ᠴᠢᠨ᠋ᠸ᠎ᠠ ᠳᠠᠷᠪᠠᠭᠠᠴᠢᠬᠤ ᠪ᠊
ᠨᠡᠶᠢᠲᠡᠯᠡᠭᠰᠡᠨ ᠴᠠᠭ᠄
2020/8/25
   ᠨᠢᠭᠡ ᠬᠡᠣᠭᠡᠳ ᠴᠢᠨ᠋ᠸ᠎ᠠ ᠪᠣᠯᠵᠦ᠂ ᠪᠣᠰᠣᠳ ᠬᠡᠣᠭᠡᠳ ᠨᠢ ᠳᠠᠷᠪᠠᠭ᠎ᠠ ᠪᠣᠯᠵᠦ ᠬᠤᠪᠢᠶᠠᠭᠳᠠᠨ᠎ᠠ᠃ ᠴᠢᠨ᠋ᠸ᠎ᠠ ᠶᠢᠨ ᠨᠦᠬᠡ ᠭᠡᠵᠦ ᠨᠢᠭᠡ ᠭᠠᠵᠠᠷ ᠢ ᠳᠡᠮᠳᠡᠭᠯᠡᠬᠦ ᠪᠦᠭᠡᠳ ᠳᠠᠷᠪᠠᠭᠠᠨ ᠤ ᠨᠦᠭᠡ ᠪᠠᠷ ᠵᠤᠬᠢᠬᠤ ᠵᠠᠢ ᠲᠠᠢ ᠬᠤᠶᠠᠷ ᠭᠠᠵᠠᠷ  ᠲᠤ ᠳᠡᠮᠳᠡᠭ ᠳᠠᠯᠪᠢᠨ᠎ᠠ᠃ ᠳᠠᠷᠪᠠᠭ᠎ᠠ ᠪᠣᠯᠣᠭᠰᠠᠨ ᠬᠡᠣᠭᠡᠳ ᠬᠤᠶᠠᠷ ᠨᠦᠬᠡ ᠶᠢᠨ ᠬᠤᠭᠤᠷᠤᠨᠳᠦ ᠬᠦᠶᠦᠬᠦ ᠶᠢᠨ ᠦᠶ᠎ᠡ ᠳᠤ ᠴᠢᠨ᠋ᠸ᠎ᠠ᠂ ᠳᠠᠷᠪᠠᠭ᠎ᠠ ᠶᠢ ᠪᠠᠷᠢᠵᠦ ᠴᠢᠳᠠᠪᠠᠯ ᠦᠪᠡᠷ ᠤᠨ ᠨᠦᠬᠡᠨ ᠳᠡᠭᠡᠨ ᠠᠪᠠᠴᠢᠨ᠎ᠠ᠃ ᠳᠠᠷᠪᠠᠭ᠎ᠠ ᠨᠦᠬᠡᠨ  ᠳᠡᠭᠡᠨ ᠪᠠᠶᠢᠬᠤ ᠦᠶ᠎ᠡ ᠳᠤ ᠪᠠᠷᠢᠵᠦ ᠪᠣᠯᠬᠤ ᠦᠭᠡᠢ᠃ ᠢᠩᠬᠢᠭᠡᠳ ᠳᠠᠷᠪᠠᠭ᠎ᠠ ᠨᠤᠭᠤᠳ ᠢ ᠪᠦᠬᠦᠨ ᠢ ᠪᠠᠷᠢᠪᠠᠯ ᠴᠢᠨ᠋ᠸ᠎ᠠ ᠪᠣᠯᠣᠭᠰᠠᠨ ᠲᠠᠯ᠎ᠠ ᠲᠡᠶᠢᠯᠦᠭᠰᠡᠨ ᠢᠶᠠᠷ ᠪᠣᠳᠣᠨ᠎ᠠ᠃    ᠳᠠᠷᠪᠠᠭ᠎ᠠ ᠪᠣᠯᠣᠭᠰᠠᠨ ᠬᠡᠣᠭᠡᠳ ᠨᠦᠬᠡᠨ ᠠᠴᠠ ᠪᠠᠨ ᠭᠠᠷᠣᠭᠠᠳ ᠨᠦᠬᠦᠭᠡ ᠨᠦᠬᠡ ᠣᠷᠣᠭᠤ ᠪᠠᠨ ᠬᠦᠶᠦᠬᠦ ᠦᠶ᠎ᠡ ᠳᠤ ᠬᠤᠷᠳᠣᠨ ᠬᠦᠶᠦᠳᠡᠭ ᠨᠢᠬᠡ ᠨᠢ ᠴᠢᠨ᠋ᠸ᠎ᠠ ᠶᠢ ᠬᠤᠷᠣᠰᠬᠠᠵᠦ᠄                               ︿︿ᠬᠦᠶᠦᠭᠡᠳ ᠢᠷᠡᠬᠦ ᠶᠢᠨ ᠬᠦᠵᠡᠭᠡ ᠪᠠᠶᠢᠨ᠎ᠠ ᠤᠤ︖                                  ᠬᠦᠭᠡᠭᠡᠳ ᠢᠷᠡᠬᠦ ᠶᠢᠨ ᠬᠦᠯ ᠪᠠᠶᠢᠨ᠎ᠠ ᠤᠤ︖                                  ᠳᠠᠭᠤᠭᠠᠳ ᠢᠷᠡᠬᠦ ᠶᠢᠨ ᠳᠣᠭᠤᠷᠠᠢ ᠪᠠᠶᠢᠨ᠎ᠠ ᠤᠤ︖                                  ᠬᠠᠯᠳᠠᠭᠠᠳ ᠢᠷᠡᠬᠦ ᠶᠢᠨ ᠬᠠᠪᠢᠷᠭ᠎ᠠ ᠪᠠᠶᠢᠨ᠎ᠠ ᠤᠤ︖﹀﹀ᠭᠡᠬᠦ ᠮᠡᠳᠦ ᠪᠠᠷ ᠬᠡᠯᠡᠳᠡᠭ᠃ ᠵᠠᠷᠢᠮ ᠳᠠᠷᠪᠠᠭ᠎ᠠ ᠪᠣᠯᠣᠭᠰᠠᠨ ᠬᠡᠣᠭᠡᠳ ᠨᠦᠬᠡᠨ ᠳᠡᠭᠡᠨ ᠬᠤᠷᠭᠤᠳᠠᠭᠠᠳ ᠭᠠᠷᠬᠤ ᠦᠭᠡᠢ ᠪᠣᠯ ᠴᠢᠨ᠋ᠸ᠎ᠠ᠄                               ︿︿ᠠᠶᠣᠮᠠᠳᠠᠭᠠᠢ ᠮᠦᠷᠳᠡᠭᠡᠨ ᠬᠢᠮᠡᠳᠡᠬᠡᠢ                                  ᠴᠢᠳᠠᠯ ᠦᠭᠡᠢ ᠮᠦᠷᠳᠡᠭᠡᠨ ᠬᠠᠰᠭᠢᠷᠣᠮᠠᠳᠠᠭᠠᠢ                                  ᠬᠤᠷᠳᠣ ᠴᠢᠳᠠᠯ ᠪᠠᠶᠢᠳᠠᠭ ᠪᠣᠯ                                  ᠬᠤᠷᠳᠣᠨ ᠨᠦᠬᠡᠨ ᠠᠴᠠ ᠪᠠᠨ ᠭᠠᠷᠴᠦ ᠢᠷ᠎ᠡ﹀﹀ᠭᠡᠵᠦ ᠦᠳᠦᠭᠡᠳᠡᠭ ᠪᠠᠶᠢᠨ᠎ᠠ᠃    ᠡᠨᠡ ᠨᠠᠭᠠᠳᠣᠮ ᠪᠣᠯ ᠬᠡᠣᠭᠡᠳ ᠤᠨ ᠬᠤᠷᠳᠣᠨ ᠬᠦᠶᠦᠯᠳᠡ᠃ ᠳᠠᠰᠪᠣᠷᠢ ᠬᠠᠳᠠᠭᠤᠵᠢᠯ ᠢ ᠰᠢᠯᠭᠠᠬᠤ ᠵᠤᠷᠢᠭᠤᠯᠣᠯᠳᠠ ᠲᠠᠢ ᠪᠠᠶᠢᠳᠠᠭ ᠶᠤᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号