ᠳᠠᠬᠢᠶ᠎ᠠ ᠰᠣᠬᠤᠷ ᠪ᠊
ᠨᠡᠶᠢᠲᠡᠯᠡᠭᠰᠡᠨ ᠴᠠᠭ᠄
2020/8/25
  ᠨᠢᠭᠡ ᠬᠡᠣᠭᠡᠳ ᠤᠨ ᠨᠢᠳᠦ ᠶᠢ ᠠᠯᠴᠢᠭᠤᠷ ᠢᠶᠠᠷ ᠪᠦᠳᠡᠭᠡᠵᠦ ᠣᠶᠠᠭᠠᠳ ︿︿ᠳᠠᠬᠢᠶ᠎ᠡ ᠰᠣᠬᠤᠷ﹀﹀ ᠭᠡᠵᠦ ᠨᠡᠷᠡᠯᠡᠳᠡᠭ᠃ ᠣᠯᠠᠨ ᠬᠡᠣᠬᠡᠳ ︿︿ᠳᠠᠬᠢᠶ᠎ᠠ ᠰᠣᠬᠤᠷ﹀﹀ ᠢ ᠳᠣᠭᠤᠷᠢᠵᠦ ᠵᠣᠬᠢᠬᠤ ᠵᠠᠢ ᠲᠠᠢ ᠵᠣᠭᠰᠣᠭᠠᠳ ᠳᠡᠬᠦᠨ  ᠢ ᠦᠳᠦᠭᠡᠨ᠎ᠡ᠃ ︿︿ᠳᠠᠬᠢᠶ᠎ᠠ ᠰᠣᠬᠤᠷ﹀﹀ ᠳᠣᠭᠤᠷᠢᠵᠦ ᠵᠣᠭᠰᠣᠭᠰᠠᠨ ᠬᠡᠣᠭᠡᠳ ᠢ ᠪᠠᠷᠢᠬᠤ ᠪᠠᠷ ᠣᠷᠣᠯᠳᠣᠬᠤ ᠳᠤ ᠳᠡᠳᠡ ᠳᠡᠭᠦᠨ ᠠᠴᠠ ᠵᠠᠶᠢᠯᠠᠵᠦ ᠪᠣᠯᠳᠠᠳᠠᠭ᠃ ᠭᠡᠬᠦ ᠳᠡᠭᠡᠨ ᠭᠡᠷᠪᠡ ᠣᠷᠣᠨ ᠠᠴᠠ ᠪᠠᠨ ᠦᠩᠭᠡᠷᠡᠦ ᠵᠠᠶᠢᠳᠠᠵᠦ ᠪᠣᠯᠬᠤ ᠦᠭᠡᠢ᠂ ᠪᠡᠶ᠎ᠡ ᠪᠠᠨ ᠪᠠᠭ᠎ᠠ ᠵᠠᠶᠢᠯᠠᠰᠬᠢᠨ ᠰᠢᠯᠵᠢᠬᠦᠯᠬᠦ᠂ ᠰᠠᠭᠤᠬᠤ ᠵᠡᠷᠭᠡ ᠪᠠᠷ ᠠᠷᠭᠠᠴᠠᠳᠠᠭ᠃ ᠬᠡᠨ ᠬᠡᠷᠪᠡ ᠵᠠᠶᠢᠯᠠᠵᠦ ᠵᠠᠪᠳᠣᠬᠤ ᠦᠭᠡᠢ ᠪᠠᠷ ︿︿ᠳᠠᠬᠢᠶ᠎ᠠ ᠰᠣᠬᠤᠷ ᠲᠤ ᠪᠠᠷᠢᠭᠳᠠᠪᠠᠯ᠂ ᠪᠠᠷᠢᠭᠳᠠᠭᠰᠠᠨ ᠡᠳᠡᠭᠡᠳ ︿︿ᠳᠠᠬᠢᠶ᠎ᠠ ᠰᠣᠬᠤᠷ﹀﹀ ᠪᠣᠯᠵᠦ ᠨᠠᠭᠠᠳᠣᠮ ᠦᠷᠭᠦᠯᠵᠢᠯᠡᠳᠡᠭ ᠪᠠᠶᠢᠨ᠎ᠠ᠃ ᠵᠠᠷᠢᠮ ᠭᠠᠵᠠᠷ ᠲᠤ ᠳᠣᠰ ᠨᠠᠭᠠᠳᠣᠮ ᠢ ᠬᠤᠶᠠᠷ ᠲᠠᠯ᠎ᠠ ᠪᠣᠯᠵᠦ ᠬᠤᠪᠢᠶᠠᠭᠳᠠᠭᠠᠳ᠂ ᠲᠠᠯ᠎ᠠ ᠪᠦᠷᠢ ᠠᠴᠠ ᠳᠣᠰᠪᠦᠷᠢ ᠨᠢᠭᠡ ᠬᠦᠮᠦᠨ ᠤ ᠨᠢᠳᠦ ᠶᠢ ᠪᠦᠳᠡᠭᠡᠵᠦ ︿︿ᠳᠠᠬᠢᠶ᠎ᠠ ᠰᠣᠬᠤᠷ﹀﹀ ᠪᠣᠯᠭᠠᠵᠦ᠂ ︿︿ᠳᠠᠬᠢᠶ᠎ᠠ ᠰᠣᠬᠤᠷ﹀﹀ ᠨᠢ ᠨᠦᠬᠦᠭᠡ ᠲᠠᠯ᠎ᠠ ᠶᠢᠨ ᠢᠶᠠᠨ ᠬᠦᠮᠦᠨ ᠢ ᠪᠠᠷᠢᠵᠦ ᠴᠢᠳᠠᠪᠠᠯ ᠦᠪᠡᠷ ᠤᠨ ᠳᠠᠯ᠎ᠠ ᠳᠠᠭᠠᠨ ᠠᠪᠴᠢᠷᠠᠨ ᠬᠦᠴᠦ ᠪᠠᠨ ᠦᠷᠭᠡᠳᠭᠡᠳᠡᠭ᠃ ᠢᠩᠬᠢᠭᠡᠳ ᠦᠯᠡᠳᠡᠭᠰᠡᠨ ᠬᠦᠮᠦᠨ ᠤ ᠪᠠᠨ ᠣᠯᠠᠨ ᠴᠦᠬᠡᠨ ᠢᠶᠠᠷ ᠨᠠᠭᠠᠳᠣᠮ ᠳᠠᠶᠢᠯᠵᠦ ᠲᠡᠶᠢᠯᠦᠭᠳᠡᠭᠰᠡᠨ ᠢ ᠢᠯᠭᠠᠷᠠᠭᠤᠯᠳᠠᠭ᠃ ︵ᠳᠦᠷᠪᠡ︶ ᠳᠡᠪᠡᠭᠡ ᠢᠰᠭᠦᠯᠬᠦ ᠢᠮᠠᠭᠠᠨ ᠰᠠᠬᠠᠯ ᠪᠣᠶᠣ ᠬᠤᠨᠢᠨ ᠣᠩᠭᠠᠰᠦ ᠶᠢ ᠭᠤᠷᠪᠠ ᠪᠣᠶᠣ ᠲᠦᠷᠪᠡᠨ ᠭᠠᠣᠯᠢᠨ ᠵᠣᠭᠤᠰᠣᠨ ᠤ ᠨᠦᠬᠡᠨ ᠳᠤ ᠰᠦᠪᠡᠯᠡᠭᠡᠳ ᠦᠩᠭᠡ ᠶᠢᠨ ᠪᠣᠳᠤᠭ ᠢᠶᠠᠷ ᠪᠣᠳᠣᠭᠰᠠᠨ ᠨᠠᠭᠠᠳᠣᠮ ᠤᠨ ᠬᠡᠷᠡᠭᠰᠡᠯ ᠢ ᠳᠡᠪᠡᠭᠡ ᠭᠡᠳᠡᠭ᠃ ᠢᠩᠬᠢᠭᠡᠳ ᠳᠡᠪᠡᠭᠡ ᠶᠢ ᠭᠠᠵᠠᠷ ᠤᠨᠠᠭᠠᠬᠤ ᠦᠭᠡᠢ ᠢᠰᠭᠦᠯᠵᠦ ᠳᠣᠭᠳᠠᠭᠰᠠᠨ ᠳᠤᠭ᠎ᠠ ᠲᠠᠢ ᠣᠷᠣᠯᠳᠣᠨ ᠨᠠᠭᠠᠳᠳᠠᠭ᠃ ᠨᠠᠭᠠᠳᠬᠤ ᠶᠢᠨ ᠠᠷᠭ᠎ᠠ ᠶᠢᠨ ᠲᠠᠯ᠎ᠠ ᠪᠠᠷ ᠭᠠᠭᠴᠠ ᠬᠦᠯ ᠢᠶᠠᠷ ᠢᠰᠭᠦᠯᠬᠦ᠂ ᠬᠤᠶᠠᠷ ᠬᠦᠯ ᠢᠶᠠᠷ ᠡᠭᠡᠯᠵᠢᠯᠡᠨ ᠢᠰᠭᠦᠯᠬᠦ ᠃ ᠬᠦᠯ ᠢᠶᠠᠨ ᠰᠣᠯᠪᠢᠴᠠᠭᠤᠯᠵᠦ ᠢᠰᠭᠦᠯᠬᠦ ᠵᠡᠷᠭᠡ ᠣᠯᠠᠨ ᠵᠦᠢᠯ ᠪᠠᠶᠢᠳᠠᠭ᠃ ᠵᠠᠷᠢᠮ ᠳᠠᠭᠠᠨ ᠣᠯᠠᠨ ᠬᠡᠣᠭᠡᠳ ᠲᠠᠯ᠎ᠠ ᠬᠤᠪᠢᠶᠠᠵᠦ ᠣᠷᠣᠯᠳᠣᠳᠠᠭ᠃ ᠢᠰᠭᠦᠯᠵᠦ ᠨᠠᠭᠠᠳᠬᠤ ᠳᠣᠭᠯᠠᠭᠠᠮ ᠳᠤ ᠨᠣᠣᠰᠣᠨ ᠪᠦᠮᠪᠦᠭᠡ ᠪᠠ ᠰᠢᠨᠳᠣᠣ ᠢᠰᠬᠦᠯᠬᠦ ᠭᠡᠵᠦ ᠪᠣᠢ᠃ ᠨᠤᠤᠰᠣᠨ ᠪᠦᠮᠪᠦᠭᠡ ᠪᠣᠯ ᠬᠤᠨᠢ᠂ ᠢᠮᠠᠭ᠎ᠠ᠂ ᠦᠭᠡᠷ ᠤᠨ ᠨᠣᠣᠰᠦ ᠣᠩᠭᠠᠰᠣ ᠶᠢ ᠢᠰᠡᠭᠡᠢ ᠬᠢᠬᠦ‍ ᠰᠢᠭ ᠪᠣᠯᠪᠠᠰᠣᠷᠠᠭᠤᠯᠣᠨ ᠪᠦᠭᠡᠷᠡᠩᠬᠡᠶᠢᠯᠡᠵᠦ ᠬᠢᠳᠡᠭ᠃ ᠢᠩᠬᠢᠭᠡᠳ ᠮᠦᠨ ᠳᠡᠪᠡᠭᠡ ᠢᠰᠬᠦᠯᠬᠦ ᠵᠢᠷᠣᠮ ᠢᠶᠠᠷ ᠨᠠᠭᠠᠳᠴᠦ ᠪᠣᠯᠣᠨ᠎ᠠ᠃ ᠰᠢᠨᠳᠣᠣ ᠭᠡᠳᠡᠭ ᠪᠣᠯ ᠦᠭᠡᠷ ᠤᠨ ᠳᠠᠪᠣᠰᠠᠩ ᠢ ᠡᠯᠳᠡᠵᠦ ᠪᠣᠯᠪᠠᠰᠣᠷᠠᠭᠤᠯᠣᠨ ᠦᠯᠢᠶᠡᠭᠡᠳ ᠳᠡᠪᠡᠭᠡ ᠰᠢᠭ ᠢᠰᠭᠦᠯᠬᠦ ᠪᠣᠶᠣ ᠳᠡᠭᠡᠭᠰᠢ ᠢᠰᠬᠦᠯᠵᠦ ᠪᠣᠯᠢᠶᠠᠯᠳᠣᠬᠤ ᠵᠡᠷᠭᠡ ᠠᠯᠢ ᠴᠦ ᠠᠷᠭ᠎ᠠ ᠪᠠᠷ ᠨᠠᠭᠠᠳᠴᠦ ᠪᠣᠯᠳᠠᠭ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号