ᠴᠡᠴᠡᠷᠯᠢᠭᠴᠢ ᠪᠣᠷᠣᠭᠠᠨ ᠤ ᠪᠣᠷᠣᠭᠵᠢᠭᠤᠨ ᠬᠦᠰᠡᠯ
ᠨᠡᠶᠢᠲᠡᠯᠡᠭᠰᠡᠨ ᠴᠠᠭ᠄
2021/10/12
ᠨᠠᠷᠠᠨ᠎ᠠ               ᠴᠡᠴᠡᠷᠯᠢᠭᠴᠢ ᠪᠣᠷᠣᠭᠠᠨ ᠤ ᠪᠣᠷᠣᠭᠵᠢᠭᠤᠨ ᠬᠦᠰᠡᠯ                    ︽ᠮᠦ᠋ ᠮᠦ᠋ ᠮᠦᠭᠡᠷᠡᠳᠡᠭ ᠶᠠᠮᠠᠷ ᠠᠮᠢᠳᠠᠨ ᠪᠣᠯ︖︾᠂ ︽ᠳᠡᠯᠳᠡᠭᠡᠷ ᠴᠢᠬᠢ ᠲᠠᠢ ᠳᠠᠣᠯᠠᠢ ᠮᠥᠨ ᠤᠤ︾᠂ ︽ᠮᠣᠳᠣᠨ ᠳᠡᠭᠡᠷ᠎ᠠ ᠠᠪᠠᠷᠢᠳᠠᠭ ᠨᠢ ᠰᠠᠮᠵᠠ ᠪᠠᠶᠢᠨ᠎ᠠ︾ ᠭᠡᠣᠭᠡᠳ ᠤᠨ ᠴᠡᠴᠡᠷᠯᠢᠭ ᠤᠨ ᠪᠠᠭ᠎ᠠ ᠠᠩᠭᠢ ᠠᠴᠠ ᠡᠷᠡᠭᠳᠡᠢ ᠪᠠᠭᠰᠢ ᠶᠢᠨ ᠦᠨᠳᠣᠷ ᠳᠠᠭᠤ ᠳᠣᠭᠤᠯᠳᠠᠨ᠂ ᠠᠯᠢᠶ᠎ᠠ ᠬᠦᠭᠡᠷᠦᠬᠦᠨ ᠭᠡᠣᠭᠡᠳ ᠤᠳ  ᠪᠠᠭᠰᠢ ᠪᠠᠨ ᠳᠣᠭᠤᠷᠢᠭᠠᠳ ᠨᠣᠮ ᠱᠠᠭᠠᠶᠢᠯᠴᠠᠵᠣ ᠬᠠᠷᠠᠭᠳᠠᠬᠤ ᠨᠢ ᠬᠦᠭᠡᠷᠦᠭᠡᠨ᠃ ᠡᠨᠡ ᠡᠷᠡᠭᠳᠡᠢ ᠪᠠᠭᠰᠢ ᠶᠢ ᠪᠣᠷᠣᠭᠠᠨ ᠭᠡᠳᠡᠭ᠂ ᠠᠯᠠᠱᠠ ᠵᠡᠬᠦᠨ ᠬᠤᠰᠢᠭᠤᠨ ᠤ ᠳᠣᠯᠣᠳᠣᠭᠠᠷ ᠭᠡᠣᠭᠡᠳ ᠤᠨ ᠴᠡᠴᠡᠷᠯᠢᠭ ᠤᠨ ᠪᠠᠭᠰᠢ  ᠶᠣᠮᠰᠠᠨ᠃
ᠴᠡᠴᠡᠷᠯᠢᠭ ᠲᠤ ᠡᠷᠡᠭᠳᠡᠢ ᠪᠠᠭᠰᠢ ᠳᠣᠩ ᠴᠦᠭᠡᠨ ᠬᠠᠷᠠᠭᠳᠠᠳᠠᠭ ᠢᠶᠠᠷ ᠢᠶᠠᠨ ᠶᠤᠮ ᠤᠤ᠂  ᠣᠶᠠᠷᠠᠭᠤᠨ ᠠᠳᠠᠯ᠎ᠠ ᠴᠢᠩᠭᠠᠯᠢᠭ ᠳᠠᠭᠤ ᠪᠠᠷ ᠢᠶᠠᠨ ᠳᠣᠷᠮᠣᠭᠤᠷ ᠬᠦᠭᠡᠷᠦᠬᠦᠨ ᠭᠡᠣᠭᠡᠳ ᠤᠳ ᠢᠶᠠᠨ ᠬᠠᠷᠠᠭᠠᠯᠵᠠᠨ ᠳᠣᠳᠣᠮᠳᠠᠵᠣ ᠶᠠᠪᠣᠬᠤ ᠎ ᠨᠢ ᠠᠱᠢᠬᠦᠢ ᠡᠭᠡᠯᠢᠳᠡᠢ ᠬᠠᠷᠠᠭᠳᠠᠵᠣ ᠪᠢᠯᠡ᠃ ︽ᠴᠣᠮᠣ ᠴᠣᠮᠣ︾ ᠭᠡᠰᠡᠨ ᠨᠢᠭᠡᠨ ᠬᠦᠣ ᠪᠠᠭᠰᠢ ᠪᠠᠨ ᠳᠠᠭᠠᠭᠤᠯᠣᠭᠠᠳ ᠴᠣᠮᠣ ᠶᠢᠨ ᠡᠷᠢᠯ ᠪᠣᠯᠣᠨ᠎ᠠ᠂ ᠭᠡᠨᠡᠳᠳᠡ ᠭᠡᠣᠭᠡᠳ ᠤᠨ ᠳᠣᠮᠳᠠ ᠠᠴᠠ ᠨᠢᠭᠡ ᠨᠢ ᠣᠬᠢᠯᠠᠬᠤ ᠢᠶᠠᠷ ᠎ ᠨᠢ ᠠᠷᠭᠠᠳᠠᠨ ᠠᠶᠠᠳᠠᠭᠤᠯᠣᠨ᠎ᠠ ᠁ ᠠᠮᠠ ᠨᠢᠭᠤᠷ ᠢ ᠨᠢ ᠠᠷᠴᠢᠨ᠎ᠡ᠂ ᠦᠰᠣ ᠭᠡᠵᠢᠭᠡ ᠶᠢ ᠨᠢ ᠰᠠᠮᠨᠠᠵᠣ ᠭᠤᠶᠣᠯᠠᠨ᠎ᠠ᠂ ᠬᠦᠭᠵᠢᠯᠳᠡᠢ ᠰᠠᠶᠢᠬᠠᠨ ᠪᠦᠵᠢᠭ ᠢᠶᠠᠨ ᠳᠠᠭᠠᠭᠤᠯᠵᠣ ᠦᠰᠦᠷᠦᠨ᠎ᠡ᠂ ᠨᠣᠮ ᠰᠣᠳᠣᠷ ᠢ ᠠᠮᠢᠳᠣᠯᠢᠭ ᠎ ᠢᠶᠠᠷ ᠵᠢᠭᠠᠵᠣ ᠳᠦᠷᠰᠦᠯᠡᠨ᠎ᠡ᠃ ᠦᠨᠡᠭᠡᠷ ᠳ᠋ᠧ᠂ ᠴᠡᠴᠡᠷᠯᠢᠭᠴᠢ ᠭᠡᠭᠴᠢ ᠡᠳᠣᠷᠵᠢᠨ ᠭᠡᠣᠭᠡᠳ ᠢᠶᠠᠨ ᠳᠣᠭᠤᠷᠢᠭᠠᠳ ᠡᠷᠬᠢᠯᠳᠦᠨ᠎ᠡ᠃ ᠨᠡᠩ ᠴᠦ ᠨᠢᠭᠡᠨ ᠡᠷᠡᠭᠳᠡᠢ ᠪᠠᠭᠰᠢ ᠰᠦᠰᠣ ᠵᠣᠷᠢᠭ ᠢᠶᠠᠨ᠂ ᠡᠷᠡᠰ ᠰᠢᠢᠳᠮᠡᠭᠡᠢ ᠶᠢ ᠭᠡᠣᠭᠡᠳ ᠤᠳ ᠎ ᠲᠤ ᠣᠯᠭᠤᠵᠣ ᠶᠠᠪᠣᠳᠠᠭ ᠨᠢ ᠪᠢᠰᠢᠷᠡᠬᠦᠰᠢᠳᠡᠢ ᠪᠠᠶᠢᠭᠰᠠᠨ᠃
ᠪᠣᠷᠣᠭᠠᠨ ᠡᠨᠡ ᠵᠢᠯ 22 ᠨᠠᠰᠣᠳᠠᠢ᠂ ᠠᠯᠠᠱᠠ ᠵᠡᠬᠦᠨ ᠬᠤᠰᠢᠭᠤᠨ ᠤ ᠣᠯᠠᠨᠪᠣᠯᠠᠭ ᠪᠠᠯᠭᠠᠰᠣᠨ ᠤ ᠰᠢᠨᠠᠤ᠋ᠰᠤ ᠭᠠᠴᠠᠭᠠᠨ ᠳᠤ ᠨᠣᠳᠣᠭᠳᠠᠢ᠃ ᠳᠡᠷᠡᠪᠡᠷ ᠦᠪᠦᠷ ᠮᠣᠩᠭᠤᠯ ᠤᠨ ᠦᠨᠳᠦᠰᠦᠳᠡᠨ ᠤ ᠴᠡᠴᠡᠷᠯᠢᠭ ᠤᠨ ᠪᠠᠭᠰᠢ ᠶᠢᠨ ᠳᠣᠰᠬᠠᠢ ᠮᠡᠷᠭᠡᠵᠢᠯ ᠤᠨ ᠳᠡᠭᠡᠳᠣ ᠰᠣᠷᠭᠠᠭᠤᠯᠢ ᠤᠨ  ᠰᠤᠷᠭᠠᠭᠤᠯᠢ ᠶᠢᠨ ᠨᠠᠰᠣᠨ ᠠᠴᠠ ᠡᠮᠣᠨᠡᠬᠢ ᠰᠣᠷᠭᠠᠨ ᠬᠦᠮᠣᠵᠢᠯ ᠤᠨ ᠳᠣᠰᠬᠠᠢ ᠮᠡᠷᠭᠡᠵᠢᠯ ᠢᠶᠠᠷ ᠳᠡᠬᠦᠰᠴᠣ᠂ ᠨᠢᠳᠣᠨᠣᠨ ᠵᠢᠯ ᠤᠨ ᠳᠣᠯᠣᠭᠠᠨ ᠰᠠᠷ᠎ᠠ ᠳᠤ ᠠᠯᠠᠱᠠ ᠵᠡᠬᠦᠨ ᠬᠤᠰᠢᠭᠤᠨ ᠤ ᠳᠣᠯᠣᠳᠣᠭᠠᠷ ᠭᠡᠣᠭᠡᠳ ᠤᠨ ᠴᠡᠴᠡᠷᠯᠢᠭ ᠲᠤ ᠢᠷᠡᠵᠣ ᠪᠠᠭᠰᠢᠯᠠᠭᠰᠠᠨ ᠪᠠᠶᠢᠵᠡᠢ᠃  ᠠᠩᠬ᠎ᠠ ᠪᠠᠭᠰᠢᠯᠠᠬᠤ ᠳᠤ ᠭᠡᠣᠭᠡᠳ ᠢ ᠰᠠᠶᠢᠨ ᠰᠣᠷᠭᠠᠵᠣ ᠴᠢᠳᠠᠬᠤ ᠦᠭᠡᠢ ᠪᠣᠯ ᠶᠠᠭᠠᠬᠢᠨ᠎ᠠ᠂ ᠮᠠᠷᠭᠠᠰᠢ ᠨᠢ ᠢᠷᠡᠬᠦ ᠦᠭᠡᠢ ᠪᠣᠯ ᠶᠠᠭᠠᠬᠢᠨ᠎ᠠ ᠭᠡᠬᠦ ᠮᠡᠳᠣ ᠣᠯᠠᠨ ᠪᠣᠳᠣᠯ ᠢᠶᠠᠷ ᠪᠣᠷᠣᠭᠠᠨ ᠪᠠᠭ᠎ᠠ ᠰᠠᠭ᠎ᠠ ᠰᠠᠨᠳᠣᠷᠴᠣ ᠠᠯᠮᠠᠶᠢᠷᠠᠵᠣ ᠪᠠᠶᠢᠭᠰᠠᠨ ᠪᠣᠯᠪᠠᠴᠣ ᠬᠦᠭᠡᠷᠦᠬᠦᠨ ᠭᠡᠣᠭᠡᠳ ᠤᠳ ᠤᠨ ᠳᠣᠮᠳᠠ ᠠᠪᠢᠶᠠᠰ ᠡᠷᠳᠡᠮ ᠢᠶᠠᠨ ᠭᠠᠶᠢᠬᠠᠭᠤᠯᠵᠣ᠂ ᠰᠣᠨᠢᠷᠬᠠᠯ ᠢ ᠨᠢ ᠳᠠᠳᠠᠨ᠂ ᠵᠣᠷᠢᠭ ᠬᠠᠶᠢᠷᠠᠯᠠᠵᠣ ᠶᠠᠪᠣᠳᠠᠭ ᠢᠶᠠᠷ ᠢᠶᠠᠨ ᠦᠪᠡᠷ ᠢᠶᠠᠨ ᠴᠦ ᠣᠷᠮ᠎ᠠ ᠲᠠᠢ ᠠᠵᠢᠯᠯᠠᠬᠤ ᠪᠣᠯᠣᠭᠰᠠᠨ ᠪᠠᠶᠢᠳᠠᠭ᠃
ᠳᠦᠩᠭᠡᠵᠢ ᠦᠭᠡ ᠭᠡᠯᠡᠨ ᠳᠤ ᠣᠷᠣᠵᠣ ᠪᠠᠶᠢᠭ᠎ᠠ ᠭᠡᠣᠭᠡᠳ ᠤᠳ ᠢ ᠠᠷᠭᠠᠳᠠᠵᠣ ᠬᠦᠮᠣᠵᠢᠬᠦᠯᠬᠦ ᠭᠡᠵᠣ ᠠᠮᠠᠷ ᠦᠭᠡᠢ ᠠᠵᠢᠯ ᠶᠤᠮ᠃ ᠴᠡᠴᠡᠷᠯᠢᠭᠴᠢ ᠭᠦᠮᠤᠨ ᠤ ᠨᠢᠳᠤᠨ ᠳᠤ ᠭᠡᠤᠭᠡᠳ ᠨᠢᠭᠡᠪᠤᠷᠢ ᠤᠨ ᠵᠢᠰᠤ ᠨᠢ ᠪᠦᠷ ᠠᠳᠠᠯᠢ ᠰᠢᠭ᠋᠂ ᠳᠠᠭᠤ ᠨᠢ ᠪᠦᠷ ᠢᠵᠢᠯ ᠰᠢᠭ ᠪᠠᠶᠢᠳᠠᠭ ᠢᠶᠠᠷ ᠢᠶᠠᠨ ᠳᠡᠳᠡᠨᠡᠷ ᠤᠨ ᠪᠡᠶ᠎ᠡ ᠰᠡᠳᠬᠢᠴᠠ᠂ ᠣᠶᠣᠨ ᠣᠬᠠᠭᠠᠨ ᠳᠤᠨᠢ ᠰᠢᠮ᠎ᠡ ᠳᠡᠵᠢᠭᠡᠯ ᠢ ᠣᠮᠳᠠᠯᠠᠨ ᠬᠦᠷᠳᠡᠭᠡᠭᠰᠡᠭᠡᠷ ᠪᠢᠯᠡ᠃ ᠪᠣᠷᠣᠭᠠᠨ  ᠭᠡᠣᠭᠡᠳ ᠤᠳ ᠲᠤ ᠰᠢᠨ᠎ᠡ ᠰᠣᠷᠭᠤᠭ  ᠪᠣᠳᠠᠰ ᠎ ᠢ ᠦᠵᠡᠬᠦᠯᠵᠣ᠂ ᠢᠯᠡᠬᠦᠣ ᠵᠢᠭᠠᠵᠣ ᠪᠡᠶ᠎ᠡ ᠪᠠᠷ ᠨᠢ ᠬᠢᠯᠭᠡᠵᠣ  ᠪᠠᠶᠢᠳᠠᠭ᠃ ᠶᠡᠷᠣᠨᠢ ᠭᠡᠣᠭᠡᠳ ᠭᠡᠵᠣ ᠡᠵᠢ ᠠᠪᠤ ᠶᠢᠨ  ᠎ ᠢᠶᠠᠨ ᠬᠠᠵᠠᠭᠤ ᠳᠤ ᠵᠣᠷᠢᠭᠳᠠᠢ ᠪᠠᠶᠢᠬᠤ ᠮᠦᠷᠳᠡᠭᠡᠨ ᠠᠵᠢᠯ ᠠᠬᠤᠢ ᠳᠤ ᠣᠷᠣᠯᠴᠠᠬᠤ ᠪᠠᠷ ᠠᠨᠢ ᠪᠠᠶᠢᠳᠠᠭ᠃ ᠳᠡᠶᠢᠮᠣ ᠎ ᠪᠠᠷ ᠪᠣᠷᠣᠭᠠᠨ ᠭᠡᠣᠭᠡᠳ ᠤᠨ ᠭᠠᠭᠴᠠ ᠪᠠᠷ ᠪᠠᠶᠢᠬᠤ ᠵᠣᠷᠢᠭ ᠰᠦᠰᠣ ᠶᠢ ᠣᠯᠭᠤᠬᠤ ᠳᠤ ᠬᠦᠴᠣ ᠦᠭᠴᠣ᠂ ᠭᠡᠣᠭᠡᠳ ᠤᠨ ᠠᠮᠢᠳᠣᠷᠠᠯ ᠤᠨ ᠠᠭᠠᠰᠢ ᠵᠠᠩ᠂ ᠳᠠᠳᠬᠠᠯ ᠵᠡᠷᠭᠡ ᠳᠤᠨᠢ ᠵᠣᠬᠢᠴᠠᠭᠤᠯᠵᠣ ᠭᠡᠣᠭᠡᠳ ᠢᠶᠠᠨ ᠰᠣᠷᠭᠠᠬᠤ ᠎ ᠳᠤ  ᠬᠦᠴᠣ ᠣᠬᠠᠭᠠᠨ  ᠢᠯᠡᠬᠦᠣ ᠵᠠᠷᠣᠴᠠᠭᠤᠯᠳᠠᠭ ᠶᠤᠮ ᠪᠠᠶᠢᠵᠡᠢ᠃
ᠪᠣᠷᠣᠭᠠᠨ ᠳᠡᠬᠦᠯᠳᠡᠷ ᠬᠤᠭᠤᠷ ᠳᠠᠳᠠᠳᠠᠭ ᠮᠦᠷᠳᠡᠭᠡᠨ ᠵᠢᠷᠤᠭ ᠵᠢᠷᠣᠬᠤ ᠳᠠᠭᠠᠨ ᠶᠡᠭᠡ ᠠᠪᠢᠶᠠᠰ ᠲᠠᠢ᠃ ᠳᠡᠷᠡ ᠮᠠᠨᠢ ᠦᠪᠡᠷ ᠤᠨ ᠢᠶᠠᠨ ᠳᠣᠷᠠᠳᠠᠢ ᠵᠦᠢᠯ ᠢᠶᠠᠨ ᠭᠡᠣᠭᠡᠳ ᠲᠤ ᠰᠣᠨᠢᠷᠬᠠᠭᠤᠯᠣᠨ᠂ ᠠᠯᠢ ᠪᠣᠯᠬᠤ ᠪᠠᠷ ᠭᠡᠣᠭᠡᠳ ᠤᠨ ᠳᠣᠷ᠎ᠠ ᠰᠣᠨᠢᠷᠬᠠᠯ ᠢ ᠳᠠᠳᠠᠬᠤ ᠪᠠᠷ ᠴᠢᠷᠮᠠᠶᠢᠵᠣ ᠶᠠᠪᠣᠳᠠᠭ᠃ ︽ᠦᠪᠡᠷ ᠤᠨ ᠠᠵᠢᠯ ᠳᠠᠭᠠᠨ ᠬᠠᠷᠢᠭᠤᠴᠠᠯᠭ᠎ᠠ ᠲᠠᠢ ᠶᠠᠪᠣᠬᠤ ᠎ ᠨᠢ ᠳᠣᠩ ᠴᠢᠬᠤᠯᠠ᠂ ᠨᠡᠩ ᠨᠢᠭᠡᠨ ᠡᠷᠡᠭᠳᠡᠢ ᠪᠠᠭᠰᠢ ᠪᠣᠯᠣᠭᠰᠠᠨ ᠤ ᠬᠤᠪᠢ ᠳᠤ ᠦᠪᠡᠷ ᠤᠨ ᠪᠡᠶ᠎ᠡ ᠳᠡᠭᠡᠨ ᠦᠨᠳᠣᠷ ᠱᠠᠭᠠᠷᠳᠠᠯᠭ᠎ᠠ ᠳᠠᠯᠪᠢᠨ᠂ ᠭᠡᠣᠭᠡᠳ ᠤᠳ ᠲᠤ ᠵᠣᠷᠢᠭ ᠰᠦᠰᠣ᠂ ᠡᠷᠡᠰ ᠰᠢᠢᠳᠮᠡᠭᠡᠢ᠂ ᠶᠦᠮᠦᠷᠯᠢᠭ ᠵᠠᠩ ᠠᠷᠠᠨᠰᠢᠨ ᠢ ᠣᠯᠭᠤᠬᠤ ᠪᠠᠷ ᠴᠢᠷᠮᠠᠶᠢᠪᠠᠯ ᠳᠠᠭᠠᠷᠠᠨ᠎ᠠ᠂ ᠡᠳᠡᠭᠡᠷ ᠢ ᠪᠦᠷ ᠦᠪᠡᠷ ᠤᠨ ᠪᠡᠶ᠎ᠡ ᠪᠠᠷ ᠢᠶᠠᠨ ᠬᠢᠵᠣ ᠦᠵᠡᠬᠦᠯᠬᠦ ᠭᠡᠷᠡᠭᠳᠡᠢ ᠪᠠᠶᠢᠳᠠᠭ︾ ᠭᠡᠵᠣ ᠪᠣᠷᠣᠭᠠᠨ ᠭᠡᠣᠭᠡᠳ ᠢ  ᠶᠠᠮᠠᠷᠰᠢᠣ ᠭᠡᠯᠪᠡᠷᠢ ᠪᠠᠷ ᠰᠣᠷᠭᠠᠨ ᠬᠦᠮᠣᠵᠢᠬᠦᠯᠬᠦ ᠪᠠᠨ ᠢᠩᠭᠢᠵᠣ ᠶᠠᠷᠢᠵᠣ ᠪᠢᠯᠡ᠃ ᠳᠡᠷᠡ ᠮᠠᠨᠢ ᠳᠣᠰᠬᠠᠢ ᠮᠡᠷᠭᠡᠵᠢᠯ ᠤᠨ ᠮᠡᠳᠡᠯᠭᠡ ᠮᠡᠳᠡᠴᠡ ᠪᠠᠨ ᠢᠮᠠᠭᠳᠠ ᠳᠡᠭᠡᠭᠰᠢᠯᠡᠬᠦᠯᠬᠦ ᠪᠠᠷ ᠴᠢᠷᠮᠠᠶᠢᠵᠣ᠂ ᠳᠣᠷᠰᠢᠯᠭ᠎ᠠ ᠲᠠᠢ ᠪᠠᠭᠰᠢᠨᠠᠷ ᠠᠴᠠ  ᠰᠤᠷᠭᠠᠭᠤᠯᠢ ᠶᠢᠨ ᠨᠠᠰᠣᠨ ᠠᠴᠠ ᠡᠮᠣᠨᠡᠬᠢ ᠭᠡᠣᠭᠡᠳ ᠢ ᠰᠣᠷᠭᠠᠨ ᠬᠦᠮᠣᠵᠢᠬᠦᠯᠬᠦ ᠠᠷᠭ᠎ᠠ ᠣᠬᠠᠭᠠᠨ ᠢ ᠢᠮᠠᠭᠳᠠ ᠰᠣᠷᠣᠯᠴᠠᠵᠣ᠂ ᠦᠪᠡᠷ ᠤᠨ ᠢᠶᠠᠨ ᠭᠡᠰᠡᠨ ᠵᠢᠭᠠᠬᠤ ᠠᠷᠭ᠎ᠠ ᠪᠠᠨ ᠰᠢᠨᠵᠢᠨ ᠪᠠᠶᠢᠵᠣ᠂ ᠪᠡᠶ᠎ᠡ ᠰᠡᠳᠬᠢᠴᠠ ᠡᠷᠡᠬᠦᠯ ᠰᠠᠶᠢᠬᠠᠨ ᠭᠡᠣᠭᠡᠳ ᠤᠳ ᠢ ᠰᠣᠷᠭᠠᠨ ᠬᠦᠮᠣᠵᠢᠬᠦᠯᠬᠦ ᠪᠠᠷ ᠴᠢᠷᠮᠠᠶᠢᠵᠣ ᠶᠠᠪᠣᠨ᠎ᠠ᠃ᠰᠤᠷ ᠰᠢᠭ᠋ ᠬᠤᠷᠴᠠᠬᠠᠨ ᠰᠡᠷᠡᠯ ᠲᠠᠢ ᠴᠡᠴᠡᠷᠯᠢᠭᠴᠢ ᠭᠦᠮᠤᠨ ᠭᠡᠭᠴᠢ ᠭᠡᠣᠭᠡᠳ ᠤᠨ ᠢᠷᠡᠭᠡᠳᠦᠢ ᠶᠢᠨ ᠨᠠᠷᠠ ᠨᠢ ᠪᠣᠯᠵᠣ᠂ ᠦᠰᠴᠣ ᠪᠣᠰᠬᠤ ᠪᠠᠯᠴᠢᠷ ᠭᠡᠣᠭᠡᠳ ᠤᠨ ᠳᠦᠰᠢᠭᠴᠢ ᠨᠢ ᠪᠣᠯᠵᠣ᠂  ᠭᠡᠣᠭᠡᠳ ᠤᠨ ᠢᠷᠡᠭᠡᠳᠦᠢ ᠶᠢᠨ ᠰᠠᠶᠢᠨ ᠰᠠᠶᠢᠬᠠᠨ ᠢ ᠳᠦᠰᠦᠭᠡᠯᠡᠬᠦ ᠳᠤ ᠴᠡᠴᠡᠷᠯᠢᠭᠴᠢ ᠪᠦᠬᠦᠨ ᠤ ᠠᠯᠳᠠᠷ ᠭᠠᠪᠢᠶ᠎ᠠ  ᠭᠡᠷᠡᠯᠳᠦᠨ ᠳᠣᠷᠠᠶᠢᠬᠤ ᠨᠢ ᠯᠠᠪᠳᠠᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号