ᠤᠩᠰᠢᠭᠴᠢᠳ ᠲᠠᠭᠠᠨ ᠳᠠᠨᠢᠬᠳᠠᠵᠤ ᠶᠠᠪᠤᠭ᠎ᠠ ᠵᠠᠯᠠᠭᠤ ᠰᠤᠷᠪᠤᠯᠵᠢᠯᠠᠬᠴᠢ ᠰᠠᠴᠠᠠ
ᠨᠡᠶᠢᠲᠡᠯᠡᠭᠰᠡᠨ ᠴᠠᠭ᠄
2021/11/14
            ᠡᠨᠠ ᠬᠤᠶᠠᠷ ᠡᠳᠤᠷ᠂ ᠬᠢᠵᠢᠭ ᠤᠨ ᠨᠦᠯᠦᠬᠡ ᠠᠴᠠ ᠪᠤᠯᠵᠤ ᠨᠠᠭᠠᠰᠢ ᠴᠠᠭᠠᠰᠢ ᠶᠠᠪᠤᠵᠤ ᠰᠤᠷᠪᠤᠯᠵᠢᠯᠠᠭ᠎ᠠ ᠬᠢᠬᠦ ᠳᠦᠬᠦᠮ ᠦᠬᠡᠢ ᠪᠤᠯᠤᠬᠰᠠᠠ ᠪᠤᠯᠪᠠᠴᠤ ᠰᠠᠴᠠᠠ ᠭᠡᠷ ᠲᠡᠭᠡᠨ ᠰᠠᠭᠤᠵᠤ᠂ ᠤᠳᠠᠰᠤ ᠸᠢᠴᠠᠲ ᠢᠶᠠᠷ ᠰᠤᠷᠪᠤᠯᠵᠢᠯᠠᠭ᠎ᠠ ᠠᠪᠴᠤ᠂ ᠪᠦᠬᠦ ᠠᠶᠢᠮᠠᠭ ᠤᠨ ᠡᠯ᠎ᠠ ᠭᠠᠵᠠᠷ ᠲᠠᠬᠢ ᠬᠢᠵᠢᠭ ᠢ ᠰᠡᠷᠭᠡᠶᠢᠯᠡᠬᠦ ᠠᠵᠢᠯ ᠤᠨ ᠳᠤᠬᠠᠢ ᠮᠡᠳᠡᠭᠡ ᠵᠠᠩᠬᠢ ᠶᠢ ᠴᠤᠭᠯᠠᠭᠤᠯᠤᠠ ᠡᠭᠡ ᠪᠢᠴᠢᠭ ᠪᠢᠴᠢᠬᠦ ᠶᠢᠨ ᠬᠠᠮᠳᠤ᠂ ᠴᠤᠤᠷᠢᠶ᠎ᠠ ᠨᠡᠶᠢᠳᠡᠯᠡᠬᠦ ᠠᠵᠢᠯ ᠢ ᠳᠠᠭᠠᠭᠠᠠ ᠠᠪᠴᠤ᠂ ᠡᠳᠤᠷᠵᠢᠠ ᠶᠠᠭᠠᠷᠠᠯᠳᠠᠢ ᠠᠵᠢᠯᠯᠠᠵᠤ ᠪᠠᠶᠢᠯ᠎ᠠ᠃    ᠰᠠᠴᠠᠠ ᠪᠤᠯ ᠠᠯᠠᠱᠠ ᠶᠢᠨ ᠡᠳᠤᠷ ᠤᠨ ᠰᠤᠨᠢᠨ ᠤ ᠬᠤᠷᠢᠶ᠎ᠠ ᠶᠢᠨ ᠮᠤᠩᠭᠤᠯ ᠰᠤᠨᠢᠨ ᠮᠡᠳᠡᠭᠡᠠ ᠤ ᠠᠵᠢᠯ ᠤᠨ ᠭᠡᠯᠳᠠᠰ ᠤᠨ ᠨᠢᠬᠡᠠ ᠵᠠᠯᠠᠭᠤᠬᠠᠠ ᠰᠤᠷᠪᠤᠯᠵᠢᠯᠠᠬᠴᠢ ᠪᠠᠶᠢᠭ᠎ᠠ ᠶᠤᠮ᠃ ᠶᠠᠷᠤᠨᠢ ᠠᠯᠢ ᠨᠢᠬᠡ ᠤᠳᠠᠭ᠎ᠠ ᠴᠤ ᠭᠡᠰᠡᠠ᠂ ᠪᠠᠴᠢᠮ ᠶᠠᠭᠠᠷᠠᠯᠳᠠᠢ᠂ ᠡᠰᠡᠬᠦᠯ᠎ᠠ ᠬᠦᠳᠡᠭᠡ ᠭᠠᠳᠠᠭ᠎ᠠ ᠪᠠᠭᠤᠬᠤ᠂ ᠴᠢᠬᠤᠯᠠ ᠰᠤᠨᠢᠨ ᠮᠡᠳᠡᠭᠡᠠ ᠤ ᠰᠤᠷᠪᠤᠯᠵᠢᠯᠠᠭ᠎ᠠ ᠁ ᠵᠡᠷᠭᠡ ᠳᠤ ᠪᠦᠷ ᠬᠤᠰᠢᠭᠤᠴᠢᠯᠠᠠ ᠤᠷᠤᠯᠴᠠᠵᠤ᠂ ᠮᠠᠰᠢ ᠤᠯᠠᠠ ᠦᠨᠳᠤᠰᠤᠠ ᠱᠠᠳᠤᠠ ᠤ᠂ ᠤᠯᠠᠠ ᠳᠦᠮᠠᠠ ᠤ ᠤᠩᠰᠢᠵᠤ ᠰᠤᠨᠢᠷᠬᠠᠬᠤ ᠳᠤᠷ᠎ᠠ ᠪᠠᠬ᠎ᠠ ᠶᠢ ᠳᠠᠳᠠᠬᠰᠠᠠ ᠰᠤᠨᠢᠨ ᠮᠡᠳᠡᠭᠡ ᠶᠢ ᠰᠤᠷᠪᠤᠯᠵᠢᠯᠠᠠ ᠪᠢᠴᠢᠵᠤ ᠮᠡᠳᠡᠭᠡᠯᠡᠭᠰᠡᠭᠡᠷ ᠢᠷᠡᠭᠰᠡᠠ ᠪᠢᠯᠠ᠃    ︽ᠰᠤᠷᠪᠤᠯᠵᠢᠯᠠᠭᠴᠢ ᠪᠣᠯ ᠴᠠᠭ ᠦᠶ᠎ᠡ ᠶᠢᠨ ᠰᠢᠳᠤᠷᠭᠤ ᠲᠡᠮᠳᠡᠭᠯᠡᠭᠴᠢ᠃ ᠲᠤᠷ᠎ᠠ ᠶᠢᠨ ᠨᠢᠭᠡ ᠮᠡᠳᠡᠭᠡᠯᠡᠯ᠂ ᠨᠢᠭᠡ ᠵᠢᠷᠤᠭ ᠰᠡᠭᠦᠳᠡᠷ ᠴᠤ ᠤᠯᠠᠨ ᠤ ᠠᠩᠬᠠᠷᠤᠯ ᠳᠤ ᠬᠦᠷᠴᠦ᠂ ᠴᠢᠬᠤᠯᠡ ᠶᠡᠭᠡ ᠨᠦᠯᠦᠭᠡ ᠲᠤᠰᠬᠠᠯ ᠢ ᠠᠪᠴᠢᠷᠠᠬᠤ ᠪᠤᠯᠤᠮᠵᠢ ᠲᠠᠢ᠃ ᠲᠠᠶᠢᠮᠤ ᠶᠢᠨ ᠤᠴᠢᠷ᠂ ᠰᠤᠷᠪᠤᠯᠵᠢᠯᠠᠭᠴᠢ ᠪᠤᠯᠤᠭᠰᠠᠨ ᠤ ᠬᠤᠪᠢ ᠳᠤ ᠨᠠᠮ ᠪᠠ ᠠᠷᠠᠳ ᠲᠦᠮᠡᠨ ᠎ ᠤ ᠢᠳᠡᠭᠡᠯ ᠢ ᠲᠠᠭᠠᠭᠠᠭᠰᠠᠨ ᠰᠤᠨᠢᠨ ᠮᠡᠳᠡᠭᠡᠨ ᠤ ᠠᠵᠢᠯᠳᠠᠨ ᠪᠤᠯᠵᠦ᠂ ᠬᠡᠵᠢᠶᠡᠳᠡ ᠤᠷᠬᠢᠯᠦᠮ᠎ᠡ ᠬᠠᠯᠠᠭᠤᠨ ᠰᠡᠳᠬᠢᠯ ᠎ ᠢᠶᠠᠷ ᠠᠵᠢᠯᠯᠠᠵᠦ᠂ ᠠᠯᠠᠱᠠ ᠨᠤᠲᠤᠭ ᠤᠨ ᠢᠶᠠᠨ ᠠᠵᠦ ᠠᠬᠤᠢ ᠨᠡᠶᠢᠭᠡᠮ ᠤᠨ ᠬᠦᠭᠵᠢᠯᠲᠠ ᠶᠢ ᠲᠡᠮᠳᠡᠭᠯᠡᠵᠦ ᠶᠠᠪᠤᠨ᠎ᠡ︾ ᠭᠡᠵᠦ ᠰᠤᠷᠪᠤᠯᠵᠢᠯᠠᠭᠴᠢ ᠰᠡᠴᠡᠨ ᠡᠨᠡᠬᠦ ᠡᠭᠡᠯ ᠠᠳᠠᠯ᠎ᠠ ᠶᠡᠷᠤ ᠪᠤᠰᠤ ᠶᠢᠨ ᠠᠵᠢᠯ ᠳᠠᠭᠠᠨ ᠬᠠᠶᠢᠷ᠎ᠠ ᠪᠠᠬ᠎ᠠ ᠲᠠᠢ ᠪᠠᠶᠢᠭ᠎ᠠ ᠪᠠᠨ ᠢᠯᠡᠳᠭᠡᠨ᠎ᠠ᠃     ᠡᠨᠡ ᠵᠢᠯ 34᠎ ᠲᠠᠢ ᠰᠡᠴᠡᠨ ᠠᠯᠠᠱᠠ ᠶᠢᠨ ᠡᠳᠤᠷ ᠤᠨ ᠰᠤᠨᠢᠨ ᠤ ᠬᠤᠷᠢᠶ᠎ᠠ ᠳᠤ ᠠᠵᠢᠯ ᠤᠨ ᠭᠠᠷᠤᠭ᠎ᠠ ᠪᠠᠨ ᠠᠪᠤᠭᠠᠳ ᠵᠢᠷᠭᠤᠭᠠᠠ ᠵᠢᠯ ᠪᠤᠯᠵᠤ ᠪᠠᠶᠢᠨ᠎ᠠ᠃ ᠲᠡᠷᠡ 2015 ᠣᠨ ᠤ 4 ᠰᠠᠷ᠎ᠠ ᠳᠤ ᠠᠵᠢᠯ ᠳᠤ ᠤᠷᠤᠭᠰᠠᠨ ᠎ ᠠᠴᠠ ᠠᠪᠤᠭᠠᠳ᠂ ᠤᠷᠢᠳ ᠬᠤᠵᠢᠳ ᠠᠯᠠᠱᠠ ᠶᠢᠨ ᠡᠳᠤᠷ ᠤᠨ ᠰᠤᠨᠢᠨ ᠤ ᠬᠤᠷᠢᠶᠠᠨ ᠤ ᠮᠤᠩᠭᠤᠯ ᠰᠤᠨᠢᠨ ᠮᠡᠳᠡᠭᠡᠨ ᠤ ᠬᠡᠯᠳᠡᠰ ᠤᠨ ᠰᠤᠷᠪᠤᠯᠵᠢᠯᠠᠭᠴᠢ᠂ ᠰᠢᠨ᠎ᠡ ᠵᠠᠭᠤᠴᠢᠯᠠᠭᠤᠷ ᠤᠨ ᠨᠠᠶᠢᠷᠠᠭᠤᠯᠤᠭᠴᠢ ᠵᠡᠷᠭᠡ ᠠᠵᠢᠯ ᠢ ᠬᠠᠷᠢᠭᠤᠴᠠᠵᠦ᠂ ᠰᠠᠶ᠋ᠢ ᠠᠵᠢᠯ ᠳᠤ ᠤᠷᠤᠭᠰᠠᠨ ᠲᠤᠷᠰᠢᠯᠭ᠎ᠠ ᠲᠤᠳᠠᠮᠠᠭ ᠰᠢᠨ᠎ᠡ ᠠᠵᠢᠯᠳᠠᠨ ᠠᠴᠠ ᠦᠳᠳᠡᠷ ᠲᠦᠷᠭᠡᠨ ᠎ ᠢᠶᠠᠷ ᠤᠯᠠᠨ ᠳᠤ ᠮᠡᠷᠭᠡᠵᠢᠭᠰᠡᠨ᠂ ᠪᠡᠶ᠎ᠡ ᠪᠠᠨ ᠳᠠᠭᠠᠭᠠᠬᠰᠠᠠ ᠰᠢᠯᠢᠳᠡᠭ ᠰᠤᠨᠢᠨ ᠮᠡᠳᠡᠭᠡᠨ ᠤ ᠠᠵᠢᠯᠳᠠᠨ ᠪᠤᠯᠤᠭᠰᠠᠨ ᠪᠠᠶᠢᠯ᠎ᠠ᠃    ᠬᠦᠳᠡᠭᠡ ᠦᠰᠴᠦ ᠲᠤᠷᠨᠢᠭᠰᠠᠨ ᠰᠡᠴᠡᠨ ᠪᠠᠭ᠎ᠠ ᠠᠴᠠ ᠪᠠᠨ ᠮᠠᠯᠵᠢᠬᠤ ᠲᠠᠷᠢᠶᠠᠯᠠᠬᠤ ᠠᠮᠢᠳᠤᠷᠠᠯ ᠳᠤ ᠶᠡᠬᠡᠬᠡᠨ ᠤᠶᠢᠯᠠᠭᠠᠯᠲᠠ ᠲᠠᠢ ᠪᠠᠶᠢᠵᠦ᠂ ᠦᠨᠳᠦᠰᠦᠳᠡᠨ ᠤ ᠰᠤᠶᠤᠯ ᠢᠷᠭᠡᠨᠰᠢᠯ ᠳᠤ ᠬᠦᠨ ᠵᠤᠵᠠᠭᠠᠨ ᠬᠠᠶᠢᠷ᠎ᠠ ᠰᠡᠳᠬᠢᠯᠭᠡ ᠎ ᠲᠠᠢ᠃ ᠰᠤᠷᠪᠤᠯᠵᠢᠯᠠᠬᠤ ᠠᠵᠢᠯ ᠳᠤᠮᠳᠠ ᠪᠠᠨ ᠳᠠᠷᠠ ᠬᠦᠳᠡᠭᠡ ᠪᠠᠭᠤᠵᠤ ᠮᠠᠯᠴᠢᠠ ᠳᠠᠷᠢᠶᠠᠴᠢᠳ ᠤᠨ ᠠᠵᠢᠯ ᠠᠮᠢᠳᠤᠷᠠᠯ ᠢ ᠰᠤᠷᠪᠤᠯᠵᠢᠯᠠᠠ ᠳᠡᠮᠳᠡᠭᠯᠠᠵᠤ᠂ ᠬᠦᠳᠡᠭᠡ ᠳᠤᠰᠬᠤᠠ ᠮᠠᠯᠵᠢᠬᠤ ᠤᠷᠤᠠ ᠳᠤ ᠯᠠ ᠪᠠᠶᠢᠳᠠᠭ ᠳᠠᠶᠢᠮᠦᠷᠬᠦ ᠮᠠᠯ ᠬᠤᠷᠤᠭ᠎ᠠ ᠶᠢᠨ ᠦᠨᠤᠷ ᠲᠠᠢ᠂ ᠠᠮᠢᠳᠤ ᠠᠭᠠᠷ ᠠᠮᠢᠰᠬᠤᠯ ᠠᠮᠳᠠᠬᠳᠠᠬᠰᠠᠠ ᠪᠦᠳᠦᠭᠡᠯ ᠭᠠᠷᠭᠠᠬᠤ ᠭᠡᠵᠤ ᠴᠢᠷᠮᠠᠶᠢᠵᠤ ᠶᠠᠪᠤᠳᠠᠭ᠃ 2016 ᠣᠨ ᠤ ᠬᠠᠪᠤᠷ ᠪᠢᠯᠠ᠃ ᠰᠡᠴᠡᠨ ᠬᠠᠮᠳᠤ ᠠᠵᠢᠯᠳᠠᠳ ᠲᠠᠢ ᠪᠠᠨ ᠮᠠᠯᠴᠢᠠ ᠤ ᠤᠳᠤᠷ ᠤᠨ ᠠᠮᠢᠳᠤᠷᠠᠯ ᠢ ᠰᠤᠷᠪᠤᠯᠵᠢᠯᠠᠵᠤ ᠰᠢᠩᠭᠡᠭᠡᠬᠦ ᠪᠠᠷ ᠪᠤᠯᠵᠠᠢ᠃ ᠢᠩᠭᠢᠬᠡᠳ ᠤᠳᠤᠷᠯᠠᠵᠤ ᠪᠠᠶᠢᠭ᠎ᠠ ᠮᠠᠯᠴᠢᠠ ᠢ ᠳᠠᠭᠠᠵᠤ᠂ ᠮᠠᠯ ᠢ ᠨᠢ ᠬᠠᠮᠵᠢᠠ ᠳᠠᠭᠤᠬᠤ ᠶᠢᠨ ᠳᠠᠭᠠᠤ ᠰᠡᠭᠦᠳᠡᠷᠯᠡᠭᠡ ᠰᠢᠩᠭᠡᠭᠡᠯᠳᠠ ᠬᠢᠵᠤ᠂ ᠶᠡᠭᠡ ᠡᠯᠡᠰᠤᠠ ᠳᠤ ᠳᠦᠷᠪᠠᠠ ᠡᠳᠤᠷ ᠭᠡᠳᠤᠠ ᠵᠠᠭᠤᠠ ᠤ ᠭᠠᠵᠠᠷ ᠠᠶᠠᠯᠠᠵᠤ᠂ ᠬᠠᠪᠤᠷ ᠴᠠᠭ  ᠮᠠᠯᠴᠢᠠ ᠠᠶᠢᠯ ᠤᠨ ᠤᠳᠤᠷ ᠤᠨ ᠠᠮᠢᠳᠤᠷᠠᠯ ᠢᠶᠠᠷ ᠰᠠᠳᠤᠪ ᠪᠤᠯᠭᠠᠬᠰᠠᠠ ᠪᠠᠷᠢᠮᠳᠠᠳᠤ ᠺᠢᠨᠤ᠋ ︽ᠤᠳᠤᠷ︾᠎ ᠢ ᠠᠮᠵᠢᠯᠲᠠ ᠲᠠᠢ ᠰᠡᠭᠦᠳᠠᠷᠯᠠᠠ ᠰᠢᠩᠭᠡᠭᠡᠭᠰᠡᠠ ᠪᠠᠶᠢᠨ᠎ᠠ᠃ ᠳᠤᠰ ᠪᠦᠳᠦᠭᠡᠯ ᠨᠢ ᠬᠤᠷᠢ ᠶᠢᠰᠦᠳᠦᠭᠡᠷ ᠬᠤᠭᠤᠴᠠᠭᠠᠨ ᠤ ᠪᠦᠬᠦ ᠤᠯᠤᠰ ᠤᠨ ᠮᠤᠩᠭᠤᠯ ᠰᠤᠨᠢᠨ ᠰᠠᠳᠬᠦᠯ ᠤᠨ ᠰᠤᠨᠢᠨ ᠮᠡᠳᠡᠭᠡᠨ ᠤ ᠨᠢᠭᠡᠳᠦᠭᠡᠷ ᠲᠠᠰ ᠤᠨ ᠱᠠᠩᠨᠠᠯ ᠢ ᠲᠤᠰᠤᠭᠰᠠᠨ ᠪᠠᠶᠢᠨ᠎ᠠ᠃ ᠡᠨᠡ ᠤᠳᠠᠭᠠᠨ ᠤ ᠰᠤᠷᠪᠤᠯᠵᠢᠯᠠᠭ᠎ᠠ ᠨᠢ ᠲᠡᠬᠦᠨ ᠳᠤ ᠰᠤᠨᠢᠨ ᠮᠡᠳᠡᠭᠡᠨ ᠤ ᠠᠵᠢᠯ ᠤᠨ ᠬᠦᠴᠢᠷ ᠪᠡᠷᠬᠡᠰᠢᠶᠠᠯ ᠢ ᠳᠠᠨᠢᠭᠤᠯᠵᠤ ᠂ ᠰᠤᠨᠢᠨ ᠮᠡᠳᠡᠭᠡᠨ ᠤ ᠠᠵᠢᠯᠳᠠᠠ ᠪᠤᠯᠤᠬᠰᠠᠳ ᠡᠷᠭᠡᠪᠰᠢ ᠬᠠᠷᠠᠮ ᠦᠬᠡᠢ ᠵᠤᠷᠢᠭᠤᠯᠬᠤ ᠵᠣᠷᠢᠭ ᠰᠠᠨᠠᠭ᠎ᠠ ᠲᠠᠢ ᠪᠠᠶᠢᠪᠠᠯ ᠰᠠᠶ᠋ᠢ ᠤᠩᠰᠢᠬᠴᠢ ᠤᠯᠠᠠ ᠳᠤ ᠳᠠᠭᠠᠰᠢᠶᠠᠬᠳᠠᠬᠤ ᠰᠠᠶᠢᠠ ᠪᠦᠳᠦᠭᠡᠯ ᠢ ᠭᠠᠷᠭᠠᠵᠤ ᠴᠢᠳᠠᠨ᠎ᠠ ᠭᠡᠳᠡᠭ ᠢ ᠤᠶᠢᠯᠠᠭᠠᠬᠰᠠᠠ ᠪᠠᠶᠢᠨ᠎ᠠ᠃ ᠡᠬᠦᠠ ᠠᠴᠠ ᠬᠤᠶᠢᠰᠢ ᠳᠠᠷᠠ ᠮᠠᠯᠴᠢᠠ ᠳᠦᠮᠠᠠ ᠲᠠᠢ ᠤᠶᠢᠷᠠᠳᠴᠤ ᠳᠠᠨᠢᠯᠴᠠᠠ ᠶᠠᠪᠤᠯᠴᠠᠬᠤ ᠳᠤᠮᠳᠠ ᠠᠮᠢᠳᠤ ᠰᠤᠷᠭᠤᠭ ᠰᠤᠨᠢᠨ ᠮᠡᠳᠡᠭᠡᠠ ᠤ ᠰᠦᠪᠡᠭᠴᠢ ᠤᠯᠵᠤ᠂ ᠤᠯᠠᠠ ᠳᠦᠮᠠᠠ ᠤ ᠳᠤᠮᠳᠠ ᠬᠦᠨᠵᠡᠬᠡᠶᠢᠷᠡᠠ ᠰᠤᠷᠪᠤᠯᠵᠢᠯᠠᠭ᠎ᠠ ᠬᠢᠬᠦ ᠳᠤᠮᠳᠠ ᠦᠪᠠᠷ ᠢ ᠪᠠᠨ ᠳᠠᠪᠳᠠᠠ ᠪᠤᠯᠪᠠᠰᠤᠷᠠᠭᠤᠯᠬᠤ ᠶᠢᠨ ᠬᠠᠮᠳᠤ ᠤᠯᠠᠠ ᠰᠠᠶᠢᠠ ᠳᠤᠷᠪᠢᠯᠢᠭ ᠪᠦᠳᠦᠭᠡᠯ ᠭᠠᠷᠭᠠᠵᠤ ᠶᠠᠪᠤᠵᠠᠢ᠃ ᠡᠭᠡᠯ ᠠᠷᠠᠳ ᠤᠨ ᠦᠯᠢᠬᠡᠷ ᠤᠴᠢᠷ ᠢ ᠪᠢᠴᠢᠬᠦ ᠪᠠᠷ ᠭᠤᠤᠯ ᠪᠤᠯᠭᠠᠳᠠᠭ ᠠᠴᠠ ᠦᠨᠳᠤᠰᠤᠠ ᠱᠠᠳᠤᠠ ᠤ ᠤᠯᠠᠠ ᠳᠦᠮᠠᠠ ᠳᠤ ᠳᠠᠨᠢᠭᠳᠠᠵᠤ᠂ ︽ᠦᠨᠳᠤᠰᠤᠠ ᠱᠠᠳᠤᠠ ᠤ ᠰᠤᠷᠪᠤᠯᠵᠢᠯᠠᠬᠴᠢ︾᠂ ︽ᠰᠠᠴᠠᠠ ᠠᠴᠠ ᠰᠠᠶᠢᠠ ᠡᠭᠡ ᠪᠢᠴᠢᠭ ᠭᠠᠷᠳᠠᠭ︾ ᠭᠡᠵᠤ ᠬᠠᠮᠳᠤ ᠠᠵᠢᠯᠯᠠᠬᠴᠢ ᠳᠠᠭᠠᠨ ᠮᠠᠬᠳᠠᠭᠳᠠᠠ᠂ ︽ᠵᠢᠩᠬᠢᠨᠢ ᠰᠢᠨ᠎ᠠ ᠵᠠᠭᠤᠴᠢᠯᠠᠭᠤᠷ ᠤᠨ ᠰᠠᠳᠬᠢᠬᠦᠢ ᠲᠠᠢ ᠰᠤᠷᠪᠤᠯᠵᠢᠯᠠᠬᠴᠢ︾ ᠭᠡᠵᠤ ᠤᠳᠤᠷᠢᠳᠤᠯᠭ᠎ᠠ ᠳᠠᠭᠠᠨ ᠦᠨᠡᠯᠡᠭᠳᠡᠭᠰᠡᠠ ᠪᠠᠶᠢᠨ᠎ᠠ᠃     ᠰᠢᠨ᠎ᠡ ᠵᠠᠭᠤᠴᠢᠯᠠᠭᠤᠷ ᠤᠨ ᠲᠠᠰᠤᠷᠠᠯᠲᠠ ᠦᠭᠡᠢ ᠰᠢᠨᠡᠴᠢᠯᠡᠵᠦ ᠬᠦᠭᠵᠢᠬᠦ ᠶᠢ ᠲᠠᠭᠠᠯᠳᠤᠨ᠂ ᠰᠡᠴᠡᠨ ᠦᠪᠡᠷ ᠎ ᠤᠨ ᠪᠡᠶ᠎ᠡ ᠳᠡᠭᠡᠨ ᠴᠢᠩᠭ᠎ᠠ ᠱᠠᠭᠠᠷᠳᠠᠯᠭ᠎ᠠ ᠲᠠᠯᠪᠢᠵᠦ᠂ ᠰᠤᠷᠪᠤᠯᠵᠢᠯᠠᠬᠤ᠂ ᠪᠢᠴᠢᠬᠦ᠂ ᠰᠡᠬᠦᠳᠡᠷᠯᠡᠬᠦ᠂ ᠵᠢᠷᠤᠭᠯᠠᠬᠤ᠂ ᠰᠢᠩᠭᠡᠭᠡᠬᠦ᠂ ᠤᠶᠢᠯᠡᠳᠬᠦ᠂ ᠬᠦᠳᠦᠯᠬᠦ᠂ ᠲᠦᠰᠦᠪᠯᠡᠬᠦ ᠵᠡᠷᠭᠡ ᠤᠯᠠᠨ ᠤᠷ᠎ᠡ ᠠᠪᠢᠶᠠᠰ ᠲᠠᠢ ᠰᠤᠷᠪᠤᠯᠵᠢᠯᠠᠭᠴᠢ ᠪᠤᠯᠵᠦ ᠶᠠᠪᠤᠨ᠎ᠡ᠃ ᠲᠡᠷᠡ ᠪᠠᠭᠠᠳᠤᠷᠴᠤᠳ ᠤᠨ ᠴᠤᠭᠯᠠᠭᠠᠨ᠂ ᠬᠠᠴᠢᠨ ᠴᠢᠯᠠᠭᠤᠨ ᠤ ᠨᠠᠶᠢᠷ᠂ ᠲᠡᠮᠡᠭᠡ ᠮᠠᠯᠵᠢᠯ ᠤᠨ ᠰᠤᠶᠤᠯ ᠎ ᠤᠨ ᠨᠠᠶᠢᠷ ᠵᠡᠷᠭᠡ ᠵᠢᠯ ᠪᠦᠷᠢ ᠶᠠᠪᠤᠭᠳᠠᠳᠠᠭ ᠨᠠᠶᠢᠷ ᠴᠤᠭᠯᠠᠭᠠᠠ ᠢᠶᠠᠷ ᠰᠤᠷᠪᠤᠯᠵᠢᠯᠠᠠ ᠶᠠᠪᠤᠳᠠᠭ᠃ ᠮᠦᠨᠴᠦ ᠰᠤᠷᠪᠤᠯᠵᠢᠯᠠᠬᠤ ᠠᠴᠠ ᠠᠪᠤᠭᠠᠳ ᠨᠠᠶᠢᠷᠠᠭᠤᠯᠤᠨ ᠣᠶᠢᠯᠡᠳᠬᠦ ᠶᠠᠪᠤᠴᠠ ᠳᠤ ᠪᠦᠷ ᠤᠷᠤᠯᠴᠠᠳᠠᠭ᠃ ᠰᠡᠴᠡᠨ ᠮᠤᠩᠭᠤᠯ ᠬᠠᠮ ᠵᠠᠭᠤᠴᠢᠯᠠᠭᠤᠷ ᠤᠨ ᠬᠦᠳᠦᠯᠦᠭᠴᠢ ᠪᠠᠷ ᠤᠯᠠᠨ ᠤᠳᠠᠭ᠎ᠠ ᠠᠵᠢᠯᠯᠠᠵᠦ᠂ ᠤᠷᠢᠳ ᠬᠤᠵᠢᠳ ᠵᠠᠨᠳᠠᠷᠠᠢ᠂ ᠮ᠊·ᠼᠡᠳᠡᠨᠪᠠᠯ᠂ ᠡ᠊·ᠪᠤᠯᠤᠳ᠂ ᠪᠤᠶᠠᠨᠪᠠᠲᠤ᠂ ᠡᠩᠬᠡᠬᠠᠳᠠ ᠵᠡᠷᠭᠡ ᠮᠠᠨ ᠤ ᠠᠶᠢᠮᠠᠭ ᠤᠨ ᠰᠤᠶᠤᠯ ᠤᠷᠠᠯᠢᠭ ᠤᠨ ᠴᠤᠤᠳᠤ ᠬᠦᠮᠦᠰ ᠲᠠᠢ ᠶᠠᠷᠢᠯᠴᠠᠯᠭ᠎ᠠ ᠰᠤᠷᠪᠤᠯᠵᠢᠯᠠᠭ᠎ᠠ ᠦᠷᠨᠢᠬᠦᠯᠵᠦ᠂ ᠦᠨᠳᠦᠰᠦᠳᠡᠨ ᠤ ᠰᠤᠶᠤᠯ ᠤᠷᠠᠯᠢᠭ ᠤᠨ ᠤᠯᠠᠮᠵᠢᠯᠠᠯ ᠪᠠ ᠦᠨᠳᠦᠰᠦᠳᠡᠨ ᠤ ᠪᠦᠯᠬᠦᠮᠳᠠᠯ ᠲᠠᠪᠰᠢᠯᠲᠡ ᠳᠤ ᠲᠦᠯᠬᠢᠴᠡ ᠬᠦᠴᠦᠨ ᠦᠵᠡᠭᠦᠯᠦᠭᠰᠡᠨ ᠪᠠᠶᠢᠨ᠎ᠠ᠃        ᠰᠤᠷᠪᠤᠯᠵᠢᠯᠠᠭᠴᠢ ᠵᠦᠪᠬᠡᠨ ᠰᠤᠨᠢᠨ ᠮᠡᠳᠡᠭᠡ ᠶᠢ ᠲᠠᠮᠳᠡᠭᠯᠡᠨ ᠮᠡᠳᠡᠭᠡᠯᠡᠬᠦ ᠲᠡᠳᠤᠢ ᠪᠢᠰᠢ᠂ ᠬᠠᠷᠢᠨ ᠨᠡᠶᠢᠭᠡᠮ ᠨᠡᠶᠢᠲᠡ ᠳᠤ ᠵᠦᠪ ᠰᠤᠷᠳᠠᠯ᠂ ᠵᠦᠪ ᠡᠨᠧᠷᠬᠢ ᠶᠢ ᠲᠠᠮᠵᠢᠭᠤᠯᠬᠤ ᠶᠤᠰᠤᠲᠠᠢ᠃ 2020 ᠣᠨ ᠤ 6 ᠰᠠᠷ᠎ᠠ ᠳᠤ ᠠᠯᠠᠱᠠ ᠵᠡᠬᠦᠨ ᠬᠤᠰᠢᠭᠤᠨ ᠤ ᠦᠯᠵᠠᠢ ᠰᠤᠮᠤᠨ ᠤ ᠨᠢᠭᠡᠨ ᠮᠠᠯᠴᠢᠨ ᠠᠶᠢᠯ ᠤᠨ ᠭᠡᠷ ᠪᠠᠶᠢᠰᠢᠩ᠂ ᠬᠠᠰᠢᠶ᠎ᠡ ᠬᠤᠷᠤᠭ᠎ᠠ ᠵᠡᠷᠭᠡ ᠨᠢ ᠪᠦᠷ ᠶᠡᠭᠡ ᠭᠠᠯ ᠳᠤ ᠲᠦᠯᠡᠭᠳᠡᠵᠦ᠂ ᠭᠦᠨᠲᠤ ᠭᠠᠮᠰᠢᠭ ᠲᠤ ᠠᠪᠳᠠᠭᠳᠠᠬᠤ ᠦᠶ᠎ᠡ ᠳᠤ ᠰᠡᠴᠡᠨ ᠡᠳᠡᠨᠡᠶᠢᠬᠢᠨ ᠲᠠᠢ ᠬᠠᠷᠢᠴᠠᠵᠦ᠂ ᠴᠠᠭ ᠳᠠᠷᠤᠢ ᠳᠤᠨᠢ ᠮᠡᠳᠡᠭᠡᠯᠡᠭᠰᠡᠨ ᠢᠶᠠᠷ ᠨᠡᠶᠢᠭᠡᠮ ᠲᠠᠶᠠᠭᠠᠷ ᠤᠨ ᠠᠩᠬᠠᠷᠤᠯ ᠳᠤ ᠬᠦᠷᠴᠦ᠂ ᠬᠠᠯᠠᠭᠤᠨ ᠰᠡᠳᠬᠢᠯᠲᠤ ᠬᠦᠮᠦᠰ ᠤᠨ ᠲᠡᠮᠵᠢᠯᠭᠡ ᠪᠠᠷ ᠭᠠᠯ ᠳᠤ ᠠᠪᠳᠠᠬᠰᠠᠠ ᠠᠶᠢᠯ ᠤᠨ ᠬᠢᠨ ᠲᠠᠬᠢᠨ ᠤᠷᠤᠨ ᠭᠡᠷ ᠢᠶᠠᠨ ᠪᠠᠶᠢᠭᠤᠯᠤᠨ ᠪᠤᠰᠬᠠᠵᠦ᠂ ᠰᠢᠨ᠎ᠡ ᠠᠮᠢᠳᠤᠷᠠᠯ ᠢᠶᠠᠨ  ᠡᠬᠢᠯᠡᠬᠦᠯᠦᠭᠰᠡᠨ ᠪᠠᠶᠢᠨ᠎ᠠ᠃ ᠰᠡᠴᠡᠨ ᠤ ᠡᠨᠡᠬᠦ ᠮᠡᠳᠡᠭᠡᠯᠡᠯ ᠨᠢ 404 ᠲᠦᠮᠡ ᠶᠢᠨ ᠲᠠᠷᠤᠮ ᠤᠨ ᠲᠤᠭ᠎ᠠ ᠲᠠᠢ ᠪᠤᠯᠵᠤ᠂ ᠨᠡᠶᠢᠭᠡᠮ ᠨᠡᠶᠢᠳᠡ ᠶᠢᠨ ᠬᠠᠯᠠᠭᠤᠨ ᠲᠤᠰᠬᠠᠯ ᠢ ᠤᠯᠤᠭᠰᠠᠨ ᠪᠠᠶᠢᠯ᠎ᠠ᠃ ᠲᠡᠷᠡᠴᠢᠯᠡᠨ ᠠᠶᠤᠯᠲᠤ ᠬᠢᠵᠢᠭ ᠲᠡᠯᠭᠡᠷᠡᠵᠦ ᠪᠠᠶᠢᠭᠰᠠᠨ ᠬᠤᠭᠤᠴᠠᠭᠠᠨ ᠳᠤ᠂ ᠰᠡᠴᠡᠨ ᠰᠤᠨᠢᠨ ᠮᠡᠳᠡᠭᠡᠨ ᠤ ᠠᠵᠢᠯ ᠤᠨ ᠨᠢᠬᠡᠳᠦᠬᠡᠷ ᠹᠷᠤᠨᠲ ᠲᠤ ᠭᠠᠪᠰᠢᠭᠠᠶᠢᠯᠠᠨ᠂ ᠮᠠᠰᠢ ᠤᠯᠠᠠ ᠮᠡᠳᠡᠭᠡ ᠵᠠᠩᠬᠢ᠂ ᠰᠠᠳᠬᠢᠯ ᠳᠤᠭᠳᠤᠯᠤᠭᠤᠯᠤᠮ᠎ᠠ ᠦᠯᠢᠬᠡᠷ ᠤᠴᠢᠷ ᠵᠡᠷᠭᠡ ᠶᠢ ᠰᠤᠷᠪᠤᠯᠵᠢᠯᠠᠠ ᠪᠢᠴᠢᠵᠤ᠂ ︽ᠲᠠᠶᠢᠨ︾᠎ ᠤ ᠲᠠᠯᠠᠪᠤᠷ ᠎ ᠲᠤ ᠰᠤᠷᠪᠤᠯᠵᠢᠯᠠᠭᠴᠢ ᠶᠢᠨ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠵᠤ ᠶᠠᠪᠤᠵᠠᠢ᠃ ᠲᠡᠷᠡ ᠰᠤᠷᠪᠤᠯᠵᠢᠯᠠᠭᠴᠢ ᠎ ᠶᠢᠨ ᠠᠵᠢᠯ ᠬᠢᠭᠰᠡᠨ ᠡᠨᠡᠬᠦ ᠵᠢᠷᠭᠤᠭᠠᠨ ᠵᠢᠯ ᠤᠨ ᠬᠤᠭᠤᠴᠠᠭᠠᠨ ᠳᠤ᠂ ᠤᠷᠢᠳ ᠬᠤᠵᠢᠳ ᠰᠤᠨᠢᠨ ᠤ ᠬᠤᠷᠢᠶᠠᠠ ᠤ ᠎ ᠪᠠᠨ ᠳᠠᠷᠢᠬᠦᠠ ᠤ ᠠᠵᠢᠯᠳᠠᠠ᠂ ᠦᠪᠡᠷᠳᠡᠭᠡᠠ ᠵᠠᠰᠠᠬᠤ ᠤᠷᠤᠠ ᠤ ᠰᠠᠶᠢᠠ ᠰᠤᠨᠢᠨ ᠮᠡᠳᠡᠭᠡᠨ ᠤ ᠱᠠᠩᠨᠠᠯ᠂ ᠪᠦᠬᠦ ᠤᠯᠤᠰ ᠤᠨ ᠮᠤᠩᠭᠤᠯ ᠰᠤᠨᠢᠨ ᠰᠡᠳᠬᠦᠯ ᠤᠨ ᠰᠤᠨᠢᠨ ᠮᠡᠳᠡᠭᠡᠨ ᠤ ᠱᠠᠩᠨᠠᠯ ᠵᠡᠷᠭᠡ ᠬᠦᠬᠢᠬᠦᠯᠦᠯ ᠱᠠᠩᠨᠠᠯ ᠢ ᠳᠤᠰᠤᠬᠰᠠᠠ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号