ᠠ᠂ ᠬᠠᠷᠠᠴᠤ ᠠᠶᠢᠯ ᠤᠨ ᠲᠠᠬᠢᠯᠭ᠎ᠠ ᠭᠡᠵᠦ ᠬᠤᠶᠠᠷ ᠬᠤᠪᠢᠶᠠᠬᠳᠠᠳᠠᠭ᠃ ᠲᠠᠶᠢᠵᠢ ᠶᠢᠨ ᠭᠠᠯ ᠲᠠᠬᠢᠯᠭ᠎ᠠ ᠭᠡᠪᠡᠯ᠂ ᠴᠢᠩᠬᠢᠰ ᠤᠨ ᠠᠯᠳᠠᠨ ᠤᠷᠤᠭ ᠤᠨ ᠤᠳᠤᠮ ᠪᠤᠷᠵᠢᠬᠢᠨ ᠤᠪᠤᠭ ᠤᠨ ᠠᠶᠢᠯ ᠤᠳ ᠤᠨ ᠭᠠᠯ ᠲᠠᠬᠢᠯᠭ᠎ᠠ᠃ ᠴᠢᠩ ᠤᠯᠤᠰ ᠤᠨ ᠦᠶ᠎ᠡ ᠠᠴᠠ ᠪᠤᠢ ᠪᠤᠯᠤᠬᠰᠠᠨ ᠤᠯᠠᠨ ᠴᠢᠭᠤᠯᠭᠠᠨ ᠬᠤᠰᠢᠭᠤᠳ ᠤᠨ ᠸᠠᠩ ᠬᠦᠩ ᠤᠨ ᠠᠶᠢᠯ ᠭᠡᠷ ᠤᠨ ᠭᠠᠯ ᠤᠨ ᠲᠠᠬᠢᠯᠭ᠎ᠠ ᠨᠢ ᠴᠤ ᠡᠭᠦᠨ ᠳᠤ ᠪᠠᠭᠳᠠᠨ᠎ᠠ᠃ ᠬᠤᠰᠢᠭᠤᠨ ᠸᠠᠩ ᠨᠠᠷ ᠤᠨ ᠭᠠᠯ ᠲᠠᠬᠢᠯᠭ᠎ᠠ ᠨᠢ ᠠᠯᠪᠠᠨ ᠲᠠᠬᠢᠯᠭ᠎ᠠ ᠪᠢᠰᠢ ᠶᠤᠮ᠃ ᠬᠤᠶᠠᠷ᠂ ᠠᠯᠪᠠᠨ ᠤ ᠭᠠᠯ ᠲᠠᠬᠢᠯᠭ᠎ᠠ ᠭᠠᠯ ᠲᠠᠬᠢᠬᠤ ᠪᠦᠬᠦ᠋ᠢᠯᠡ ᠦᠢᠯᠡ ᠶᠢ ᠲᠦᠷᠦ ᠠᠴᠠ ᠪᠡᠯᠡᠳᠭᠡᠵᠦ ᠲᠠᠬᠢᠳᠠᠭ ᠲᠠᠬᠢᠯᠭ᠎ᠠ᠃ ᠡᠭᠦᠨ ᠢ ᠪᠠᠰᠠ ᠲᠦᠷᠦ  ᠶᠢᠨ ᠭᠠᠯ ᠲᠠᠬᠢᠯᠭ᠎ᠠ ᠭᠡᠳᠡᠭ᠃ ᠡᠶᠢᠮᠦ ᠲᠠᠬᠢᠯᠭ᠎ᠠ ᠳᠤ ᠮᠤᠩᠭᠤᠯ ᠬᠠᠭᠠᠨᠳᠤ ᠲᠦᠷᠦ ᠶᠢᠨ ᠦᠶ᠎ᠡ ᠳᠤ ᠲᠤᠭᠳᠠᠭᠠᠵᠤ ᠬᠡᠳᠦᠨ ᠵᠠᠭᠤᠨ ᠤᠨ ᠢᠶᠠᠷ ᠤᠯᠠᠮᠵᠢᠯᠠᠵᠤ ᠢᠷᠡᠭᠰᠡᠨ ᠴᠢᠩᠬᠢᠰ ᠤᠨ ᠨᠠᠢᠮᠠᠨ ᠴᠠᠭᠠᠨ ᠤᠷᠳᠤᠨ ᠤ ᠭᠤᠯᠤᠮᠳᠠ ᠶᠢᠨ ᠲᠠᠬᠢᠯᠭ᠎ᠠ᠂ ᠪᠦᠬᠡ ᠪᠡᠯᠭᠦᠳᠡᠢ᠂ ᠬᠠᠪᠤᠳᠤ ᠬᠠᠰᠠᠷ᠂ ᠦᠭᠡᠳᠡᠢ᠂ ᠲᠤᠯᠤᠢ᠂ ᠡᠰᠢ ᠬᠠᠳᠤᠨ ᠤ ᠭᠤᠯᠤᠮᠳᠠ ᠶᠢᠨ ᠲᠠᠬᠢᠯᠭ᠎ᠠ ᠵᠡᠷᠭᠡ ᠪᠠᠭᠳᠠᠨ᠎ᠠ᠃ ᠠᠯᠪᠠᠨ ᠲᠠᠬᠢᠯᠭ᠎ᠠ ᠨᠢ ᠠᠶᠢᠯ ᠬᠡᠷ ᠤᠨ ᠲᠠᠬᠢᠯᠭ᠎ᠠ ᠠᠴᠠ ᠢᠯᠭᠠᠭᠳᠠᠬᠤ ᠦᠪᠡᠷᠮᠢᠴᠡ ᠤᠨᠴᠠᠯᠢᠭ ᠲᠠᠢ ᠪᠠᠶᠢᠳᠠᠭ᠃ ᠲᠠᠬᠢᠯᠭ᠎ᠠ ᠲᠠᠪᠢᠭ ᠤᠨ ᠶᠤᠰᠤ ᠶᠢ ᠮᠤᠩᠭᠤᠯ ᠬᠠᠭᠠᠨ ᠤ ᠵᠠᠷᠯᠢᠭ ᠢᠶᠠᠷ ᠲᠤᠬᠳᠠᠭᠠᠵᠤ᠂ ᠲᠠᠬᠢᠯᠭ᠎ᠠ ᠳᠤ ᠤᠩᠰᠢᠬᠤ ᠦᠴᠢᠭ ᠢᠷᠦᠭᠡᠯ ᠨᠢ ᠴᠤ ᠲᠤᠰ ᠲᠤᠰ ᠲᠤᠨᠢ ᠪᠢᠴᠢᠭᠰᠡᠨ ︽ᠠᠯᠳᠠᠨ ᠤᠷᠳᠤᠨ ᠤ ᠭᠤᠯᠤᠮᠳᠠ ᠶᠢᠨ ᠦᠴᠢᠭ︾᠂ ︽ᠡᠰᠢ ᠬᠠᠳᠤᠨ ᠤ ᠭᠤᠯᠤᠮᠳᠠ ᠶᠢᠨ ᠦᠴᠢᠭ︾᠂ ︽ᠪᠦᠬᠡ ᠪᠡᠯᠭᠦᠳᠡᠢ ᠶᠢᠨ ᠭᠤᠯᠤᠮᠳᠠ ᠶᠢᠨ ᠦᠴᠢᠭ︾ ᠭᠡᠬᠦ ᠮᠡᠳᠦ ᠰᠤᠳᠤᠷ ᠪᠢᠴᠢᠭ ᠲᠠᠢ ᠪᠦᠭᠡᠳ ︽ᠭᠤᠯᠤᠮᠳᠠ ᠲᠦᠭᠡᠨᠡᠭᠦ ᠲᠠᠷᠤᠮᠵᠢ ︵ᠲᠡᠰ ᠲᠠᠷᠠᠭ᠎ᠠ︶︾ ᠭᠡᠬᠦ ᠰᠤᠳᠤᠷ  ᠲᠠᠢ᠂ ᠪᠠᠰᠠ ᠮᠤᠩᠭᠤᠯᠴᠤᠳ ᠤᠨ ᠲᠤᠳᠤᠷ᠎ᠠ ᠠᠴᠠ ᠲᠡᠰᠭᠡᠨ ᠴᠤᠭᠯᠠᠭᠤᠯᠤᠬᠰᠠᠨ ᠲᠠᠬᠢᠯᠭ᠎ᠠ ᠲᠠᠪᠢᠭ ᠦᠢᠯᠡᠳᠦᠭᠴᠢ ᠲᠤᠰᠬᠠᠢ ᠠᠯᠪᠠᠳᠤ ᠬᠦᠮᠦᠰ ᠲᠠᠢ ᠪᠠᠶᠢᠳᠠᠭ᠃ ᠭᠤᠷᠪᠠ᠂ ᠰᠦᠮ᠎ᠡ ᠭᠡᠶᠢᠳ ᠤᠨ ᠭᠠᠯ ᠲᠠᠬᠢᠯᠭ᠎ᠠ ᠯᠠᠮᠠ ᠨᠠᠷ ᠲᠤᠭᠠᠩ ᠷᠠᠰᠠᠩ ᠳᠠᠭᠠᠨ ᠬᠤᠷᠠᠯ ᠬᠤᠷᠠᠵᠤ ᠲᠠᠬᠢᠳᠠᠭ ᠭᠠᠯ ᠤᠨ ᠲᠠᠬᠢᠯᠭ᠎ᠠ᠃ ᠲᠦᠪᠡᠳ ᠤᠨ ᠰᠦᠮ᠎ᠡ ᠭᠡᠶᠢᠳ ᠲᠤ ᠭᠠᠯ ᠲᠠᠬᠢᠳᠠᠭ ᠵᠠᠩᠰᠢᠯ ᠦᠭᠡᠢ᠂ ᠬᠠᠷᠢᠨ ᠮᠤᠩᠭᠤᠯ ᠰᠦᠮ᠎ᠡ ᠭᠡᠶᠢᠳ ᠲᠤ ᠯᠠ ᠭᠠᠯ ᠲᠠᠬᠢᠳᠠᠭ᠃ ᠯᠤᠪᠰᠠᠩᠴᠦ᠋ᠯᠳᠤᠮ ᠤᠨ ︽ᠴᠠᠭᠠᠨ ᠠᠭᠤᠯᠠ ᠰᠦᠮ᠎ᠡ ᠬᠢᠭᠡᠳ ᠲᠡᠭᠦᠨ ᠤ ᠬᠤᠷᠠᠯ ᠨᠤᠮ ᠤᠨ ᠲᠦᠷᠢᠮ︾ ᠳᠤ᠄ ︽ᠰᠠᠷ᠎ᠠ ᠰᠠᠷ᠎ᠠ ᠬᠤᠶᠠᠷ ᠦᠶ᠎ᠡ ᠰᠠᠬᠢᠭᠤᠯᠰᠤᠨ᠎ᠠ ᠪᠠᠯᠢᠩ ᠡᠷᠬᠦᠬᠦ ᠬᠤᠷᠠᠯ᠂ ᠤᠪᠤᠭ᠎ᠠ ᠲᠠᠬᠢᠬᠤ ᠬᠤᠷᠠᠯ᠂ ᠡᠪᠦᠯ ᠤᠨ ᠶᠡᠭᠡ ᠪᠠᠯᠢᠩ ᠬᠢᠬᠦ ᠬᠤᠷᠠᠯ᠂ ᠭᠠᠯ ᠲᠠᠬᠢᠬᠤ ᠬᠤᠷᠠᠯ︾ ᠭᠡᠵᠦ ᠪᠢᠴᠢᠭᠰᠡᠨ ᠢᠶᠠᠷ ᠦᠵᠡᠬᠦ ᠳᠤ ᠴᠤ ᠰᠦᠮ᠎ᠡ ᠭᠡᠶᠢᠳ  ᠨᠢ ᠭᠠᠯ ᠲᠠᠬᠢᠯᠭᠠᠨ ᠤ ᠬᠤᠷᠠᠯ ᠲᠠᠢ ᠪᠠᠶᠢᠭᠰᠠᠨ ᠨᠢ ᠢᠯᠡᠷᠭᠡᠢ ᠶᠤᠮ᠃ ᠮᠤᠩᠭᠤᠯ ᠯᠠᠮᠠ ᠤᠯᠠᠨ ᠪᠠᠶᠢᠭᠰᠠᠨ ᠪᠡᠭᠡᠵᠢᠩ ᠤᠨ ᠨᠠᠶᠢᠷᠠᠯᠳᠤ ᠨᠠᠶᠢᠷᠠᠮᠳᠠᠬᠤ ᠬᠡᠶᠢᠳ ︵ᠶᠦᠩ ᠾᠧ ᠭᠦᠩ︶ ᠲᠤ ᠪᠠᠰᠠ ᠭᠠᠯ ᠲᠠᠬᠢᠳᠠᠭ᠃ ᠰᠦᠮ᠎ᠡ ᠭᠡᠶᠢᠳ ᠨᠢ ᠤᠷᠤᠰᠢᠵᠤ ᠪᠦᠬᠦᠢ ᠭᠠᠵᠠᠷ ᠨᠤᠳᠤᠭ ᠤᠨ ᠢᠶᠠᠨ ᠵᠠᠩᠰᠢᠯ ᠢᠶᠠᠷ ᠬᠤᠷᠢᠨ ᠭᠤᠷᠪᠠᠨ᠂ ᠬᠤᠷᠢᠨ ᠲᠦᠷᠪᠡᠨ ᠤ ᠠᠯᠢ ᠨᠢᠭᠡᠨ ᠳᠤᠨᠢ ᠭᠠᠯ ᠢᠶᠠᠨ ᠲᠠᠬᠢᠳᠠᠭ᠃ ᠵᠠᠷᠢᠮ ᠭᠡᠶᠢᠳ ᠨᠢ ᠭᠠᠯ ᠢᠶᠠᠨ ᠲᠡᠮᠡᠭᠡ᠂ ᠢᠮᠠᠭᠠᠨ ᠤ ᠡᠪᠴᠢᠭᠦᠦ ᠪᠠᠷ ᠲᠠᠬᠢᠳᠠᠭ᠂ ᠤᠷᠠᠳ ᠤᠨ ᠮᠡᠷᠭᠡᠨ ᠭᠡᠭᠡᠨ ᠤ ᠰᠦᠮ᠎ᠡ ᠨᠢ ᠦᠭᠡᠷ ᠤᠨ ᠡᠪᠴᠢᠭᠦᠦ ᠪᠠᠷ ᠲᠠᠬᠢᠳᠠᠭ᠃ ᠨᠠᠶᠢᠷᠠᠯᠳᠤ ᠨᠠᠶᠢᠷᠠᠮᠳᠠᠬᠤ ᠬᠡᠶᠢᠳ ᠤᠨ ᠯᠠᠮᠠ ᠨᠠᠷ ᠮᠡᠳᠠᠩ ᠪᠠ ᠨᠠᠷᠢᠮᠤ ᠶᠢᠨ ᠡᠪᠡᠰᠦ ᠶᠢ ᠭᠠᠯ ᠳᠤ ᠡᠷᠬᠦᠨ ᠮᠦᠷᠬᠦᠵᠦ ᠲᠠᠬᠢᠳᠠᠭ ᠪᠠᠶᠢᠵᠠᠢ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号