ᠭᠡᠷ ᠤᠨ ᠡᠳ᠋ᠯᠡᠯ ᠤᠨ ᠵᠦᠢᠯ — ᠱᠤᠷᠤ᠂ ᠰ᠊
ᠨᠡᠶᠢᠲᠡᠯᠡᠭᠰᠡᠨ ᠴᠠᠭ᠄
2021/1/22
ᠭᠡᠷ ᠤᠨ ᠡᠳ᠋ᠯᠡᠯ ᠤᠨ ᠵᠦᠢᠯ — ᠱᠤᠷᠤ᠂ ᠰᠠᠪᠤᠩ᠄ ᠱᠤᠷᠤ ᠭᠡᠳᠡᠭ ᠨᠢ ᠨᠠᠷᠢᠨ ᠮᠣᠳᠣ ᠶᠢ ᠦᠭᠡᠷ᠎ᠡ ᠨᠢᠭᠡᠨ ᠶᠠᠭᠤᠮᠠᠨ ᠳᠤ ᠰᠢᠭᠠᠵᠤ ᠣᠷᠤᠭᠤᠯᠬᠤ ᠶᠢᠨ ᠲᠦᠯᠦᠭᠡ ᠦᠵᠦᠭᠦᠷ ᠢ ᠨᠢ ᠱᠣᠷᠤᠯᠠᠵᠤ ᠬᠡᠷᠡᠭᠯᠡᠬᠦ ᠬᠡᠷᠡᠭᠰᠡᠯ ᠢ ᠬᠡᠯᠡᠳᠡᠭ᠃ ᠱᠤᠷᠤ ᠳᠤ ᠤᠷᠲᠤ ᠱᠣᠷᠤ᠂ ᠠᠬᠤᠷ ᠱᠣᠷᠤ᠂ ᠲᠡᠮᠦᠷ ᠱᠣᠷᠤ ᠭᠡᠵᠦ ᠪᠠᠶᠢᠳᠠᠭ ᠪᠦᠭᠡᠳ ᠤᠷᠲᠤ ᠱᠣᠷᠤ ᠶᠢ ᠲᠤᠰᠤᠨ ᠳᠤ ᠪᠤᠭᠤᠷᠴᠤᠭ ᠪᠣᠯᠭᠤᠬᠤ᠂ ᠮᠢᠬ᠎ᠠ ᠰᠢᠷᠠᠬᠤ ᠮᠡᠲᠦ ᠦᠢᠯᠡ ᠳᠤ ᠬᠡᠷᠡᠭᠯᠡᠳᠡᠭ᠃ ᠠᠬᠤᠷ ᠱᠣᠷᠤ ᠶᠢ ᠪᠠᠭ᠎ᠠ ᠰᠠᠭ᠎ᠠ ᠶᠠᠭᠤᠮ᠎ᠠ ᠱᠤᠷᠤᠯᠠᠵᠤ ᠬᠤᠳᠬᠤᠬᠤ ᠳᠤ ᠬᠡᠷᠡᠭᠯᠡᠳᠡᠭ᠃ ᠲᠤᠬᠠᠶᠢᠯᠠᠪᠠᠯ᠂ ᠮᠠᠯ ᠤᠨ ᠬᠤᠳᠤᠭᠤᠳᠤ ᠳᠤ ᠴᠢᠰᠤ ᠴᠢᠳᠬᠤᠵᠤ ᠪᠣᠯᠭᠤᠬᠤ ᠶᠢᠨ ᠲᠦᠯᠦᠭᠡ ᠬᠤᠳᠤᠭᠤᠲᠤ ᠶᠢᠨ ᠠᠮᠠ ᠶᠢ ᠰᠦᠭᠦᠮ ᠬᠢᠷᠢ ᠲᠠᠢ ᠨᠠᠷᠢᠨ ᠠᠬᠤᠷ ᠮᠣᠳᠤ ᠪᠠᠷ ᠬᠦᠪᠦᠷᠳᠡᠨ ᠱᠣᠷᠤᠯᠠᠵᠤ ᠳᠡᠭᠡᠷ᠎ᠡ ᠠᠴᠠ ᠨᠢ ᠭᠡᠳᠡᠰᠦ ᠪᠠᠷ ᠣᠷᠢᠶᠠᠵᠤ ᠴᠢᠨᠠᠳᠠᠭ᠃ ᠡᠭᠦᠨ ᠠᠴᠠ ᠭᠠᠵᠠᠭ᠎ᠠ ᠪᠠᠰᠠ ᠤᠯᠠᠶᠢᠯᠭᠠᠵᠤ ᠪᠠᠶᠢᠭᠠᠳ ᠮᠣᠳᠤ᠂ ᠶᠠᠰᠤ ᠮᠡᠲᠦ ᠵᠦᠢᠯᠡᠰ ᠢ ᠴᠣᠯᠭᠢᠬᠤ ︵ᠴᠣᠷᠭᠢᠬᠤ︶ ᠳᠤ ᠬᠡᠷᠡᠭᠯᠡᠬᠦ ᠲᠡᠮᠦᠷ ᠱᠤᠷᠤ ᠪᠠᠶᠢᠳᠠᠭ ᠪᠠ ᠲᠤᠯᠤᠭᠠᠢ ᠰᠢᠭᠢᠷ᠎ᠠ ᠬᠤᠶᠢᠬᠠᠯᠠᠬᠤ ᠳᠤ ᠬᠡᠷᠡᠭᠯᠡᠬᠦ ᠤᠷᠲᠤ ᠰᠢᠭ᠋ ᠪᠦᠳᠦᠭᠦᠨ ᠲᠡᠮᠦᠷ ᠱᠣᠷᠤ ᠪᠠᠶᠢᠳᠠᠭ᠃ ᠣᠶᠢᠷᠠᠳ ᠬᠦᠮᠦᠰ ᠤᠨ ᠳᠤᠮᠳᠠ ︽ᠮᠢᠬᠠᠨ ᠤ ᠲᠦᠯᠦᠭᠡ ᠱᠣᠷᠤ ᠰᠢᠲᠠᠨ᠎ᠠ︾ ᠭᠡᠳᠡᠭ ᠳᠠᠷᠤᠰᠢᠯᠭᠠᠲᠤ ᠦᠭᠡ ᠪᠠᠶᠢᠳᠠᠭ᠃ ᠡᠨᠡ ᠨᠢ ᠨᠢᠭᠡ ᠬᠦᠮᠦᠨ ᠤ ᠲᠦᠯᠦᠭᠡ ᠦᠭᠡᠷ᠎ᠡ ᠨᠢᠭᠡ ᠬᠦᠮᠦᠨ ᠢᠴᠢᠵᠤ ᠭᠤᠲᠤᠬᠤ ᠪᠤᠶᠤ ᠦᠭᠡᠷ᠎ᠡ ᠨᠢᠭᠡᠨ ᠤ ᠲᠦᠯᠦᠭᠡ ᠡᠨᠡ ᠨᠢᠭᠡ ᠨᠢ ᠵᠣᠪᠠᠵᠤ ᠵᠦᠳᠡᠬᠦ ᠭᠡᠰᠡᠨ ᠰᠠᠨᠠᠭ᠎ᠠ ᠶᠢ ᠵᠢᠭᠠᠳᠠᠭ᠃ ᠮᠦᠨ ᠬᠡᠯᠡ ᠠᠮᠠᠨ ᠳᠠᠭᠠᠨ ᠰᠠᠶᠢᠨ ᠪᠠᠭ᠎ᠠ ᠬᠦᠪᠡᠭᠦᠳ ᠢ ︽ᠱᠣᠷᠤ ᠬᠤᠩᠰᠢᠶᠠᠷ ᠲᠠᠢ︾ ᠭᠡᠵᠦ ᠬᠡᠯᠡᠳᠡᠭ ᠪᠠ ᠦᠭᠭᠦᠭᠰᠡᠨ ᠶᠠᠭᠤᠮ᠎ᠠ ᠶᠢ ᠪᠠᠭ᠎ᠠ ᠭᠡᠬᠦ ᠪᠤᠶᠤ ᠮᠠᠭᠤ ᠭᠡᠵᠦ ᠴᠠᠭᠠᠷᠤ ᠵᠣᠯᠠᠬᠤ ᠶᠢ ︽ᠱᠤᠷᠤᠳᠠᠭᠠᠵᠤ ᠪᠠᠶᠢᠨ᠎ᠠ︾ ᠭᠡᠵᠦ ᠬᠡᠯᠡᠳᠡᠭ᠃ ᠶᠡᠷᠦ ᠶᠢᠨ ᠦᠶ᠎ᠡ ᠳᠤ ᠱᠣᠷᠤ ᠪᠠᠷ ᠭᠠᠵᠠᠷ ᠬᠠᠳᠬᠤᠬᠤ᠂ ᠬᠦᠮᠦᠨ ᠤᠷᠤᠭᠤ ᠬᠠᠳᠬᠤᠬᠤ᠂ ᠬᠦᠮᠦᠨ ᠴᠣᠬᠢᠬᠤ᠂ ᠭᠠᠯ ᠭᠤᠯᠤᠮᠲᠠ ᠤᠷᠤᠭᠤ ᠰᠢᠭᠠᠬᠤ᠂ ᠮᠠᠯ ᠬᠠᠷ᠎ᠠ ᠴᠢᠴᠢᠬᠦ ᠪᠤᠶᠤ ᠪᠤᠵᠠᠷ ᠠᠵᠠᠷ ᠭᠠᠵᠠᠷ ᠲᠤ ᠬᠠᠶᠠᠬᠤ ᠵᠡᠷᠭᠡ ᠦᠢᠯᠡ ᠠᠵᠢᠯᠯᠠᠭ᠎ᠠ ᠶᠢ ᠲᠠᠰᠤ ᠴᠡᠭᠡᠷᠯᠡᠳᠡᠭ ᠵᠠᠩᠰᠢᠯ ᠲᠠᠢ ᠪᠠᠶᠢᠳᠠᠭ᠃ ᠰᠠᠪᠤᠩ ᠪᠣᠯᠪᠠᠯ ᠬᠦᠨᠵᠢᠯᠡ ᠳᠡᠪᠢᠰᠭᠡᠷ᠂ ᠬᠤᠪᠴᠠᠰᠤ ᠬᠤᠨᠠᠷ᠂ ᠨᠣᠣᠰᠤ ᠦᠰᠦ᠂ ᠡᠳ᠋ ᠬᠡᠷᠡᠭᠰᠡᠯ ᠪᠤᠶᠤ ᠪᠡᠶ᠎ᠡ ᠤᠭᠢᠶᠠᠵᠤ ᠭᠬᠢᠷ ᠨᠤᠭᠤᠳ ︵ᠪᠤᠷᠲᠠᠭ︶ ᠢ ᠨᠢ ᠭᠠᠷᠭᠠᠬᠤ ᠳᠤ ᠬᠡᠷᠡᠭᠯᠡᠳᠡᠭ ᠵᠦᠢᠯ ᠪᠣᠯᠬᠤ ᠶᠤᠮ᠃ ᠦᠩᠭᠡᠷᠡᠭᠰᠡᠨ ᠳᠤ ᠰᠠᠪᠤᠩ ᠢ ᠬᠠᠭᠤᠴᠢᠨ ᠤᠳᠤᠮᠰᠢᠯ ᠤᠨ ᠠᠷᠭ᠎ᠠ ᠪᠠᠷ ᠦᠪᠡᠷ ᠢᠶᠠᠨ ᠬᠢᠳᠡᠭ ᠪᠠᠶᠢᠭᠰᠠᠨ ᠪᠠᠶᠢᠨ᠎ᠠ᠃ ᠡᠭᠦᠨ ᠢ ᠬᠢᠬᠦ ᠳᠤ ᠬᠠᠭᠰᠠᠬᠤ ᠬᠠᠮᠬᠤᠤᠯ ᠢ ᠰᠢᠲᠠᠭᠠᠭᠠᠳ ᠦᠨᠡᠰᠦ ᠶᠢ ᠨᠢ ᠠᠪᠴᠦ ᠤᠰᠤᠨ ᠳᠤ ᠬᠢᠵᠦ ᠪᠤᠴᠠᠯᠭᠠᠳᠠᠭ ᠪᠠ ᠱᠠᠭ ᠪᠤᠭ ᠢ  ᠨᠢ ᠰᠢᠭᠦᠵᠦ ᠠᠪᠤᠭᠠᠳ ᠳᠠᠬᠢᠨ ᠪᠤᠴᠠᠯᠭᠠᠵᠤ ᠤᠰᠤ ᠶᠢ ᠨᠢ ᠰᠢᠷᠭᠢᠭᠡᠳ᠂ ᠲᠡᠭᠦᠨ ᠤ ᠳᠡᠭᠡᠷ᠎ᠡ ᠬᠤᠨᠢᠨ ᠤ ᠬᠤᠷᠭᠤ ︵ᠲᠤᠰᠤ︶ ᠬᠢᠵᠦ ᠬᠦᠰᠢᠲᠡᠯ᠎ᠡ ᠨᠢ ᠪᠤᠴᠠᠯᠭᠠᠵᠤ ᠭᠠᠷᠭᠠᠭᠠᠳ ᠪᠠᠷᠢᠮ ᠬᠢᠷᠢ ᠲᠠᠢ ᠪᠠᠷ ᠮᠤᠭᠤᠯᠴᠠᠭᠯᠠᠨ ᠬᠠᠲᠠᠭᠠᠵᠤ ᠣᠷᠬᠢᠪᠡᠯ ᠬᠤᠵᠢᠷᠯᠢᠭ ᠰᠢᠷ᠎ᠠ ᠦᠩᠭᠡ ᠲᠠᠢ ᠵᠦᠢᠯ ᠪᠣᠯᠳᠠᠭ ᠪᠠᠶᠢᠨ᠎ᠠ᠃ ᠡᠶᠢᠭᠡᠵᠦ ᠬᠢᠭᠰᠡᠨ ᠰᠠᠪᠤᠩ ᠢᠶᠠᠷ ᠢᠶᠠᠨ ᠶᠠᠭᠤᠮ᠎ᠠ ᠬᠡᠤᠮ᠎ᠠ ᠤᠭᠢᠶᠠᠬᠤ ᠦᠶ᠎ᠡ ᠳᠤ ᠳᠡᠭᠡᠷ᠎ᠡ ᠨᠢ ᠲᠦᠷᠬᠢᠵᠦ ᠤᠭᠢᠶᠠᠳᠠᠭ ᠪᠠᠶᠢᠨ᠎ᠠ᠃ ᠣᠳᠤ ᠪᠣᠯᠪᠠᠯ ᠠᠷᠠᠯᠵᠢᠶ᠎ᠠ ᠮᠠᠶᠢᠮᠠᠢ ᠣᠯᠠᠰᠢᠷᠠᠵᠤ᠂ ᠳᠡᠯᠭᠡᠭᠦᠷ ᠪᠦᠬᠦᠨ ᠳᠤ ᠢᠽᠢ ᠰᠠᠪᠤᠩ᠂ ᠦᠢᠷᠡᠮᠡᠭ ᠰᠠᠪᠤᠩ᠂ ᠰᠢᠷ᠎ᠠ ᠰᠠᠪᠤᠩ᠂ ᠪᠡᠶ᠎ᠡ ᠤᠬᠢᠶᠠᠬᠤ ᠰᠠᠪᠤᠩ᠂ ᠲᠣᠯᠤᠭᠠᠢ ᠤᠭᠢᠶᠠᠬᠤ ᠰᠠᠪᠤᠩ ᠮᠡᠲᠦ ᠪᠠᠽᠠᠷ ᠰᠠᠪᠤᠩ ᠡᠯᠪᠡᠭ ᠪᠣᠯᠤᠭᠰᠠᠨ ᠪᠦᠭᠡᠳ ᠤᠭᠢᠶᠠᠬᠤ ᠶᠠᠭᠤᠮᠠᠨ ᠳᠤ ᠵᠣᠷᠢᠭᠤᠯᠵᠤ ᠦᠢᠯᠡᠳᠪᠦᠷᠢᠯᠡᠭᠰᠡᠨ ᠣᠯᠠᠨ ᠲᠦᠷᠦᠯ ᠤᠨ ᠰᠠᠪᠤᠩ ᠡᠯᠪᠡᠭ ᠪᠣᠯᠤᠭᠰᠠᠨ ᠲᠤᠯᠠ ᠭᠠᠷ ᠢᠶᠠᠷ ᠬᠢᠭᠰᠡᠨ ᠰᠠᠪᠤᠩ ᠬᠡᠷᠡᠭᠯᠡᠬᠦ ᠬᠦᠮᠦᠨ ᠴᠦᠬᠡᠨ ᠪᠤᠯᠤᠭᠰᠠᠨ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号