ᠮᠤᠩᠭᠤᠯᠴᠤᠳ ︽ᠳᠤᠯᠤᠭᠠᠨ ᠦᠶ᠎ᠠ︾ ᠪᠠᠨ ᠨᠠᠷᠠᠯᠠᠵᠦ ᠮᠡᠳᠡᠭᠦ ᠶᠢᠨ ᠤᠴᠢᠷ ᠮᠥᠩᠭ᠊
ᠨᠡᠶᠢᠲᠡᠯᠡᠭᠰᠡᠨ ᠴᠠᠭ᠄
2020/7/30
ᠮᠤᠩᠭᠤᠯᠴᠤᠳ ᠡᠷᠳᠡᠨ ᠠᠴᠠ ᠨᠠᠰᠢ ᠦᠪᠠᠷ ᠤᠨ ᠡᠭᠦᠰᠤᠯ ᠭᠠᠷᠤᠯ᠂ ᠤᠪᠤᠭ ᠤᠭᠰᠠᠭ᠎ᠠ ᠪᠠᠨ ︽ᠠᠮᠠᠨ ᠳᠡᠦᠭᠡ︾  ᠪᠠᠷ ᠳᠠᠮᠵᠢᠭᠤᠯᠤᠨ᠂ ᠬᠤᠶᠢᠴᠢ ᠦᠶ᠎ᠠ ᠳᠡᠭᠡᠨ ᠤᠯᠠᠮᠵᠢᠯᠠᠵᠦ ᠢᠷᠡᠭᠰᠡᠨ ᠪᠠ ᠴᠢᠨᠠᠭᠰᠢᠳᠠ ︽ᠭᠡᠷ ᠤᠨ ᠴᠠᠳᠢᠭ︾ ᠪᠤᠯᠭᠠᠨ ᠪᠢᠴᠢᠵᠦ ᠦᠯᠡᠳᠡᠭᠡᠭᠰᠡᠨ ᠨᠢ ᠪᠤᠢ᠃ ᠮᠤᠩᠭᠤᠯ ᠳᠤᠭᠤᠷᠭᠠᠳᠠᠨ ᠤ ᠤᠶᠤᠨ ᠤ ᠤᠭᠢ ᠳᠠᠯᠠᠰᠳᠤ ᠪᠤᠯᠤᠭᠰᠠᠨ ᠪᠠᠭᠠᠳᠤᠷᠯᠢᠭ ᠳᠤᠤᠯᠢ ︽ᠵᠡᠩᠭᠠᠷ︾ ᠲᠤ ︽ᠳᠠᠭᠢᠯ ᠵᠤᠯᠠ ᠬᠠᠭᠠᠨ ᠤ ᠦᠢᠯᠡᠳᠤᠯ᠂ ᠳᠠᠩᠰᠤᠭ ᠪᠤᠮᠪᠠ ᠬᠠᠭᠠᠨ ᠤ ᠵᠢᠴᠢ᠂ ᠦᠵᠦᠩ ᠠᠯᠳᠠᠷ ᠬᠠᠭᠠᠨ ᠤ ᠭᠦᠪᠡᠭᠦᠨ᠂ ᠦᠶ᠎ᠠ ᠶᠢᠨ ᠦᠨᠦᠴᠢᠨ ᠵᠢᠩᠭᠠᠷ ᠤᠨ ᠳᠤᠤᠯᠢ︾ ᠭᠡᠮᠡᠨ ᠡᠭᠢᠯᠡᠳᠡᠭ ᠪᠢᠯᠡ᠃ ᠦᠩᠭᠡᠷᠡᠭᠰᠡᠨ ᠳᠤ ᠰᠢᠨᠵᠢᠶᠠᠩ ᠤᠨ ᠤᠢᠢᠷᠠᠳ ᠮᠤᠩᠭᠤᠯ ᠳᠤ ᠡᠷ᠎ᠠ ᠭᠦᠮᠦᠨ ᠦᠪᠠᠷ ᠤᠨ ︽ᠳᠤᠯᠤᠭᠠᠨ ᠦᠶ᠎ᠠ ᠶᠢᠨ ᠳᠠᠷᠠᠭᠠᠯᠠᠯ︾ ᠢᠶᠠᠨ ᠮᠡᠳᠡᠭᠦ ᠶᠤᠰᠤᠳᠠᠢ ᠪᠠ ᠨᠡᠩ ᠴᠤ ᠵᠢᠩᠭᠠᠷᠴᠤᠳ ᠢᠶᠠᠷ ᠳᠤᠯᠤᠭᠠᠢᠢᠯᠠᠭᠰᠠᠨ ᠠᠷᠠᠳ ᠤᠨ ᠤᠷᠠᠯᠢᠬᠴᠢᠳ ᠤᠨ ᠡᠷᠭᠡᠪᠰᠢ ᠮᠡᠳᠡᠭᠦ ᠵᠤᠭᠢᠰᠳᠠᠢ ᠵᠦᠢᠯ ᠪᠠᠶᠢᠵᠠᠢ᠃ᠳᠡᠭᠡᠪᠡᠯ ᠦᠪᠠᠷ ᠤᠨ ᠳᠡᠭᠡᠷᠡᠭᠢ ᠳᠤᠯᠤᠭᠠᠨ ᠦᠶ᠎ᠠ ᠪᠠᠨ᠄1. ᠵᠠᠶᠠᠭᠠᠭᠴᠢ ᠠᠪᠤ ᠡᠵᠢ2. ᠳᠡᠭᠷᠢ ᠠᠪᠤ ᠡᠵᠢ3. ᠤᠩᠭᠤᠨ ᠠᠪᠤ ᠡᠵᠢ4. ᠬᠤᠯᠤᠨᠴᠠ ᠠᠪᠤ ᠡᠵᠢ5. ᠡᠯᠦᠨᠴᠠ ᠠᠪᠤ ᠡᠵᠢ6. ᠡᠪᠦᠭᠡ ᠠᠪᠤ ᠡᠵᠢ7. ᠦᠪᠠᠷ ᠤᠨ ᠠᠪᠤ ᠡᠵᠢ ᠭᠡᠮᠡᠨ ᠨᠠᠷᠠᠯᠡᠳᠡᠭᠦᠪᠠᠷ ᠤᠨ ᠳᠠᠷᠠᠭᠠᠭᠢ ᠳᠤᠯᠤᠭᠠᠨ ᠦᠶ᠎ᠠ ᠪᠠᠨ᠄1. ᠠᠴᠢ2. ᠵᠢᠴᠢ3. ᠵᠢᠯᠠᠶᠢᠭᠢ4. ᠳᠠᠯᠠᠶᠢᠭᠢ5. ᠭᠠᠯ ᠦᠶ᠎ᠠ6. ᠳᠤᠮᠳᠠ ᠦᠶ᠎ᠠ7. ᠰᠡᠭᠦᠯ ᠦᠶ᠎ᠠ ᠭᠡᠮᠡᠨ ᠨᠠᠷᠠᠯᠠᠳᠡᠭ ᠪᠠᠶᠢᠵᠠᠢ᠃ᠮᠤᠩᠭᠤᠯᠴᠤᠳ ᠢᠩᠭᠢᠵᠦ ᠦᠪᠠᠷ ᠤᠨ ᠤᠭᠰᠠᠭ᠎ᠠ ᠳᠦᠷᠦᠯ᠂ ᠦᠶ᠎ᠠ ᠳᠠᠷᠠᠭᠠᠯᠠᠯ ᠢᠶᠠᠨ ᠮᠡᠳᠡᠭᠦ ᠭᠡᠷᠡᠭᠳᠡᠢ ᠪᠠᠶᠢᠳᠠᠭ ᠨᠢ ᠤᠢᠢᠷ᠎ᠠ ᠳᠦᠷᠦᠯ ᠤᠷᠤᠭ ᠬᠤᠯᠪᠤᠬᠤ ᠠᠴᠠ ᠵᠠᠶᠢᠯᠠᠰᠭᠢᠭᠦ ᠶᠢᠨ ᠵᠤᠷᠢᠯᠭ᠎ᠠ ᠪᠢᠯᠡ᠃ ᠡᠭᠦᠨ ᠠᠴᠠ ᠤᠯᠠᠷᠢᠭᠤᠯᠤᠨ ᠭᠡᠯᠡᠭᠦ ᠳᠤ ᠤᠢᠢᠷᠠᠳᠴᠤᠳ ᠤᠨ ᠳᠤᠮᠳᠠ ︽ᠵᠢᠭᠡ ᠪᠠᠨ ᠠᠪᠤᠪᠠᠯ ︵ᠭᠡᠷᠯᠡᠪᠡᠯ︶ ᠵᠡᠯ᠎ᠠ ᠳᠡᠭᠡᠨ ᠬᠤᠭᠤᠰᠤᠨ ᠬᠤᠴᠤᠷᠤᠨ᠎ᠠ︾ ᠭᠡᠭᠦ ᠦᠭᠡ ᠪᠤᠢ᠃ ᠡᠨᠡᠭᠦ ᠰᠤᠷᠭᠠᠯ ᠦᠭᠡ ᠶᠢᠨ ᠳᠤᠭᠢᠵᠦ ᠪᠠᠶᠢᠬᠤ ᠰᠠᠨᠠᠭ᠎ᠠ ᠪᠤᠯ ᠡᠵᠢ ᠶᠢᠨ ᠳᠠᠯ᠎ᠠ  ᠶᠢᠨ ᠳᠦᠷᠦᠯ ᠲᠠᠢ ᠪᠠᠨ ᠤᠷᠤᠭᠯᠠᠪᠠᠯ ︽ᠦᠷ᠎ᠠ ᠭᠡᠦᠭᠡᠳ ᠦᠭᠡᠢ ᠪᠤᠯᠤᠨ᠎ᠠ︾ ᠭᠡᠭᠦ ᠦᠭᠡ ᠪᠤᠯᠬᠤ ᠶᠤᠮ᠃ ᠮᠤᠩᠭᠤᠯᠴᠤᠳ ᠡᠴᠢᠭᠡ ᠶᠢᠨ ᠳᠦᠷᠦᠯ ᠢᠶᠠᠨ ︽ᠶᠠᠰᠤᠨ ᠳᠦᠷᠦᠯ︾᠂ ᠡᠭᠡ ᠶᠢᠨ ᠳᠦᠷᠦᠯ ᠢᠶᠠᠨ ︽ᠴᠢᠰᠤᠨ ᠳᠦᠷᠦᠯ︾ ᠭᠡᠮᠡᠵᠦ᠂ ᠮᠦᠨ ᠤᠢᠢᠷ᠎ᠠ ᠳᠦᠷᠦᠯ ᠰᠠᠳᠤᠨ᠂ ᠬᠤᠯᠠ ᠳᠦᠷᠦᠯ ᠰᠠᠳᠤᠨ ᠭᠡᠵᠦ ᠢᠯᠭᠠᠳᠠᠭ ᠪᠢᠯᠡ᠃ ᠢᠩᠭᠢᠭᠦ ᠪᠠᠷ ︽ᠳᠤᠯᠤᠭᠠᠨ ᠦᠶ᠎ᠠ ᠳᠤᠳᠤᠷ᠎ᠠ ᠪᠠᠨ ᠬᠠᠷᠢᠯᠴᠠᠨ ᠤᠷᠤᠭ ᠬᠤᠯᠪᠤᠬᠤ ᠶᠢ ᠡᠷᠡᠰ ᠴᠡᠭᠡᠷᠯᠡᠳᠡᠭ︾ ᠪᠢᠯᠡ᠃ ᠡᠪᠦᠭᠡᠳ ᠨᠠᠰᠤᠳᠠᠳ ︽ᠳᠤᠯᠤᠭᠠᠨ ᠦᠶ᠎ᠠ ᠳᠡᠭᠡᠨ ᠨᠢᠭᠡ ᠰᠡᠯᠪᠡᠷᠡᠳᠡᠭ ︵ᠰᠤᠯᠢᠭᠳᠠᠳᠠᠭ︶︾ ᠭᠡᠵᠦ ᠬᠠᠭᠤᠴᠢᠯᠠᠳᠠᠭ ᠪᠠᠶᠢᠭᠰᠠᠨ᠃ ᠠᠮᠠᠨ ᠬᠠᠷᠢᠶᠠᠯ ᠳᠤ ︽ᠳᠤᠯᠤᠭᠠᠨ ᠦᠶ᠎ᠠ ᠶᠢᠨ ᠭᠤᠶᠢᠷᠠᠨᠴᠢ︾᠂ ︽ᠳᠤᠯᠤᠭᠠᠨ ᠦᠶ᠎ᠠ ᠶᠢᠨ ᠭᠤᠶᠤᠯᠭᠠᠴᠢᠨ︾ ᠁ ᠭᠡᠭᠦ ᠮᠡᠳᠤ ᠪᠠᠷ ᠤᠷᠤᠳᠠᠭ ᠨᠢ ᠬᠠᠷᠢᠨ ᠶᠡᠭᠡ ᠰᠤᠨᠢᠷᠬᠠᠯᠳᠠᠢ᠃* ᠵᠡᠭᠦᠯᠳᠡ᠄ 2007 ᠤ 8 ᠰᠠᠷ᠎ᠠ ᠶᠢᠨ 12 ᠤᠨ ᠡᠳᠦᠷ ᠰᠢᠨᠵᠢᠶᠠᠩ ᠤᠨ ᠬᠤᠪᠤᠭᠰᠠᠶᠢᠷ ᠮᠤᠩᠭᠤᠯ ᠦᠪᠠᠷᠳᠡᠭᠡᠨ ᠵᠠᠰᠠᠬᠤ ᠰᠢᠶᠠᠨ ᠤ ᠭᠦᠭᠡᠮᠦᠳᠤᠨ ᠳᠤᠰᠬᠤᠨ ᠳᠤ ᠮᠦᠩᠭᠡ ᠶᠢᠨ ᠭᠡᠷ ᠲᠤ ᠤᠤᠯ ᠤᠨ ᠪᠦᠭᠡᠷᠰ ᠰᠤᠮᠤᠨ ᠤ ᠵᠠᠩᠭᠢ ᠰᠤᠮᠢᠶᠠᠨ ᠨᠠᠰᠤᠳᠠᠨ ︵80 ᠨᠠᠰᠤᠳᠠᠢ︶ ᠠᠴᠠ ᠰᠤᠷᠪᠤᠯᠵᠢᠯᠠᠨ ᠳᠡᠮᠳᠡᠭᠯᠡᠵᠦ ᠠᠪᠤᠪᠠ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号