ᠰᠢᠯᠦᠬᠡᠢ 
ᠨᠡᠶᠢᠲᠡᠯᠡᠭᠰᠡᠨ ᠴᠠᠭ᠄
2021/11/25
ᠮᠠᠯ ᠳᠤ ᠬᠠᠯᠳᠠᠪᠤᠷᠢᠯᠠᠳᠠᠭ ᠣᠨᠴᠠ ᠠᠶᠤᠯᠲᠠᠢ ᠭᠤᠴᠣ ᠬᠠᠯᠳᠠᠪᠤᠷᠢᠲᠤ ᠡᠪᠡᠳᠴᠢᠨ ᠃ ᠦᠬᠡᠷ ᠂ ᠭᠠᠭ᠋ᠠᠢ ᠂ ᠪᠣᠭ ᠮᠠᠯ ᠂ ᠲᠡᠮᠡᠭᠡ ᠂ ᠵᠡᠭᠡᠷ᠎ᠡ ᠵᠡᠷᠭᠡ ᠮᠠᠯ ᠠᠮᠢᠲᠠᠳ ᠡᠪᠡᠳᠴᠢᠯᠡᠳᠡᠭ ᠃ ᠡᠳᠡᠭᠡᠷ ᠠᠴᠠ ᠦᠬᠡᠷ ᠂ ᠭᠠᠭ᠋ᠠᠢ ᠬᠦᠨᠳᠦ ᠡᠪᠡᠳᠴᠢᠯᠡᠨ᠎ᠡ ᠃ ᠭᠤᠣᠯᠴᠢᠯᠠᠨ ᠠᠮᠠᠨ ᠤ ᠰᠠᠯᠢᠰᠤᠲᠤ ᠪᠦᠷᠬᠦᠭᠦᠯ ᠂ ᠬᠤᠰᠢᠭᠤ ᠂ ᠲᠤᠭᠤᠷᠠᠢ ᠶᠢᠨ ᠵᠠᠪᠰᠠᠷ ᠂ ᠬᠥᠬᠦ ᠳᠡᠯᠡᠩ ᠡᠪᠡᠳᠴᠢᠯᠡᠨ᠎ᠡ ᠃ ᠡᠪᠡᠳᠴᠢᠨ ᠤ ᠸᠢᠷᠦ᠋ᠰ ᠄ ᠬᠦᠢᠲᠡᠨ ᠳᠤ ᠮᠠᠰᠢ ᠲᠡᠰᠪᠦᠷᠢᠲᠡᠢ ᠲᠤᠯᠠ ᠡᠪᠦᠯ ᠤᠨ ᠤᠯᠠᠷᠢᠯ ᠳᠤ ᠭᠠᠳᠠᠭᠠᠳᠤ ᠣᠷᠴᠢᠨ ᠳᠤ ᠦᠯᠡᠳᠡᠵᠦ ᠣᠯᠠᠨ ᠰᠠᠷ᠎ᠠ ᠪᠠᠷ ᠠᠮᠢᠳᠤ ᠬᠠᠳᠠᠭᠠᠯᠠᠭᠳᠠᠵᠤ ᠠᠯᠤᠰ ᠬᠤᠯᠠ ᠭᠠᠵᠠᠷ ᠲᠤ ᠲᠡᠭᠡᠭᠡᠪᠦᠷᠢ ᠶᠢᠨ ᠬᠡᠷᠡᠭᠰᠡᠯ ᠢᠶᠠᠷ ᠲᠠᠷᠬᠠᠵᠤ ᠪᠣᠯᠣᠨ᠎ᠠ ᠃ ᠬᠠᠷᠢᠨ ᠸᠢᠷᠦ᠋ᠰ 31 ᠬᠡᠮ ᠳᠤ 24 ᠴᠠᠭ ᠤᠨ ᠳᠣᠲᠣᠷ᠎ᠠ ᠢᠳᠡᠪᠬᠢ ᠪᠠᠨ ᠠᠯᠳᠠᠳᠠᠭ ᠤᠴᠢᠷ ᠵᠤᠨ ᠤ ᠬᠠᠯᠠᠭᠤᠨ ᠦᠶ᠎ᠡ ᠳᠤ ᠰᠢᠯᠦᠬᠡᠢ ᠶᠢᠨ ᠲᠠᠷᠬᠠᠯᠲᠠ ᠬᠢᠵᠠᠭᠠᠷᠯᠠᠭᠳᠠᠮᠠᠯ ᠪᠠᠶᠢᠳᠠᠭ ᠃ ᠬᠠᠯᠳᠠᠪᠤᠷᠢᠯᠠᠯᠲᠠ ᠡᠮᠭᠡᠭ ᠶᠠᠪᠤᠴᠠ ᠄ ᠡᠪᠡᠳᠴᠢᠲᠡᠶ ᠮᠠᠯ ᠠᠴᠠ ᠡᠷᠡᠭᠦᠯ ᠳᠤ ᠰᠢᠭᠤᠳ ᠳᠡᠮᠵᠢᠨ ᠬᠠᠯᠳᠠᠬᠤ ᠠᠴᠠ ᠭᠠᠳᠠᠨ᠎ᠠ ᠸᠢᠷᠦ᠋ᠰ ᠢᠶᠠᠷ ᠪᠣᠬᠢᠷᠯᠠᠭᠳᠠᠭᠰᠠᠨ ᠭᠠᠵᠠᠷ ᠤᠨ ᠬᠥᠷᠥᠰᠥ ᠂ ᠤᠰᠤ ᠂ ᠲᠡᠵᠢᠭᠡᠯ ᠂ ᠲᠡᠭᠡᠭᠡᠪᠦᠷᠢ ᠶᠢᠨ ᠬᠡᠷᠡᠭᠰᠡᠯ ᠂ ᠭᠤᠲᠤᠯ ᠂ ᠬᠤᠪᠴᠠᠰᠤ ᠂ ᠲᠣᠨᠤᠭ ᠬᠡᠷᠡᠭᠰᠡᠯ ᠪᠣᠯᠣᠨ ᠡᠪᠡᠳᠴᠢᠯᠡᠮᠡᠳᠡᠭᠡᠢ ᠪᠤᠰᠤ ᠮᠠᠯ ᠠᠮᠢᠲᠠᠨ ᠂ ᠵᠢᠭᠦᠷᠲᠡᠨ ᠢᠶᠠᠷ ᠳᠡᠮᠵᠢᠨ ᠬᠠᠯᠳᠠᠬᠤ ᠠᠶᠤᠯᠲᠠᠢ ᠃ ᠬᠠᠯᠳᠠᠪᠤᠷᠢ ᠠᠪᠤᠭᠰᠠᠨ ᠠᠴᠠ ᠬᠤᠶᠢᠰᠢ 2-3 ᠬᠤᠨᠤᠭ ᠠᠴᠠ ᠡᠬᠢᠯᠡᠨ ᠪᠠᠭᠠᠰᠤ ᠂ ᠰᠢᠭᠡᠰᠦ ᠂ ᠰᠢᠯᠦᠰᠦ ᠂ ᠨᠢᠰᠤ ᠂ ᠰᠦ ᠵᠡᠷᠭᠡ ᠪᠦᠬᠦ ᠢᠯᠭᠠᠳᠠᠰᠤ ᠲᠠᠢ ᠪᠠᠨ ᠸᠢᠷᠦ᠋ᠰ ᠭᠠᠳᠠᠭᠰᠢ ᠢᠯᠭᠠᠷᠠᠭᠤᠯᠤᠨ ᠣᠷᠴᠢᠨ ᠢ ᠪᠣᠬᠢᠷᠳᠠᠭᠤᠯᠵᠤ ᠪᠠᠶᠢᠳᠠᠭ ᠃ ᠰᠢᠨᠵᠢ ᠲᠡᠮᠳᠡᠭ ᠄ ᠦᠬᠡᠷ ᠃ ᠪᠡᠶ᠎ᠡ ᠶᠢᠨ ᠪᠠᠶᠢᠳᠠᠯ ᠭᠡᠨᠡᠳᠲᠡ ᠳᠣᠷᠣᠶᠢᠲᠠᠨ 40-41 ᠬᠡᠮ ᠬᠦᠷᠲᠡᠯ᠎ᠡ ᠬᠠᠯᠠᠭᠤᠷᠠᠨ᠎ᠠ ᠂ ᠲᠡᠵᠢᠭᠡᠯ ᠳᠤ ᠳᠤᠷ᠎ᠠ ᠦᠭᠡᠢ ᠪᠣᠯᠣᠨ᠎ᠠ ᠃ ᠰᠢᠯᠦᠰᠦ ᠶᠡᠭᠡ ᠪᠠᠷ ᠭᠤᠭᠤᠵᠢᠨ᠎ᠠ ᠂ ᠤᠷᠤᠭᠤᠯ ᠢᠶᠠᠨ ᠬᠥᠳᠡᠯᠭᠡᠨ᠎ᠡ ᠂ ᠠᠮᠠ ᠪᠠᠨ ᠠᠩᠭᠠᠶᠢᠨ᠎ᠠ ᠂ ᠠᠮᠠᠨ ᠳᠣᠲᠣᠷ᠎ᠠ ᠵᠠᠩᠭᠢᠯᠠᠭ᠎ᠠ ᠡᠭᠦᠰᠴᠦ ᠲᠡᠷᠡ ᠨᠢ ᠴᠥᠪᠥᠷᠢᠭᠦᠦ ᠲᠢᠠ ᠪᠣᠯᠵᠤ ᠬᠠᠭᠠᠷᠠᠨ᠎ᠠ ᠂ ᠳᠣᠭᠤᠯᠠᠩ ᠪᠣᠯᠣᠨ᠎ᠠ ᠂ ᠰᠦᠨ ᠤ ᠭᠠᠷᠴᠠ ᠪᠠᠭᠤᠷᠠᠨ᠎ᠠ ᠂ ᠳᠡᠯᠡᠩ ᠦᠷᠪᠢᠰᠦᠨ᠎ᠡ ᠂ ᠬᠡᠭᠡᠯ ᠬᠠᠶᠠᠨ᠎ᠠ ᠃ ᠭᠠᠭ᠋ᠠᠢ — ᠳᠣᠭᠤᠯᠠᠩ ᠪᠣᠯᠣᠨ᠎ᠠ ᠂ ᠲᠤᠭᠤᠷᠠᠢ ᠂ ᠬᠤᠰᠢᠭᠤ ᠂ ᠰᠠᠭᠠᠭ ᠣᠷᠴᠢᠮ ᠂ ᠲᠤᠭᠤᠷᠠᠢ ᠶᠢᠨ ᠵᠠᠪᠰᠠᠷ ᠴᠥᠪᠥᠷᠢᠭᠦᠦ ᠡᠭᠦᠰᠦᠨ᠎ᠡ ᠃ ᠪᠣᠭ ᠮᠠᠯ ᠳᠤ — ᠰᠢᠯᠦᠬᠡᠢ ᠬᠥᠩᠭᠡᠨ ᠲᠤᠰᠬᠤ ᠪᠥᠭᠡᠳ ᠠᠮᠠᠨ ᠤ ᠬᠥᠨᠳᠡᠢ ᠂ ᠲᠤᠭᠤᠷᠠᠢ ᠶᠢᠨ ᠰᠠᠯᠠᠭ᠎ᠠ ᠂ ᠳᠡᠯᠡᠩ ᠳᠡᠭᠡᠷ᠎ᠡ ᠭᠠᠷᠤᠭᠰᠠᠨ ᠴᠥᠪᠥᠷᠢᠭᠦᠦ ᠨᠢ ᠵᠢᠵᠢᠭᠬᠡᠨ ᠪᠠᠷᠤᠭ ᠠᠵᠢᠭᠯᠠᠭᠳᠠᠮ᠎ᠠ ᠦᠭᠡᠢ ᠂ ᠰᠢᠯᠦᠰᠦ ᠶᠡᠭᠡ ᠪᠠᠷ ᠭᠤᠭᠤᠵᠢᠬᠤ ᠦᠭᠡᠢ ᠪᠠᠶᠢᠵᠤ ᠪᠣᠯᠣᠨ᠎ᠠ ᠃ ᠴᠥᠪᠥᠷᠢᠭᠦᠦ ᠨᠢ 2-3 ᠬᠤᠨᠤᠭ ᠲᠤ ᠬᠠᠭᠠᠷᠠᠮᠠᠭᠴᠠ ᠬᠠᠯᠠᠭᠤᠨ ᠪᠠᠭᠤᠷᠠᠨ᠎ᠠ ᠃ ᠤᠷᠢᠳᠴᠢᠯᠠᠨ ᠰᠡᠷᠭᠡᠶᠢᠯᠡᠯᠲᠡ ᠄ ᠰᠢᠯᠦᠬᠡᠢ ᠪᠠᠷ ᠡᠪᠡᠳᠴᠢᠯᠡᠵᠦ ᠡᠳᠡᠭᠡᠷᠡᠭᠰᠡᠨ ᠮᠠᠯ 10-18 ᠰᠠᠷ᠎ᠠ ᠶᠢᠨ ᠳᠠᠷᠬᠠᠯᠠᠭ᠎ᠠ ᠲᠠᠢ ᠪᠣᠯᠳᠠᠭ ᠲᠤᠯᠠ ᠡᠨᠡ ᠬᠤᠭᠤᠴᠠᠭᠠᠨ ᠳᠤ ᠸᠢᠷᠦ᠋ᠰ ᠪᠡᠶ᠎ᠡ ᠳᠤ ᠪᠠᠨ ᠠᠭᠤᠯᠵᠤ ᠶᠠᠪᠤᠳᠠᠭ ᠲᠤᠯᠠ ᠡᠷᠡᠭᠦᠯ ᠮᠠᠯ ᠳᠤ ᠡᠪᠡᠳᠴᠢᠨ ᠬᠠᠯᠳᠠᠭᠠᠬᠤ ᠠᠶᠤᠯᠲᠠᠢ ᠃ ᠰᠢᠯᠦᠬᠡᠢ ᠠᠴᠠ ᠰᠡᠷᠭᠡᠶᠢᠯᠡᠬᠦ ᠦᠨᠳᠦᠰᠦᠨ ᠠᠷᠭ᠎ᠠ ᠨᠢ ᠡᠷᠡᠭᠦᠯ ᠮᠠᠯ ᠢ ᠸᠠᠺᠼᠢᠨ ᠢᠶᠠᠷ ᠲᠠᠷᠢᠵᠤ ᠳᠠᠷᠬᠠᠯᠠᠭ᠎ᠠ ᠲᠠᠢ ᠪᠣᠯᠭᠠᠬᠤ ᠳᠤ ᠣᠷᠣᠰᠢᠨ᠎ᠠ ᠃ ᠡᠪᠡᠳᠴᠢᠨ ᠭᠠᠷᠤᠭᠰᠠᠨ ᠦᠶ᠎ᠡ ᠳᠤ ᠲᠤᠬᠠᠢ ᠶᠢᠨ ᠣᠪᠶᠧᠺᠲ ᠢ ᠬᠠᠮᠤᠷᠤᠭᠤᠯᠤᠨ ᠬᠤᠷᠢᠭ᠎ᠠ ᠴᠡᠭᠡᠷ ᠤᠨ ᠬᠠᠲᠠᠭᠤ ᠳᠢᠭᠯᠢᠮ ᠲᠣᠭᠲᠠᠭᠠᠵᠤ ᠬᠠᠯᠳᠠᠪᠤᠷᠢ ᠲᠠᠷᠠᠬᠤ ᠠᠴᠠ ᠬᠠᠮᠠᠭᠠᠯᠠᠨ᠎ᠠ ᠃ ᠭᠤᠯᠣᠮᠲᠠ ᠳᠤ ᠣᠷᠣᠬᠤ ᠂ ᠭᠠᠷᠬᠤ ᠵᠠᠶᠢᠯᠠᠰᠢ ᠦᠭᠡᠢ ᠲᠣᠬᠢᠶᠠᠯᠳᠤᠯ ᠳᠤ ᠬᠥᠮᠥᠰ ᠤᠨ ᠭᠠᠳᠠᠭᠤᠷ ᠬᠤᠪᠴᠠᠰᠤ ᠂ ᠪᠡᠶ᠎ᠡ ᠶᠢᠨ ᠢᠯᠡ ᠬᠡᠰᠡᠭ ᠢ ᠰᠤᠳᠠ ᠶᠢᠨ 4 ᠬᠤᠪᠢ ᠶᠢᠨ ᠠᠭᠤᠰᠤᠮᠠᠯ ᠂ ᠨᠢᠮᠪᠡᠭᠡ ᠶᠢᠨ ᠬᠦᠴᠢᠯ ᠤᠨ 0,2 ᠬᠤᠪᠢ ᠶᠢᠨ ᠠᠭᠤᠰᠤᠮᠠᠯ ᠢᠶᠠᠷ ᠠᠷᠴᠢᠨ ᠴᠡᠪᠡᠷᠯᠡᠬᠦ ᠠᠴᠠ ᠭᠠᠳᠠᠨ᠎ᠠ ᠲᠡᠭᠡᠭᠡᠪᠦᠷᠢ ᠶᠢᠨ ᠬᠡᠷᠡᠭᠰᠡᠯ ᠢ ᠹᠣᠷᠮᠠᠯᠢᠨ ᠤ 4 ᠬᠤᠪᠢ ᠶᠢᠨ ᠠᠭᠤᠰᠤᠮᠠᠯ ᠢᠶᠠᠷ ᠰᠦᠷᠴᠢᠵᠦ ᠬᠠᠯᠳᠠᠪᠤᠷᠢ ᠦᠭᠡᠶᠢᠵᠢᠭᠦᠯᠦᠨ᠎ᠡ ᠃ ᠰᠢᠯᠦᠬᠡᠢ ᠭᠠᠷᠤᠭᠰᠠᠨ ᠦᠶ᠎ᠡ ᠳᠤ ᠬᠤᠷᠢᠭ᠎ᠠ ᠴᠡᠭᠡᠷ ᠤᠨ ᠳᠢᠭᠯᠢᠮ ᠢ ᠬᠡᠷᠡᠭᠵᠢᠭᠦᠯᠬᠦ ᠠᠴᠠ ᠭᠠᠳᠠᠨ᠎ᠠ ᠦᠬᠦᠭᠰᠡᠨ ᠂ ᠠᠯᠠᠭᠰᠠᠨ ᠮᠠᠯ ᠤᠨ ᠬᠡᠭᠦᠷ ᠂ ᠰᠡᠭ ᠢ ᠨᠠᠶᠢᠳᠠᠪᠤᠷᠢᠲᠠᠢ ᠤᠰᠠᠳᠬᠠᠬᠤ ᠂ ᠡᠪᠡᠳᠴᠢᠲᠡᠶ ᠰᠡᠵᠢᠭᠲᠡᠢ ᠮᠠᠯ ᠤᠨ ᠪᠠᠶᠢᠭᠰᠠᠨ ᠬᠠᠰᠢᠶ᠎ᠠ ᠂ ᠬᠤᠷᠢᠶ᠎ᠠ ᠂ ᠥᠳᠬᠡ ᠪᠠᠭᠤᠴᠠ ᠂ ᠬᠤᠳᠳᠤᠭ ᠂ ᠤᠰᠤ ᠶᠢ ᠳᠠᠬᠢᠨ ᠳᠠᠬᠢᠨ ᠬᠠᠯᠳᠠᠪᠤᠷᠢ ᠦᠭᠡᠶᠢᠵᠢᠭᠦᠯᠬᠦ ᠨᠢ ᠴᠢᠬᠤᠯᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号