ᠠᠵᠠ ᠵᠢᠷᠭᠠᠯᠲᠤ ᠭᠡᠷ ᠪᠦᠯᠢ
ᠨᠡᠶᠢᠲᠡᠯᠡᠭᠰᠡᠨ ᠴᠠᠭ᠄
2021/10/12
 ᠭᠤᠸ᠎ᠠ                  ᠠᠵᠠ ᠵᠢᠷᠭᠠᠯᠲᠤ ᠭᠡᠷ ᠪᠦᠯᠢ  ᠡᠴᠢᠬᠡ ᠡᠭᠡ ᠶᠢᠨ ᠨᠠᠨᠳᠢᠨ ᠰᠤᠷᠭᠠᠯ᠂ ᠬᠦᠰᠡᠯ ᠨᠠᠶᠢᠳᠠᠯᠭ᠎ᠠ᠂ ᠲᠡᠷᠡᠴᠢᠯᠡᠨ ᠦᠷ᠎ᠠ ᠪᠤᠯᠤᠭᠰᠠᠳ ᠤᠨ ᠬᠡᠪ ᠪᠤᠯᠪᠠᠰᠦᠷᠡᠯ ᠨᠢ ᠵᠤᠯ ᠵᠢᠷᠭᠠᠯᠳᠦ ᠭᠡᠷ ᠪᠦᠯᠢ ᠳᠤ ᠠᠪᠴᠦ ᠬᠡᠯᠡᠪᠡᠯ ᠲᠤᠳᠠᠭᠳᠠᠵᠦ ᠪᠤᠯᠤᠰᠢ ᠦᠭᠡᠢ ᠵᠦᠢᠯ᠂ ᠮᠦᠨᠴᠦ ᠬᠠᠯᠠᠭᠤᠨ ᠲᠤᠯᠠᠭᠠᠨ ᠭᠡᠷ ᠪᠦᠯᠢ ᠨᠢ ᠢᠳᠡᠭᠡᠯ ᠬᠠᠶᠢᠷ᠎ᠠ ᠶᠢᠨ ᠦᠯᠦᠭᠡᠢ᠂ ᠠᠮᠢᠳᠦᠷᠠᠬᠤᠢ ᠶᠢᠨ ᠬᠦᠴᠦᠨ ᠪᠤᠯᠳᠠᠭ ᠬᠤᠶᠢᠨ᠎ᠠ ᠲᠡᠭᠵᠢᠷᠡᠬᠦᠦ ᠪᠤᠯᠤᠨ ᠪᠠᠢ ᠮᠦᠡᠭᠭᠦᠨ ᠦᠷ᠎ᠠ ᠬᠡᠥᠬᠡᠳ ᠢᠶᠠᠨ ᠰᠤᠶᠤᠯ ᠨᠤᠮ ᠢᠶᠠᠷ ᠰᠤᠷᠭᠠᠨ ᠬᠦᠮᠦᠵᠢᠭᠦᠯᠵᠦ ᠂     ︽ᠡᠳ᠋ ᠢᠶᠠᠷ ᠪᠡᠶ᠎ᠠ ᠪᠠᠨ ᠴᠢᠮᠡᠬᠦ ᠪᠠᠷ ᠡᠷᠳᠡᠮ ᠢᠶᠠᠷ ᠪᠡᠶ᠎ᠠ ᠪᠠᠨ ᠴᠢᠮᠡ︾ ᠭᠡᠳᠡᠭ ᠶᠤᠰᠦ ᠤᠴᠢᠷ ᠢ ᠦᠪᠡᠷ ᠤᠨ ᠦᠢᠯᠡ ᠠᠵᠢᠯᠯᠠᠭ᠎ᠠ ᠪᠠᠷ ᠢᠶᠠᠨ  ᠲᠠᠨᠢᠭᠤᠯᠵᠤ ᠤᠬᠠᠭᠠᠷᠠᠭᠤᠯᠤᠬᠰᠠᠨ ᠪᠠᠶᠢᠨ᠎ᠠ᠃
  ᠲᠡᠭᠵᠢᠷᠡᠬᠦᠦ ᠪᠤᠯ ᠨᠢᠭᠡᠨ ᠠᠬᠠᠮᠠᠳ ᠨᠠᠮ ᠤᠨ ᠬᠡᠰᠢᠭᠦᠨ᠂ ᠡᠳᠦᠷ ᠲᠤᠳᠦᠮ ᠤᠨ ᠠᠵᠢᠯ ᠠᠮᠢᠳᠦᠷᠡᠯ ᠳᠠᠭᠠᠨ ᠢᠮᠠᠭᠳᠡ ᠦᠪᠡᠷ ᠤᠨ ᠪᠡᠶ᠎ᠠ ᠪᠠᠨ ᠴᠢᠩᠭ᠎ᠠ ᠱᠠᠭᠠᠷᠳᠠᠵᠦ᠂ ᠲᠦᠪ ᠭᠤᠥᠯᠴᠢ ᠶᠢ ᠦᠪᠡᠷ ᠤᠨ ᠠᠮᠢᠳᠦᠷᠡᠯ ᠤᠨ  ᠪᠠᠷᠢᠮᠳᠠᠯᠠᠯ ᠪᠤᠯᠭᠠᠠ᠂ ᠬᠦᠮᠦᠨ ᠢ ᠲᠤᠰᠠᠯᠠᠬᠤ ᠪᠠᠷ ᠵᠢᠷᠭᠠᠯ ᠢᠶᠠᠨ ᠪᠤᠯᠭᠠᠳᠠᠭ ᠠᠴᠠ ᠤᠯᠡᠨ ᠳᠤ ᠬᠦᠷᠢᠶᠡᠯᠡᠯ ᠲᠠᠢ ᠶᠠᠪᠤᠭ᠎ᠠ ᠨᠢᠭᠡᠨ᠃ ᠬᠤᠶᠡᠷ ᠬᠡᠥᠬᠡᠨ ᠤ ᠬᠢᠨ ᠰᠡᠳᠬᠢᠯ ᠳᠤ ᠲᠡᠷᠡ ᠪᠤᠯ ᠨᠢᠭᠡᠨ ᠡᠬᠡ ᠤᠯᠤᠰ ᠲᠠᠭᠠᠨ ᠬᠠᠶᠢᠷᠠᠳᠠᠢ᠂ ᠠᠮᠢᠳᠦᠷᠡᠯ ᠦᠢᠯᠡᠰ ᠲᠡᠭᠡᠨ ᠬᠦᠰᠡᠯ ᠬᠦᠭᠡᠭᠡᠴᠡᠯᠳᠦᠯ ᠲᠠᠢ᠂ ᠠᠵᠢᠯ ᠳᠠᠭᠠᠨ ᠬᠠᠷᠢᠭᠤᠴᠠᠯᠭᠠᠳᠦ ᠤᠪᠤᠷ ᠲᠠᠢ ᠠᠪᠦ ᠠᠵᠢ᠃ ᠪᠠᠢ ᠮᠦᠡᠭᠭᠦᠨ ᠨᠡᠩ ᠴᠦ ᠬᠦᠭᠰᠢᠨ ᠨᠢᠯᠬᠠᠰ ᠢᠶᠠᠨ ᠬᠠᠶᠢᠷᠡᠯᠡᠨ ᠬᠦᠨᠳᠦᠳᠭᠡᠵᠦ᠂ ᠬᠦᠷᠰᠢ ᠰᠠᠬᠠᠭᠠᠯᠳᠡ ᠪᠠᠷ ᠢᠶᠠᠨ ᠡᠶ᠎ᠡ ᠡᠪᠳᠠᠢ ᠨᠦᠬᠦᠷᠰᠡᠭ ᠬᠠᠷᠢᠯᠴᠠᠳᠠᠭ ᠠᠵᠢᠯ ᠠᠮᠢᠳᠦᠷᠡᠯ ᠤᠨ ᠡᠯ᠎ᠠ ᠲᠠᠯ᠎ᠠ ᠪᠠᠷ ᠬᠢᠯᠠᠷᠠᠭᠤᠯᠵᠦ ᠶᠠᠪᠤᠭ᠎ᠠ ᠤᠯᠠᠨ ᠳᠤ ᠶᠡᠭᠡ ᠬᠦᠨᠳᠦᠳᠭᠡᠯᠳᠠᠢ ᠶᠤᠮᠰᠠᠠ᠃ ᠬᠠᠨᠢ ᠨᠦᠬᠦᠷ ᠬᠤᠶᠠᠭᠤᠯᠡ ᠪᠠᠨ ᠬᠡᠥᠬᠡᠳ ᠢᠶᠠᠨ ᠬᠦᠮᠦᠵᠢᠭᠦᠯᠬᠦ ᠦᠵᠡᠯᠳᠡ ᠲᠠᠨᠢᠯᠳᠡ ᠶᠢᠨ ᠲᠠᠯ᠎ᠠ ᠪᠠᠷ ᠮᠠᠰᠢ ᠨᠢᠭᠡᠳᠦᠯᠳᠠᠢ ᠁ ᠲᠠᠷᠤᠢ ᠠᠭᠤᠴᠢᠯᠡᠯ ᠪᠠᠭᠳᠠᠭᠠᠮᠵᠢ ᠬᠠᠶᠢᠷ᠎ᠠ ᠪᠠᠷ ᠬᠡᠥᠬᠡᠥᠨ ᠢᠶᠠᠨ ᠬᠦᠮᠦᠵᠢᠭᠦᠯᠬᠦ ᠶᠢ ᠡ᠊ᠡᠭ ᠲᠡᠷᠢᠭᠦᠨ ᠳᠤ ᠲᠠᠯᠪᠢᠳᠠᠭ᠃ ᠬᠤᠶᠡᠷ ᠬᠡᠥᠬᠡᠨ ᠨᠢ ᠠᠯᠳᠠᠭ᠎ᠠ ᠪᠤᠷᠤᠭᠤ ᠭᠠᠷᠭᠠᠬᠤ ᠦᠶ᠎ᠠ ᠳᠤ ᠴᠦ ᠡᠨᠡ ᠬᠤᠶᠠᠭᠤᠯᠡ ᠪᠠᠨ ᠬᠡᠥᠬᠡᠳ ᠢᠶᠠᠨ ᠠᠭᠤᠷᠯᠠᠵᠦ ᠵᠠᠩᠳᠦᠷᠬᠤ ᠦᠭᠡᠢ ᠯᠠᠪᠳᠠᠭᠤᠨ ᠰᠠᠶᠢᠬᠠᠨ ᠰᠤᠯᠢᠯᠴᠠᠭ᠎ᠠ ᠬᠢᠵᠦ᠂ ᠶᠠᠷᠢᠯᠴᠠᠭ᠎ᠠ ᠬᠢᠬᠦ ᠪᠠᠷ ᠲᠠᠮᠵᠢᠨ ᠬᠡᠥᠬᠡᠥᠨ ᠤᠳ ᠤᠨ ᠦᠪᠡᠷ ᠤᠨ ᠪᠤᠷᠤᠭᠤ ᠪᠠᠨ ᠦᠨᠡᠨᠬᠦ ᠤᠯᠵᠦ ᠮᠡᠳᠡᠷᠡᠬᠦ ᠶᠢ ᠬᠢᠴᠢᠶᠡᠨ᠎ᠠ᠃ ᠭᠡᠳᠡᠯ᠎ᠠ ᠵᠠᠷᠴᠢᠮ ᠤᠨ ᠴᠢᠨᠠᠷᠳᠠᠢ ᠠᠰᠠᠭᠤᠳᠡᠯ ᠳᠤ ᠬᠠᠨᠢ ᠨᠦᠬᠦᠷ ᠬᠤᠶᠡᠭᠤᠯᠡ ᠦᠴᠦᠬᠡᠨ ᠴᠦ ᠢᠯᠳᠡᠷ ᠬᠠᠶᠠᠳᠠᠭ ᠦᠭᠡᠢ᠃ ᠶᠠᠭ ᠢᠡᠭᠬᠢᠵᠦ ᠦᠪᠡᠷ ᠤᠨ ᠪᠤᠳᠠᠳᠠᠢ ᠦᠭᠡ ᠬᠡᠯᠡ ᠦᠢᠯᠡ ᠠᠵᠢᠯᠯᠠᠭ᠎ᠠ ᠪᠠᠷ ᠢᠶᠠᠨ ᠬᠡᠥᠬᠡᠳ ᠢᠶᠠᠨ ᠲᠠᠳᠬᠠᠵᠢᠭᠤᠯᠵᠦ ᠢᠷᠡᠭᠰᠡᠡ ᠠᠴᠠ ᠬᠤᠶᠡᠷ ᠬᠡᠥᠬᠡᠨ ᠨᠢ ᠲᠦᠪ ᠭᠤᠥᠯᠴᠢ᠂ ᠨᠦᠭᠦᠷᠰᠡᠭ᠂ ᠰᠢᠮᠳᠡᠡ ᠰᠤᠷᠤᠯᠴᠠᠳᠠᠭ ᠰᠠᠶᠢᠨ  ᠵᠠᠩ ᠰᠤᠷᠳᠠᠯ ᠲᠠᠢ ᠪᠤᠯᠤᠭᠰᠠᠠ ᠬᠡᠨᠡᠮ᠃
ᠲᠡᠭᠵᠢᠷᠡᠬᠦᠥ ᠪᠠᠢ ᠮᠦᠡᠭᠭᠦᠨ ᠬᠤᠶᠠᠭᠤᠯᠡ ᠡ᠊ᠡᠭ ᠤᠨ ᠴᠠᠭ ᠲᠤ ᠬᠡᠥᠬᠡᠨ ᠲᠠᠢ ᠪᠠᠨ ᠨᠠᠶᠢᠵᠡ ᠰᠢᠭ᠋ ᠬᠠᠷᠢᠴᠠᠵᠦ᠂ ᠲᠡᠳᠡᠨᠡᠷ ᠤᠨ ᠪᠠᠶᠠᠷ ᠪᠠᠶᠠᠰᠦᠯ ᠪᠤᠬᠢᠨᠢᠳᠦᠯ ᠵᠤᠪᠠᠨᠢᠯ ᠢ ᠬᠤᠪᠢᠶᠡᠯᠴᠡᠨ᠂ ᠬᠡᠥᠬᠡᠨ ᠤ ᠎ ᠪᠠᠨ ᠪᠤᠳᠦᠯᠢᠵᠦ ᠲᠤᠭᠤᠷᠢᠵᠦ ᠪᠠᠶᠢᠭ᠎ᠠ ᠤᠴᠢᠷ ᠲᠤᠨᠢ ᠯᠠᠪᠯᠠᠯᠳᠡ ᠦᠭᠭᠦ ᠪᠠᠷ ᠬᠦᠴᠤᠯᠡᠳᠡᠭ᠃ ᠲᠡᠳᠡ ᠬᠤᠶᠠᠭᠤᠯᠡ ᠭᠠᠷᠠᠭ ᠪᠤᠯᠭᠠᠨ ᠬᠡᠥᠬᠡᠨ ᠲᠠᠢ ᠪᠠᠨ ᠬᠠᠮᠳᠦ ᠺᠢᠨᠣ᠋ ᠦᠵᠡᠬᠦ᠂ ᠨᠤᠮ ᠤᠨ ᠰᠠᠩ ᠳᠤ ᠤᠴᠢᠬᠤ᠂ ᠰᠤᠯᠢᠯᠴᠠᠭ᠎ᠠ ᠶᠠᠷᠢᠯᠴᠠᠭ᠎ᠠ ᠬᠢᠬᠦ᠂ ᠨᠠᠭᠠᠳᠴᠦ ᠲᠤᠭᠯᠠᠬᠤ ᠲᠡᠭᠡᠷ᠎ᠠ ᠲᠡᠶᠢᠯᠦᠩᠭᠦᠢ ᠴᠠᠭ ᠢᠶᠠᠨ ᠵᠠᠷᠤᠴᠠᠭᠤᠯᠳᠠᠭ᠃ ᠤᠴᠢᠷ ᠨᠢ ᠬᠡᠥᠬᠡᠥᠨ ᠲᠠᠢ ᠪᠠᠨ ᠬᠠᠮᠳᠦ ᠪᠠᠶᠢᠬᠤ ᠨᠢ ᠮᠠᠰᠢ ᠴᠢᠬᠤᠯᠡ ᠭᠡᠵᠦ ᠲᠡᠭᠵᠢᠷᠡᠬᠦᠦ ᠪᠠᠢ ᠮᠦᠡᠭᠭᠦᠨ ᠬᠤᠶᠠᠭᠤᠯᠡ ᠪᠠᠨ ᠢᠡᠭᠬᠢᠵᠦ ᠪᠤᠳᠦᠵᠦ ᠦᠢᠯᠡᠳᠦᠯᠭᠡᠵᠢᠭᠦᠯᠦᠭᠰᠡᠭᠡᠷ ᠢᠷᠡᠵᠡᠢ᠃ ᠬᠡᠥᠬᠡᠥᠨ ᠨᠢ ᠬᠦᠴᠢᠷ ᠲᠦᠪᠡᠭ ᠲᠠᠢ ᠠᠰᠠᠭᠤᠳᠡᠯ ᠲᠤᠯᠭᠠᠷᠠᠬᠤ ᠦᠶᠡᠰ ᠲᠡᠳᠡ ᠬᠤᠶᠠᠭᠤᠯᠡ ᠡᠨᠡᠬᠦ ᠬᠦᠴᠢᠷᠳᠡᠯ ᠢ ᠲᠤᠭᠤᠯᠵᠦ ᠦᠡᠭᠭᠡᠷᠡᠭᠦᠯᠬᠦ ᠬᠦᠴᠦᠨ ᠴᠢᠳᠡᠯ ᠢ ᠤᠯᠭᠤᠵᠦ᠂ ᠰᠤᠷᠤᠯᠴᠠᠯᠭ᠎ᠠ ᠶᠢ ᠪᠠᠶᠠᠷ ᠬᠦᠷ ᠲᠠᠢ ᠦᠡᠭᠭᠡᠷᠡᠯᠳᠡ ᠪᠤᠯᠭᠠᠬᠤ ᠶᠢ ᠰᠤᠷᠳᠠᠯᠴᠢᠯᠡᠡ᠂ ᠠᠵᠢᠯ ᠤᠨ ᠲᠠᠷᠤᠭᠠᠰᠦ ᠶᠢ ᠬᠦᠳᠡᠯᠭᠡᠭᠴᠢ ᠬᠦᠴᠦᠨ ᠤ ᠡᠨᠧᠷᠬᠢ ᠪᠤᠯᠭᠠᠨ ᠬᠤᠪᠢᠷᠠᠭᠤᠯᠬᠤ ᠪᠠᠷ ᠤᠷᠮᠠᠰᠢᠭᠤᠯᠵᠦ᠂ ᠪᠤᠳᠠᠳᠠᠢ ᠠᠬᠤᠢ ᠳᠤ ᠰᠡᠷᠭᠡᠭ ᠲᠠᠨᠢᠯᠳᠡ ᠲᠠᠢ ᠪᠠᠶᠢᠯᠭᠠᠬᠤ ᠶᠢ ᠰᠡᠷᠡᠮᠵᠢᠯᠡᠭᠦᠯᠤᠨ᠂ ᠪᠠᠷᠢᠮᠳᠠᠯᠡᠯ ᠤᠨ ᠴᠢᠬᠤᠯᠡ ᠴᠢᠨᠡᠷ ᠢ ᠲᠠᠨᠢᠭᠤᠯᠵᠦ ᠦᠢᠯᠠᠭᠠᠭᠤᠯᠬᠤ ᠪᠠᠷ  ᠴᠢᠷᠮᠠᠶᠢᠳᠠᠭ᠃ ᠲᠤᠷ᠎ᠠ ᠰᠤᠨᠢᠷᠬᠠᠯ ᠤᠨ ᠲᠠᠯ᠎ᠠ ᠪᠠᠷ ᠲᠡᠭᠵᠢᠷᠡᠬᠦᠦ ᠬᠠᠨᠢ ᠨᠦᠬᠦᠷ ᠬᠤᠶᠠᠷ ᠬᠡᠥᠬᠡᠳ ᠤᠨ ᠰᠤᠩᠭᠤᠯᠳᠡ ᠶᠢ ᠲᠡᠷᠢᠭᠦᠨ ᠪᠠᠶᠢᠷᠢᠨ ᠳᠤ ᠪᠤᠳᠦᠯᠬᠢᠯᠡᠨ᠎ᠠ᠃ ᠶᠡᠭᠡ ᠬᠡᠥᠬᠡᠨ ᠨᠢ ᠲᠡᠭᠦᠯᠳᠡᠷ ᠬᠤᠭᠤᠷ ᠤᠨ ᠮᠡᠷᠭᠡᠵᠢᠯ ᠢ ᠰᠤᠩᠭᠤᠵᠦ᠂ ᠠᠯᠠᠱᠠ ᠶᠢᠨ ᠲᠡᠭᠦᠯᠳᠡᠷ ᠬᠤᠭᠤᠷ ᠤᠨ ᠨᠡᠶᠢᠬᠡᠮᠯᠢᠭ ᠠᠴᠠ ᠵᠤᠬᠢᠶᠡᠨ ᠪᠠᠶᠢᠭᠤᠯᠤᠭᠰᠠᠠ ᠰᠢᠨ᠎ᠠ ᠵᠢᠯ ᠤᠨ ᠲᠠᠭᠤᠤ ᠬᠦᠭᠵᠢᠮ ᠤᠨ ᠨᠠᠶᠢᠷ ᠲᠤ ᠲᠡᠭᠦᠯᠳᠡᠷ ᠬᠤᠭᠤᠷ ᠤᠨ ᠬᠦᠭᠵᠢᠮ ᠤᠨ ᠬᠠᠪᠰᠦᠷᠤᠭᠴᠢ ᠤᠯᠠᠨᠳᠠ ᠪᠤᠯᠤᠭᠰᠠᠡ ᠪᠠᠶᠠᠯᠢᠭ ᠦᠡᠭᠭᠡᠷᠡᠯᠳᠡ ᠲᠠᠢ᠃ ᠲᠡᠭᠦᠨ ᠤ ᠬᠤᠶᠠᠳᠦᠭᠠᠷ ᠬᠡᠥᠬᠡᠨ ᠨᠢ ᠬᠠᠷᠠᠬᠠᠨ ᠪᠠᠭ᠎ᠠ ᠠᠴᠠ ᠪᠠᠨ ᠲᠠᠭᠤᠤ ᠵᠢᠷᠤᠭ ᠎ ᠲᠤ ᠪᠠᠭ᠋ᠠᠳᠠᠢ᠂ ᠲᠤᠮᠳᠠᠳᠦ ᠰᠤᠷᠭᠠᠭᠤᠯᠢ ᠳᠤ ᠪᠠᠶᠢᠬᠤ ᠳᠠᠭᠠᠨ ᠨᠢᠩᠰᠢᠶᠠ ᠶᠢ ᠲᠦᠯᠤᠭᠡᠯᠡᠵᠦ ᠪᠦᠬᠦ ᠤᠯᠤᠰ ᠤᠨ ᠴᠦᠬᠡᠨ ᠲᠤᠭᠠᠳᠦ ᠦᠨᠳᠦᠰᠦᠳᠡᠨ ᠤ ᠲᠤᠮᠳᠠᠳᠦ ᠰᠤᠷᠭᠠᠭᠤᠯᠢ ᠶᠢᠨ ᠶᠠᠷᠢᠶ᠎ᠠ ᠢᠯᠡᠳᠭᠡᠯ ᠤᠨ ᠤᠷᠤᠯᠳᠦᠭᠠᠨ ᠳᠤ ᠬᠤᠶᠠᠳᠦᠭᠠᠷ ᠲᠡᠰ ᠤᠨ ᠰᠢᠯᠢᠳᠡᠭ ᠦᠷ᠎ᠠ ᠪᠦᠲᠦᠮᠵᠢ ᠶᠢ  ᠤᠯᠵᠤ ᠦᠩᠬᠡᠷᠡᠵᠡᠢ  ᠃
ᠲᠡᠷᠡ ᠬᠤᠶᠠᠭᠤᠯᠡ ᠭᠤᠴᠢᠭᠠᠳ ᠵᠢᠯ ᠤᠨ ᠲᠤᠷᠰᠢ ᠬᠠᠶᠢᠷ᠎ᠠ ᠬᠠᠶᠢᠷ᠎ᠠ ᠪᠠᠨ ᠬᠤᠯᠪᠤᠵᠦ᠂ ᠪᠡᠶ᠎ᠠ ᠪᠡᠶ᠎ᠠ ᠳᠡᠭᠡᠨ ᠦᠨᠡᠨᠴᠢ ᠪᠠᠷ ᠬᠠᠨᠳᠦᠨ ᠨᠢᠭᠡᠨ ᠵᠤᠯ ᠵᠢᠷᠭᠠᠯ ᠲᠠᠢ ᠲᠦᠷᠪᠡᠨ ᠪᠦᠯᠢ ᠲᠠᠢ ᠠᠶᠢᠯ ᠢ ᠪᠤᠰᠬᠠᠭᠰᠠᠠ ᠪᠠᠶᠢᠨ᠎ᠠ᠃ ᠲᠡᠳᠠᠡ ᠤ ᠬᠡᠷ ᠪᠦᠯᠢ ᠶᠢᠨ ᠭᠡᠰᠢᠭᠦᠳ ᠤᠨ ᠬᠤᠭᠤᠷᠤᠨᠳᠦ ᠪᠠᠨ ᠬᠠᠷᠢᠯᠴᠠᠠ  ᠬᠠᠪᠰᠤᠷᠤᠯᠴᠠᠨ᠂ ᠬᠠᠷᠢᠯᠴᠡᠡ ᠵᠤᠷᠢᠭᠵᠢᠭᠤᠯᠵᠦ᠂ ᠬᠠᠮᠳᠦ ᠪᠠᠷ ᠲᠠᠪᠰᠢᠬᠤ ᠪᠠᠷ ᠵᠤᠷᠢᠯᠳᠡ ᠪᠠᠨ ᠪᠤᠯᠭᠠᠠ᠂ ᠪᠦᠯᠬᠦᠮᠳᠡᠯ ᠲᠡᠮᠡᠴᠡᠯ ᠎ ᠢᠶᠠᠷ ᠬᠠᠷᠡᠯᠳᠡ ᠪᠠᠨ ᠪᠤᠯᠭᠠᠭᠰᠠᠠ ᠬᠠᠯᠠᠭᠤᠨ ᠲᠤᠳᠦᠨᠤᠰᠤᠭ ᠭᠡᠷ ᠪᠦᠯᠢ ᠪᠢᠯᠡ᠃ ᠢᠢᠮᠦ ᠵᠤᠯ ᠵᠢᠷᠭᠠᠯ ᠲᠠᠢ᠂ ᠡᠶ᠎ᠡ ᠨᠠᠶᠢᠷᠳᠠᠢ᠂ ᠬᠠᠶᠢᠷ᠎ᠠ ᠪᠢᠯᠬᠠᠭᠰᠠᠠ ᠭᠡᠷ ᠪᠦᠯᠢ ᠳᠤ ᠦᠰᠤᠨ ᠪᠤᠶᠢᠵᠢᠬᠰᠠᠨ ᠬᠤᠶᠡᠷ ᠬᠡᠥᠬᠡᠨ ᠨᠢ ᠰᠤᠷᠤᠯᠭ᠎ᠠ ᠳᠠᠭᠠᠨ ᠴᠢᠷᠮᠠᠶᠢᠨ ᠠᠩᠬᠢ ᠤᠨ ᠨᠢᠭᠡᠴᠢ ᠳᠡᠭᠡᠨ ᠢᠮᠠᠭᠳᠡ ᠲᠡᠷᠢᠭᠦᠯᠡᠭᠰᠡᠭᠡᠷ ᠢᠷᠡᠭᠰᠡᠡ ᠪᠢᠯᠡ᠃ ᠲᠡᠷᠡ ᠬᠤᠶᠠᠭᠤᠯᠡ ᠬᠡᠥᠬᠡᠥᠨ ᠲᠡᠭᠡᠨ ᠪᠠᠶᠡᠷ ᠪᠠᠶᠠᠰᠤᠯᠳᠠᠢ ᠰᠤᠷᠤᠯᠴᠠᠬᠤ ᠤᠷᠴᠢᠨ ᠲᠤᠭᠤᠷᠢᠨ ᠢ ᠬᠠᠨᠭ᠍ᠭᠠᠬᠤ ᠶᠢ ᠡᠷᠬᠢᠮᠯᠡᠳᠡᠭ ᠢᠶᠠᠷ ᠪᠠᠷᠠᠬᠤ ᠦᠭᠡᠢ ᠪᠡᠶ᠎ᠠ ᠪᠠᠨ ᠲᠠᠭᠠᠭᠠᠬᠤ ᠴᠢᠳᠠᠪᠦᠷᠢ ᠶᠢ ᠪᠤᠯᠪᠠᠰᠦᠷᠠᠭᠤᠯᠬᠤ ᠪᠠᠷ ᠲᠠᠮᠵᠢᠨ ᠬᠦᠴᠢᠷ ᠪᠡᠷᠭᠡ ᠶᠢ ᠢᠯᠡᠨ ᠲᠠᠪᠠᠭ᠋ᠤ ᠵᠤᠷᠢᠭ ᠰᠦᠰᠦ ᠤᠯᠭᠤᠬᠤ ᠬᠦᠮᠦᠵᠢᠯ ᠢ  ᠴᠢᠬᠤᠯᠠᠴᠢᠯᠠᠬᠰᠠᠭᠠᠷ ᠢᠷᠡᠵᠡᠢ᠃ ᠲᠡᠳᠡ ᠬᠤᠶᠡᠷ ᠤᠨ ᠬᠠᠶᠢᠷ᠎ᠠ ᠶᠢᠨ ᠬᠦᠮᠦᠵᠢᠯ ᠲᠤᠤᠷ᠎ᠠ᠂ ᠲᠡᠭᠦᠨ ᠤ ᠬᠤᠶᠡᠷ ᠬᠡᠥᠬᠡᠨ ᠨᠢ ᠬᠠᠷᠠᠬᠠᠨ ᠪᠠᠭ᠎ᠠ ᠠᠴᠠ ᠰᠤᠷᠤᠯᠭ᠎ᠠ ᠲᠠᠮᠢᠷ ᠎ ᠲᠠᠭᠠᠨ ᠰᠢᠮᠳᠡᠨ᠂ ᠦᠪᠡᠷ ᠢ ᠪᠠᠨ ᠲᠠᠪᠳᠡᠨ ᠪᠤᠯᠪᠠᠰᠦᠷᠠᠭᠤᠯᠬᠤ ᠵᠠᠪᠰᠢᠶᠡᠨ ᠢᠶᠠᠨ ᠮᠠᠰᠢ ᠨᠠᠨᠳᠢᠩᠨᠠᠨ ᠬᠦᠴᠢᠷ ᠠᠴᠠ ᠠᠶᠤᠬᠤ ᠦᠭᠡᠢ ᠵᠤᠷᠢᠭᠳᠠᠢ ᠤᠷᠤᠭᠰᠢᠯᠠᠳᠠᠭ᠃ ︽ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠭᠡᠢ︾ ᠬᠡᠳᠡᠭ ᠢᠶᠠᠷ ᠶᠡᠭᠡ ᠬᠡᠥᠬᠡᠨ ᠨᠢ ᠶᠡᠭᠡ ᠰᠤᠷᠭᠠᠭᠤᠯᠢ ᠲᠡᠭᠦᠰᠦᠭᠡᠳ ᠦᠪᠡᠷ ᠤᠨ ᠴᠢᠷᠮᠠᠶᠢᠯᠭ᠎ᠠ ᠪᠠᠷ ᠢᠶᠠᠨ ᠢᠲ᠋ᠠᠯᠢ ᠶᠢᠨ ᠲᠠᠭᠤᠤ ᠬᠦᠭᠵᠢᠮ ᠤᠨ ᠰᠤᠷᠭᠠᠭᠤᠯᠢ ᠳᠤ ᠠᠰᠫᠢᠷᠠᠨᠲ ᠢᠶᠠᠷ ᠰᠢᠯᠭᠠᠨ ᠤᠷᠤᠵᠦ᠂ ᠦᠪᠡᠷ ᠤᠨ ᠬᠦᠰᠡᠯ ᠮᠦᠷᠤᠭᠡᠳᠦᠯ ᠤᠨ ᠲᠡᠭᠦᠯᠳᠡᠷ ᠬᠤᠭᠤᠷ ᠤᠨ ᠪᠠᠭᠰᠢ ᠪᠤᠯᠤᠭᠰᠠᠠ ᠪᠠᠶᠢᠨ᠎ᠠ᠃ ᠪᠠᠭ᠎ᠠ ᠬᠡᠥᠬᠡᠨ ᠨᠢ ᠶᠡᠭᠡ ᠰᠤᠷᠭᠠᠭᠤᠯᠢ ᠪᠠᠨ ᠲᠡᠭᠦᠰᠦᠭᠡᠳ ᠠᠮᠧᠷᠢᠺᠠ ᠳᠤ ᠠᠰᠫᠢᠷᠠᠨᠲ ᠢᠶᠠᠷ ᠰᠤᠷᠤᠯᠴᠠᠡ᠂ ᠤᠳᠦ ᠲᠤᠮᠦ ᠳ᠋ᠠᠶᠢᠲ᠋ᠠ ᠶᠢᠨ ᠰᠠᠭᠤᠷᠢ ᠪᠦᠲᠦᠭᠡᠨ ᠪᠠᠶᠢᠭᠤᠯᠤᠯᠳᠡ ᠶᠢᠨ ᠬᠠᠮᠢᠶ᠎ᠠ ᠲᠠᠢ  ᠵᠦᠭᠡᠯᠡᠨ ᠲᠤᠨᠤᠭ ᠤᠨ ᠢᠨᠵᠧᠨᠧᠷ ᠪᠤᠯᠵᠡᠢ᠃ ᠲᠡᠭᠵᠢᠷᠡᠬᠦᠦ ᠪᠠᠢ ᠮᠦᠡᠭᠭᠦᠨ ᠬᠠᠨᠢ ᠨᠦᠬᠦᠷ ᠬᠤᠶᠠᠭᠤᠯᠡ ᠭᠡᠷ ᠪᠦᠯᠢ ᠪᠠᠨ ᠦᠭᠡᠳᠡᠷᠭᠡᠭ ᠰᠠᠶᠢᠬᠠᠨ ᠠᠪᠴᠦ ᠶᠠᠪᠤᠳᠠᠭ ᠪᠦᠭᠡᠳ ᠠᠵᠢᠯ ᠠᠯᠪᠡ ᠪᠠᠨ ᠦᠴᠦᠬᠡᠨ ᠴᠦ ᠤᠰᠦᠯᠳᠦᠯ ᠦᠭᠡᠢ ᠬᠢᠯᠠᠷᠠᠭᠤᠯᠵᠦ ᠶᠠᠪᠤᠭᠰᠠᠠ ᠠᠴᠠ 2020 ᠤᠨ ᠤ 5 ᠰᠠᠷ᠎ᠠ ᠳᠤ ᠠᠯᠠᠱᠠ ᠠᠶᠢᠮᠠᠭ ᠤᠨ ︽ᠲᠠᠪᠦᠨ ᠰᠠᠶᠢᠨᠳᠠᠢ ᠭᠡᠷ ᠪᠦᠯᠢ︾᠂ ᠲᠤᠰ ᠵᠢᠯ ᠤᠨ 11 ᠰᠠᠷ᠎ᠠ ᠳᠤ ᠬᠤᠶᠠᠳᠦᠭᠠᠷ ᠬᠤᠭᠤᠴᠠᠭᠠᠨ ᠤ ︽ᠪᠦᠬᠦ ᠠᠶᠢᠮᠠᠭ ᠤᠨ ᠪᠤᠯᠪᠠᠰᠦᠨ ᠭᠡᠷ ᠪᠦᠯᠢ︾᠎ ᠪᠠᠷ ᠬᠦᠬᠢᠭᠦᠯᠦᠭᠳᠡᠵᠦ᠂ 2021 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ᠬᠠᠮᠤᠭ ᠭᠤᠶᠤ ᠭᠡᠷ ᠪᠦᠯᠢ︾ ᠵᠡᠷᠭᠡ ᠤᠯᠡᠨ ᠢᠷᠡᠭᠤ ᠠᠯᠳᠡᠷ ᠢ ᠬᠦᠷᠳᠡᠵᠡᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号