ᠭᠠᠴᠢᠭᠳᠠᠭᠰᠠᠨ ᠮᠠᠯᠴᠢᠳ ᠲᠠᠭᠠᠨ ᠬᠠᠩᠭᠠᠭᠰᠠᠨ ᠬᠠᠯᠠᠭᠤᠨ ᠰᠡᠳᠬᠢᠯᠲᠦ ᠦᠢᠯᠡᠴᠢᠯᠡᠭᠡ
ᠨᠡᠶᠢᠲᠡᠯᠡᠭᠰᠡᠨ ᠴᠠᠭ᠄
2021/11/17
ᠬᠤᠶᠢᠳ ᠰᠡᠴᠡᠨ    ᠨᠠᠷᠠᠨ᠎ᠠ                                 ᠡᠪᠦᠯ ᠤᠨ ᠬᠦᠢᠳᠡᠨ ᠤ ᠦᠦᠷ ᠤᠨ ᠭᠡᠭᠡ ᠲᠠᠢ ᠤᠷᠤᠯᠳᠤᠨ ᠪᠣᠭᠤᠳᠠᠯ ᠪᠣᠭᠤᠳᠠᠯ ᠡᠪᠡᠰᠦ ᠶᠢ ᠠᠴᠢᠶᠠᠨ ᠤ ᠮᠠᠰᠢᠨ ᠳᠠᠭᠠᠨ ᠠᠴᠢᠶᠠᠯᠠᠵᠤ᠂ ᠬᠥᠳᠡᠭᠡ ᠶᠢᠨ ᠲᠣᠰᠣᠨ ᠵᠠᠮ᠂ ᠠᠭᠤᠯᠠᠨ ᠵᠠᠮ᠂ ᠰᠢᠷᠤᠢ ᠵᠠᠮ᠂ ᠮᠠᠩᠬᠠᠨ ᠵᠠᠮ ᠢᠶᠠᠷ ᠳᠠᠪᠬᠢᠭᠤᠯᠤᠨ ᠮᠠᠯᠴᠢᠳ ᠲᠤ ᠡᠪᠡᠰᠦ ᠲᠡᠭᠡᠭᠡᠪᠦᠷᠢᠯᠡᠨ ᠮᠣᠩᠭᠠᠨᠢᠨ ᠶᠠᠭᠠᠷᠠᠵᠤ ᠥᠳᠡᠰᠢ ᠶᠢᠨ ᠪᠦᠷᠦᠢ ᠪᠠᠷ ᠯᠡ ᠭᠡᠷ ᠲᠡᠭᠡᠨ ᠬᠠᠷᠢᠵᠤ ᠢᠷᠡᠳᠡᠭ ᠨᠢ ᠨᠠᠷᠠᠨᠪᠠᠲᠤ ᠶᠢᠨ ᠣᠷᠴᠢᠮ ᠤᠨ ᠠᠮᠢᠳᠤᠷᠠᠯ ᠤᠨ ᠬᠡᠪᠰᠢᠯ ᠪᠣᠯᠣᠭᠰᠠᠨ ᠶᠤᠮ᠃     ᠨᠠᠷᠠᠨᠪᠠᠲᠤ ᠪᠣᠯ ᠲᠡᠭᠷᠢ ᠡᠯᠡᠰᠦ ᠪᠠᠯᠭᠠᠰᠤᠨ ᠤ ᠴᠠᠯᠠᠭᠠᠷ ᠭᠠᠴᠠᠭᠠᠨ ᠤ ᠮᠠᠯᠴᠢᠨ᠃ ᠲᠡᠷᠡ ᠠᠷᠪᠠᠨ ᠰᠠᠷ᠎ᠠ ᠶᠢᠨ ᠡᠬᠢ ᠪᠠᠷ ᠮᠠᠯᠴᠢᠳ ᠲᠤ ᠡᠪᠡᠰᠦ ᠲᠡᠭᠡᠭᠡᠪᠦᠷᠢᠯᠡᠬᠦ ᠠᠵᠢᠯ ᠢᠶᠠᠨ ᠡᠬᠢᠯᠡᠭᠦᠯᠦᠨ ᠶᠠᠭᠠᠷᠠᠵᠤ ᠪᠠᠶᠢᠳᠠᠯ᠎ᠠ ᠠᠯᠠᠱᠠ ᠠᠶᠢᠮᠠᠭ ᠲᠤ ᠬᠢᠵᠢᠭ ᠢ ᠰᠡᠷᠭᠡᠶᠢᠯᠡᠨ ᠡᠵᠡᠮᠳᠡᠬᠦ ᠪᠠᠴᠢᠮ ᠪᠠᠶᠢᠳᠠᠯ ᠳᠤᠯᠭᠠᠷᠠᠪᠠ᠃ ᠵᠢᠯ ᠪᠦᠷᠢ ᠶᠢᠨ ᠠᠷᠪᠠᠨ ᠰᠠᠷ᠎ᠠ ᠨᠢ ᠠᠯᠠᠱᠠ ᠨᠤᠲᠤᠭ ᠤᠨ ᠮᠠᠯᠴᠢᠳ ᠤᠨ ᠡᠪᠡᠰᠦ ᠪᠣᠷᠳᠤᠭ᠎ᠠ ᠪᠠᠨ ᠪᠡᠯᠡᠳᠬᠡᠨ ᠶᠠᠭᠠᠷᠠᠳᠠᠭ ᠴᠠᠭ ᠦᠶ᠎ᠡ ᠪᠣᠯᠬᠤ ᠶᠤᠮᠰᠠᠨ᠃ ᠭᠡᠪᠡᠴᠦ ᠡᠨᠡ ᠵᠢᠯ ᠵᠣᠯ ᠪᠤᠰᠤ ᠪᠠᠷ ᠬᠢᠵᠢᠭ ᠤᠨ ᠭᠠᠮᠰᠢᠭ ᠪᠤᠯᠵᠤ ᠮᠠᠯᠴᠢᠳ ᠤᠨ ᠡᠪᠡᠰᠦ ᠪᠣᠷᠳᠤᠭ᠎ᠠ ᠪᠠᠨ ᠳᠡᠭᠡᠭᠡᠪᠦᠷᠢᠯᠡᠨ ᠠᠪᠬᠤ ᠪᠡᠯᠡᠳᠬᠡᠯ ᠠᠵᠢᠯ ᠳᠤ ᠨᠢ ᠰᠠᠭᠠᠳ ᠪᠣᠯᠵᠦ ᠭᠠᠴᠢᠭᠳᠠᠬᠤ ᠳᠤ ᠨᠠᠷᠠᠨᠪᠠᠲᠤ ᠥᠪᠡᠷ ᠤᠨ ᠢᠶᠠᠨ ᠵᠢᠷᠭᠤᠭᠠᠨ ᠬᠦᠷᠳᠦᠲᠦ ᠠᠴᠢᠶᠠᠨ ᠤ ᠮᠠᠰᠢᠨ ᠢᠶᠠᠷ ᠢᠶᠠᠨ ᠣᠶᠢᠷ᠎ᠠ ᠬᠠᠪᠢ ᠶᠢᠨ ᠰᠣᠮᠣ ᠪᠠᠯᠭᠠᠰᠤᠨ ᠤ ᠮᠠᠯᠴᠢᠳ ᠲᠤ ᠡᠪᠡᠰᠦ ᠶᠢ ᠨᠢ ᠳᠡᠭᠡᠭᠡᠪᠤᠷᠢᠯᠠᠠ ᠦᠭᠴᠤ ᠮᠠᠩᠨᠠᠢ ᠶᠢ ᠨᠢ ᠳᠠᠨᠢᠢᠯᠭᠡᠭᠰᠡᠠ ᠪᠠᠶᠢᠯ᠎ᠠ᠃     ︽ᠣᠳᠣ ᠮᠠᠯᠴᠢᠳ ᠤᠨ ᠡᠪᠡᠰᠦ ᠲᠠᠲᠠᠭᠤᠯᠬᠤ ᠵᠠᠬᠢᠶᠠᠯᠠᠭ᠎ᠠ ᠮᠠᠰᠢ ᠠᠷᠪᠢᠨ ᠪᠣᠯᠵᠤ᠂ ᠪᠢ ᠡᠪᠡᠰᠦ ᠶᠢ ᠨᠢ ᠲᠠᠳᠠᠵᠦ ᠠᠮᠵᠢᠬᠤ ᠦᠬᠡᠢ ᠪᠣᠯᠣᠭᠰᠠᠨ︾ ᠭᠡᠵᠦ ᠨᠠᠷᠠᠨᠪᠠᠲᠤ ᠡᠪᠡᠰᠦ ᠳᠡᠭᠡᠭᠡᠪᠦᠷᠢᠯᠡᠭᠦ ᠠᠵᠢᠯ ᠳᠠᠭᠠᠨ ᠮᠠᠰᠢ ᠶᠠᠭᠠᠷᠠᠯᠲᠠᠢ ᠪᠠᠶᠢᠭ᠎ᠠ ᠪᠠᠨ ᠶᠠᠷᠢᠨ᠎ᠠ᠃ ᠲᠡᠷᠡ ᠪᠤᠰᠤᠳ ᠵᠢᠯ ᠨᠢᠭᠡ ᠳᠡᠷᠭᠡ ᠡᠪᠡᠰᠦᠨ ᠠᠴᠠ ᠮᠢᠩᠭ᠎ᠠ ᠭᠠᠷᠤᠢ ᠲᠥᠭᠦᠷᠢᠭ ᠤᠨ ᠴᠡᠪᠡᠷ ᠣᠷᠣᠯᠭ᠎ᠠ ᠣᠯᠳᠠᠭ ᠪᠠᠶᠢᠭᠰᠠᠨ ᠭᠡᠨ᠎ᠡ᠃ ᠡᠨᠡ ᠵᠢᠯ ᠭᠠᠩ ᠬᠠᠭᠰᠠᠷᠠᠭᠠᠨ ᠪᠠ ᠬᠢᠵᠢᠭ ᠤᠨ ᠨᠥᠯᠥᠭᠡ ᠠᠴᠠ ᠮᠠᠯᠴᠢᠳ ᠤᠨ ᠣᠷᠣᠯᠭ᠎ᠠ ᠨᠢ ᠨᠥᠯᠥᠭᠡᠯᠡᠭᠳᠡᠭᠰᠡᠨ  ᠪᠠᠶᠢᠳᠠᠯ ᠢ ᠦᠵᠡᠭᠡᠳ ᠬᠢᠮᠳᠠ ᠦᠨ᠎ᠡ ᠪᠠᠷ ᠡᠪᠡᠰᠦ ᠶᠢ ᠨᠢ ᠲᠡᠭᠡᠭᠡᠪᠦᠷᠢᠯᠡᠵᠦ᠂ ᠨᠢᠭᠡ ᠳᠡᠷᠭᠡ ᠡᠪᠡᠰᠦᠨ ᠠᠴᠠ ᠳᠣᠯᠤᠭ᠎ᠠ ᠵᠠᠭᠤ ᠭᠠᠷᠤᠢ ᠲᠥᠭᠦᠷᠢᠭ ᠤᠨ ᠴᠡᠪᠡᠷ ᠣᠷᠣᠯᠭ᠎ᠠ ᠣᠯᠲᠠᠭ ᠪᠣᠯᠵᠡᠢ᠃     ︽10 ᠰᠠᠷ᠎ᠠ ᠶᠢᠨ 4᠎ ᠤ ᠡᠳᠤᠷ ᠪᠢ ᠨᠠᠷᠠᠨᠪᠠᠲᠤ ᠪᠠᠷ ᠡᠪᠡᠰᠦ ᠪᠠᠨ ᠲᠠᠲᠠᠭᠤᠯᠤᠭᠰᠠᠨ ᠶᠤᠮ᠂ ᠡᠨᠡ ᠵᠢᠯ ᠭᠠᠩ ᠎ ᠲᠠᠢ ᠠᠴᠠ ᠢᠯᠡᠭᠦᠦ ᠡᠪᠡᠰᠦ ᠪᠣᠷᠳᠤᠭ᠎ᠠ ᠠᠪᠴᠦ ᠪᠡᠯᠡᠳᠬᠡᠨ ᠮᠠᠯ ᠢᠶᠠᠨ ᠲᠡᠵᠢᠭᠡᠬᠦ ᠴᠢᠬᠤᠯᠠᠲᠠᠢ ᠪᠣᠯᠬᠤᠷ ᠭᠡᠰᠡᠭ ᠡᠪᠡᠰᠦ ᠲᠠᠲᠠᠬᠤ ᠬᠦᠮᠦᠨ ᠡᠷᠢᠭᠰᠡᠨ ᠪᠣᠯᠪᠠᠴᠤ ᠪᠦᠷ ᠦᠨ᠎ᠡ ᠦᠨᠳᠦᠷ ᠪᠠᠶᠢᠬᠤ ᠪᠠᠷ ᠨᠢ ᠲᠠᠲᠠᠭᠤᠯᠤᠭᠰᠠᠨ ᠦᠬᠡᠢ᠃ ᠲᠡᠭᠡᠭᠡᠳ ᠠᠵᠠ ᠪᠠᠷ ᠪᠤᠰᠤᠳ ᠤᠨ ᠲᠠᠨᠢᠯᠴᠠᠭᠤᠯᠭ᠎ᠠ ᠪᠠᠷ ᠲᠠᠮᠵᠢᠨ ᠨᠠᠷᠠᠨᠪᠠᠲᠤ ᠲᠠᠢ ᠬᠠᠷᠢᠴᠠᠪᠠᠯ᠂ ᠬᠠᠷᠢᠨ ᠨᠠᠳᠠ ᠳᠤ ᠬᠢᠮᠲᠡ ᠦᠨ᠎ᠡ ᠪᠠᠷ ᠨᠢᠭᠡ ᠳᠡᠷᠭᠡ ᠡᠪᠡᠰᠦ ᠲᠠᠲᠠᠵᠤ ᠥᠭᠭᠦᠭᠰᠡᠨ ᠰᠢᠤ︾ ᠭᠡᠵᠦ ᠠᠯᠠᠱᠠ ᠵᠡᠬᠦᠨ ᠬᠤᠰᠢᠭᠤᠨ ᠤ ᠴᠣᠭᠳᠣᠬᠦ᠋ᠷᠢᠶ᠎ᠡ ᠰᠣᠮᠣᠨ ᠤ ᠮᠠᠯᠴᠢᠨ ᠢᠳᠡᠷᠲᠤ  ᠶᠠᠷᠢᠨ᠎ᠠ᠃ ︽ᠳᠡᠮ ᠳᠡᠮ ᠳᠡᠭᠡᠨ᠂ ᠳᠡᠭᠡᠰᠦ ᠡᠷᠴᠢᠮ ᠳᠡᠭᠡᠨ︾ ᠭᠡᠳᠡᠭ ᠢᠶᠠᠷ ᠬᠢᠵᠢᠭ ᠤᠨ ᠨᠥᠯᠥᠭᠡ ᠠᠴᠠ ᠮᠠᠯᠴᠢᠳ ᠭᠠᠳᠠᠨ᠎ᠠ ᠣᠷᠣᠨ ᠠᠴᠠ ᠡᠪᠡᠰᠦ ᠪᠠᠨ ᠲᠠᠲᠠᠨ ᠬᠤᠷᠢᠶᠠᠵᠤ ᠴᠢᠳᠠᠬᠤ ᠦᠬᠡᠢ ᠭᠡᠷ ᠲᠡᠭᠡᠨ ᠭᠠᠴᠢᠭᠳᠠᠨ ᠵᠣᠪᠠᠵᠤ ᠪᠠᠶᠢᠭᠰᠠᠨ ᠦᠶ᠎ᠡ ᠳᠤ᠂ ᠨᠠᠷᠠᠨᠪᠠᠲᠤ ᠶᠢᠨ ᠬᠢᠮᠲᠡ ᠦᠨ᠎ᠡ ᠪᠠᠷ ᠰᠠᠶᠢᠨ ᠡᠪᠡᠰᠦ ᠲᠠᠲᠠᠵᠤ ᠥᠭᠬᠦᠭᠰᠡᠨ ᠦᠢᠯᠡ ᠨᠢ ᠶᠠᠭ ᠯᠡ ᠲᠠᠭᠠᠷᠠᠭᠰᠠᠨ ᠬᠦᠮᠦᠨ ᠳᠤ ᠳᠠᠬᠤ ᠬᠦᠷᠭᠡᠭᠰᠡᠨ ᠬᠡᠷᠡᠭ ᠪᠣᠯᠵᠤ᠂ ᠮᠠᠯᠴᠢᠳ ᠤᠨ ᠬᠠᠮᠤᠭ ᠠᠴᠠ ᠰᠠᠨᠠᠭᠠᠰᠢᠷᠠᠨ ᠵᠣᠪᠠᠵᠤ ᠪᠠᠶᠢᠭᠰᠠᠨ ᠠᠰᠠᠭᠤᠳᠠᠯ ᠢ ᠨᠢ ᠰᠢᠢᠳᠪᠤᠷᠢᠯᠠᠵᠤ᠂ ᠡᠬᠦᠠ ᠢᠶᠠᠷ ᠳᠠᠮᠵᠢᠠ ᠮᠠᠯᠴᠢᠠ ᠳᠦᠮᠠᠠ ᠤ ᠢᠲᠡᠭᠡᠯ ᠢ ᠣᠯᠵᠤ᠂ ᠡᠨᠡ ᠵᠢᠯ ᠤᠨ ᠵᠠᠬᠢᠶᠠᠯᠠᠭ᠎ᠠ ᠨᠢ ᠪᠤᠰᠤᠳ ᠵᠢᠯ ᠠᠴᠠ ᠲᠠᠬᠢᠨ ᠢᠶᠠᠷ ᠨᠡᠮᠡᠭᠳᠡᠭᠰᠡᠨ ᠪᠠᠶᠢᠨ᠎ᠠ᠃ ᠨᠠᠷᠠᠨᠪᠠᠲᠤ 2018 ᠤᠠ ᠠᠴᠠ ᠡᠬᠢᠯᠡᠨ ᠵᠢᠯ ᠪᠦᠷᠢ ᠮᠠᠯᠴᠢᠳ ᠲᠤ ᠵᠢᠷᠭᠠᠯᠰᠠᠶᠢᠬᠠᠨ ᠪᠠᠯᠭᠠᠰᠤᠨ ᠠᠴᠠ ᠡᠪᠡᠰᠦ ᠪᠣᠷᠳᠤᠭ᠎ᠠ ᠲᠠᠲᠠᠬᠤ᠂ ᠵᠠᠷᠢᠮ ᠰᠤᠮᠤ ᠪᠠᠯᠭᠠᠰᠤᠨ ᠤ ᠨᠣᠭᠤᠭᠠᠷᠠᠭᠤᠯᠤᠯᠲᠠ ᠶᠢᠨ ᠤᠰᠤ ᠲᠡᠭᠡᠭᠡᠪᠦᠷᠢᠯᠡᠬᠦ ᠠᠵᠢᠯ ᠵᠡᠷᠭᠡ ᠶᠢ ᠳᠠᠭᠠᠭᠠᠴᠢᠯᠠᠨ ᠬᠢᠵᠤ᠂ ᠵᠢᠯ ᠳᠡᠭᠡᠨ ᠳᠤᠯᠤᠭ᠎ᠠ ᠨᠠᠢᠮᠠᠨ ᠲᠦᠮᠡᠨ ᠲᠥᠭᠦᠷᠢᠭ ᠤᠨ ᠠᠰᠢᠭ ᠣᠷᠣᠯᠭ᠎ᠠ ᠣᠯᠳᠠᠭ ᠪᠠᠶᠢᠨ᠎ᠠ᠃ ᠨᠡᠩ ᠲᠡᠬᠦᠨ ᠤ ᠬᠥᠳᠡᠭᠡ ᠶᠢᠨ ᠰᠢᠷᠦᠢ ᠵᠠᠮ᠂ ᠮᠠᠩᠬᠠᠨ ᠵᠠᠮ ᠢᠶᠠᠷ ᠮᠠᠰᠢᠨ ᠵᠢᠯᠣᠭᠤᠳᠬᠤ ᠮᠡᠷᠭᠡᠵᠢᠯ ᠨᠢ ᠰᠠᠶᠢᠨ ᠪᠠᠶᠢᠳᠠᠭ ᠢᠶᠠᠷ ᠴᠣᠭᠳᠣᠬᠦ᠋ᠷᠢᠶ᠎ᠡ ᠰᠣᠮᠣᠨ ᠤ ᠵᠠᠭᠳᠤ ᠭᠠᠴᠠᠭ᠎ᠠ ᠮᠡᠲᠦ ᠵᠠᠮ ᠬᠠᠷᠢᠯᠴᠠᠭ᠎ᠠ ᠳᠥᠭᠦᠮ ᠦᠬᠡᠢ ᠮᠠᠯᠴᠢᠳ ᠲᠤ ᠡᠪᠡᠰᠦ ᠶᠢ ᠨᠢ ᠲᠡᠭᠡᠭᠡᠪᠦᠷᠢᠯᠡᠨ ᠲᠠᠳᠠᠵᠦ ᠲᠡᠳᠡᠨᠡᠷ ᠲᠤ ᠮᠠᠰᠢ ᠲᠥᠭᠦᠮ ᠦᠵᠡᠭᠦᠯᠳᠡᠭ ᠶᠤᠮ᠃ ᠲᠡᠷᠡ ᠡᠨᠡ ᠵᠢᠯ ᠤᠨ 10 ᠰᠠᠷ᠎ᠠ ᠶᠢᠨ ᠡᠬᠢᠨ ᠠᠴᠠ ᠣᠳᠣ ᠪᠣᠯᠳᠠᠯ᠎ᠠ᠂ ᠲᠡᠭᠷᠢ ᠡᠯᠡᠰᠦ ᠪᠠᠯᠭᠠᠰᠤ᠂ ᠴᠣᠭᠳᠣᠬᠦ᠋ᠷᠢᠶ᠎ᠡ ᠰᠤᠮᠤ᠂ ᠵᠢᠷᠭᠠᠯᠰᠠᠶᠢᠬᠠᠨ ᠪᠠᠯᠭᠠᠰᠤ᠂ ᠤᠨᠳᠤᠷᠤᠯᠲᠦ ᠪᠠᠯᠭᠠᠰᠤᠨ ᠤ ᠮᠠᠯᠴᠢᠳ ᠲᠤ 50 ᠣᠷᠴᠢᠮ ᠲᠡᠷᠭᠡ᠂ 17500 ᠭᠠᠷᠤᠢ ᠪᠣᠭᠤᠳᠠᠯ ᠡᠪᠡᠰᠦ ᠶᠢ ᠲᠡᠭᠡᠭᠡᠪᠦᠷᠢᠯᠡᠵᠦ᠂ ᠬᠠᠮᠤᠭ ᠬᠤᠯᠠ ᠳᠠᠭᠠᠨ 120 ᠭᠠᠷᠤᠢ ᠺᠢᠯᠣᠮᠧᠲᠷ ᠵᠠᠶᠢᠳᠠᠢ ᠮᠠᠯᠴᠢᠨ ᠤ ᠭᠡᠷ ᠲᠤ ᠨᠢ ᠬᠦᠷᠭᠡᠵᠡᠢ᠃ ᠨᠠᠷᠠᠨᠪᠠᠲᠤ ᠠᠵᠢᠯᠴᠢᠨ ᠲᠠᠢ ᠪᠠᠨ ᠬᠤᠶᠠᠭᠤᠯᠠ ᠡᠪᠡᠰᠦ ᠵᠠᠬᠢᠶᠠᠯᠠᠭᠰᠠᠨ ᠠᠶᠢᠯ ᠤᠨ ᠵᠠᠮ ᠤᠨ ᠬᠢᠨᠢ ᠬᠤᠯᠠ ᠣᠶᠢᠷ᠎ᠠ ᠶᠢᠨ ᠪᠠᠶᠢᠳᠠᠯ ᠢ ᠪᠣᠳᠣᠯᠬᠢᠯᠠᠨ ᠡᠳᠤᠷ ᠪᠦᠷᠢ 1— 2 ᠳᠡᠷᠭᠡ ᠡᠪᠡᠰᠦ ᠶᠢ ᠴᠠᠰᠤ ᠪᠣᠷᠣᠭᠠᠨ ᠢ ᠬᠠᠶᠢᠬᠤᠷᠤᠯ ᠦᠬᠡᠢ ᠠᠴᠢᠶᠠᠯᠠᠵᠤ ᠲᠡᠭᠡᠭᠡᠪᠦᠷᠢᠯᠡᠨ ᠬᠦᠷᠭᠡᠳᠡᠭ ᠪᠠᠶᠢᠨ᠎ᠠ᠃     ᠨᠠᠷᠠᠨᠪᠠᠲᠤ᠄ ︽ᠡᠨᠡ ᠵᠢᠯ ᠬᠢᠵᠢᠭ ᠤᠨ ᠨᠥᠯᠥᠭᠡ ᠪᠠ ᠮᠢᠨᠦ ᠡᠪᠡᠰᠦ ᠲᠠᠲᠠᠬᠤ ᠦᠨ᠎ᠡ ᠬᠢᠮᠲᠡ ᠪᠣᠯᠣᠭᠰᠠᠨ ᠠᠴᠠ ᠨᠠᠳᠠ ᠪᠠᠷ ᠡᠪᠡᠰᠦ ᠲᠠᠲᠠᠭᠤᠯᠬᠤ ᠬᠦᠮᠦᠨ ᠠᠷᠪᠢᠨ ᠪᠤᠯᠤᠬᠰᠠᠠ᠂ ᠡᠶᠢᠮᠦ ᠦᠶ᠎ᠡ ᠳᠤ ᠪᠢ ᠴᠦ ᠮᠠᠯᠴᠢᠳ ᠲᠠᠭᠠᠨ ᠦᠢᠯᠠᠴᠢᠯᠠᠵᠤ ᠴᠢᠳᠠᠬᠰᠠᠠ ᠳᠠᠭᠠᠨ ᠮᠠᠰᠢ ᠰᠡᠳᠬᠢᠯ ᠬᠠᠨᠣᠮᠵᠢᠳᠡᠢ ᠪᠠᠶᠢᠨ᠎ᠠ᠃ ᠮᠠᠯᠴᠢᠳ ᠤᠨ ᠡᠪᠠᠰᠤ ᠲᠠᠲᠠᠬᠤ ᠠᠵᠢᠯ ᠢ ᠰᠢᠢᠳᠪᠦᠷᠢᠯᠡᠬᠦ ᠶᠢᠨ ᠲᠥᠯᠥᠭᠡ᠂ ᠵᠠᠷᠢᠮ ᠰᠤᠮᠤ ᠪᠠᠯᠭᠠᠰᠤ᠂ ᠭᠠᠴᠠᠭᠠᠨ ᠠᠴᠠ ᠨᠠᠮᠠᠢᠢ ᠢᠳᠡᠭᠡᠨ ᠰᠠᠭᠠᠳ ᠦᠬᠡᠢ ᠨᠡᠪᠳᠡᠷᠡᠬᠦ ᠨᠥᠭᠦᠴᠡᠯ ᠢ ᠴᠦ ᠬᠠᠩᠭᠠᠵᠦ ᠥᠭᠭᠦᠭᠰᠡᠨ ᠰᠢᠤ᠃ ᠪᠢ ᠣᠳᠣ ᠪᠠᠰᠠ 7000 ᠪᠣᠭᠤᠳᠠᠯ ᠡᠪᠡᠰᠦᠨ ᠤ ᠵᠠᠬᠢᠶᠠᠯᠠᠭ᠎ᠠ ᠲᠠᠢ ᠪᠠᠶᠢᠨ᠎ᠠ︾ ᠭᠡᠮᠡᠨ ᠶᠠᠷᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号