| | ᠣᠣᠬᠠᠨ · ᠬᠠᠭᠳᠠ ᠮᠣᠩᠭᠤᠯᠴᠢᠯᠠᠨ ᠨᠠᠶᠢᠷᠠᠭᠤᠯᠪᠠ | ᠷᠸᠣᠷᠠᠨ ᠬᠠᠭᠠᠨᠳᠣ ᠣᠯᠣᠰ ᠤᠨ ᠬᠠᠭᠠᠳ ᠤᠨ ᠣᠳᠣᠮ ᠪᠣᠯ ᠰᠢᠶᠠᠨᠪᠸᠢ ᠠᠶᠢᠮᠠᠭ ᠤᠨ ᠢᠬᠢᠷᠢᠰ ᠣᠪᠣᠭ ᠲᠠᠢ | ᠮᠣᠬᠤᠯᠠᠢ ᠭᠡᠳᠡᠭ ᠬᠦᠮᠦᠨ ᠠᠴᠠ ᠦᠨᠳᠦᠰᠦᠯᠡᠵᠡᠢ᠃ ᠮᠣᠬᠤᠯᠠᠢ ︵木moːɡ᠂ 骨kuːd/ kuət闾 | li̯wo᠂ ᠡᠷᠳᠡᠨ ᠤ ᠬᠢᠳᠠᠳ ᠬᠡᠯᠡ ᠠᠪᠢᠶ᠎ᠠ ᠠᠶᠠᠯᠭᠤ ᠶᠢ ᠮᠦᠷᠳᠡᠪᠡᠯ ᠣᠶᠢᠷᠠᠯᠴᠠᠭ᠎ᠠ ᠪᠠᠷ ᠮᠣᠭᠤᠯᠣᠢ᠂ ᠮᠣᠺᠣᠯᠠᠢ | ᠪᠣᠶᠣ ᠮᠣᠭᠤᠯᠠᠷ ᠭᠡᠳᠡᠭ᠂ ᠭᠡᠶ᠎ᠡ ᠬᠦᠮᠦᠨ ᠤ ᠨᠡᠷ᠎ᠡ ᠳᠤ ᠬᠡᠷᠡᠭᠯᠡᠬᠦ ᠲᠡᠭᠡᠨ ᠣᠯᠠᠩᠬᠢ ᠨᠢ ᠪᠦᠷ ᠮᠣᠬᠤᠯᠠᠢ ᠭᠡᠳᠡᠭ | ᠠᠵᠠᠢ︶᠃ ᠮᠣᠬᠤᠯᠠᠢ ᠪᠣᠯ ᠨᠡᠶᠢᠳᠡ ᠶᠢᠨ ᠣᠨ ᠲᠣᠭᠠᠯᠠᠯ ᠤᠨ 220 — 277 ᠣᠨ ᠤ ᠲᠦᠯᠦᠪ ᠢᠶᠠᠷ | ᠠᠮᠢᠳᠣᠷᠠᠵᠣ ᠪᠠᠶᠢᠭᠰᠠᠨ ᠲᠡᠣᠬᠡᠳᠦ ᠬᠦᠮᠦᠨ ᠶᠣᠮ᠃ ᠲᠡᠭᠦᠨ ᠤ ᠲᠡᠣᠬᠡᠨ ᠳᠤ ᠢᠯᠡᠷᠡᠭᠰᠡᠨ ᠦᠩᠭᠡᠷᠡᠯᠳᠡ ᠭᠡᠪᠡᠯ᠂ | ᠲᠣᠬᠠᠢ ᠶᠢᠨ ᠦᠶ᠎ᠡ ᠶᠢᠨ ᠲᠣᠪᠠ ᠰᠢᠶᠠᠨᠪᠸᠢ ᠶᠢᠨ ᠲᠡᠭᠡᠳᠦᠰ ᠪᠣᠯᠬᠤ ᠱᠧᠨ ᠶᠣᠸᠠᠨ ᠬᠠᠭᠠᠨ ᠤ ᠦᠪᠡᠷ ᠤᠨ ᠰᠢᠶᠠᠨ | ᠪᠸᠢ ᠠᠶᠢᠮᠠᠭ ᠪᠦᠯᠦᠭ ᠲᠡᠭᠡᠨ ᠠᠬᠠᠯᠠᠭᠴᠢ ᠪᠠᠶᠢᠭᠰᠠᠨ ᠦᠶ᠎ᠡ ᠶᠢᠨ ᠡᠴᠦᠰ ᠤᠨ ᠣᠨ ᠢᠶᠠᠷ᠂ ᠲᠡᠭᠦᠨ ᠤ ᠮᠣᠷᠢᠳᠣ | ᠴᠡᠷᠢᠭ ᠲᠠᠶᠢᠨ ᠳᠤ ᠮᠣᠷᠳᠠᠭᠠᠳ᠂ ᠨᠢᠭᠡᠨ ᠪᠠᠯᠴᠢᠷ ᠨᠠᠰᠣᠨ ᠤ ᠬᠦᠪᠡᠭᠦᠨ ᠢ ᠣᠯᠵᠠᠯᠠᠵᠣ ᠪᠣᠭᠤᠯ ᠪᠣᠯᠭᠠᠵᠠᠢ᠃ | ᠲᠣᠬᠠᠢ ᠶᠢᠨ ᠦᠶ᠎ᠡ ᠳᠤ ᠡᠨᠡᠬᠦ ᠦᠴᠦᠬᠡᠨ ᠬᠦᠪᠡᠭᠦᠨ ᠰᠠᠶ᠋ᠢ ᠵᠦᠳᠡᠵᠦ ᠦᠰᠦ ᠭᠡᠵᠢᠭᠡ ᠨᠢ ᠦᠰᠦᠭᠡᠳ ᠬᠦᠮᠦᠰᠭᠡ | ᠬᠦᠷᠴᠦ ᠪᠠᠶᠢᠭᠰᠠᠨ ᠪᠠᠯᠴᠢᠷ ᠨᠠᠰᠣᠨ ᠤ ᠬᠡᠣᠬᠡᠳ ᠪᠠᠶᠢᠵᠣ᠂ ᠦᠪᠡᠷ ᠤᠨ ᠨᠡᠷ᠎ᠡ ᠣᠪᠣᠭ ᠢᠶᠠᠨ ᠴᠦ ᠮᠠᠷᠳᠠᠭᠰᠠᠨ | ᠪᠣᠯᠬᠤᠷ ᠮᠣᠬᠤᠯᠠᠢ ᠭᠡᠵᠦ ᠨᠡᠷ᠎ᠡ ᠦᠭᠭᠦᠭᠰᠡᠨ ᠭᠡᠵᠡᠢ᠃ ᠲᠡᠭᠡᠭᠡᠳ ︽ᠮᠣᠬᠤᠯᠠᠢ︾ ᠭᠡᠳᠡᠭ ᠦᠭᠡ ᠪᠣᠯ ᠰᠢᠶᠠᠨᠪᠸᠢ | ᠬᠡᠯᠡᠨ ᠳᠤ ︽ᠮᠣᠬᠤᠷ ᠲᠣᠯᠣᠭᠠᠢ ᠲᠠᠢ᠂ ᠭᠡᠵᠢᠭᠡ ᠦᠭᠡᠢ︾ ᠭᠡᠰᠡᠨ ᠦᠭᠡ ᠭᠡᠵᠦ ᠲᠠᠶᠢᠯᠪᠣᠷᠢᠯᠠᠵᠠᠢ᠃ ᠲᠣᠬᠠᠢ ᠶᠢᠨ | ᠦᠶ᠎ᠡ ᠶᠢᠨ ᠬᠦᠮᠦᠰ ᠤᠨ ᠵᠠᠩᠰᠢᠯ ᠳᠤ ᠨᠠᠰᠣ ᠦᠰᠦᠭᠡᠳ ᠪᠠᠭᠠᠴᠣᠳ ᠪᠣᠯᠣᠭᠰᠠᠨ ᠦᠶ᠎ᠡ ᠠᠴᠠ ᠡᠬᠢᠯᠡᠨ ᠪᠦᠷ | ᠭᠡᠵᠢᠭᠡ ᠭᠦᠷᠦᠬᠦ ᠲᠠᠳᠬᠠᠯ ᠲᠠᠢ ᠠᠵᠠᠢ᠃ ᠭᠡᠳᠡᠯ᠎ᠡ ᠮᠣᠬᠤᠯᠠᠢ ᠪᠣᠯ ᠦᠰᠦ ᠭᠡᠵᠢᠭᠡ ᠨᠢ ᠬᠠᠷᠬᠠᠨ ᠭᠦᠷᠦᠬᠦ ᠬᠡᠮᠵᠢᠶ᠎ᠡ | ᠪᠣᠯᠳᠠᠯ᠎ᠠ ᠦᠰᠦᠭᠡᠳᠦᠢ ᠪᠠᠶᠢᠭᠰᠠᠨ ᠪᠣᠯᠬᠤᠷ ᠭᠦᠷᠦᠮᠡᠯ ᠭᠡᠵᠢᠭᠡ ᠦᠭᠡᠢ ᠭᠡᠰᠡᠨ ᠣᠳᠬ᠎ᠠ ᠲᠠᠢ ᠬᠡᠯᠡᠭᠰᠡᠨ ᠦᠭᠡ | ᠪᠣᠯᠣᠯᠳᠠᠢ᠃ | ᠮᠣᠬᠤᠯᠠᠢ ︵木骨闾︶ ᠪᠣᠯᠣᠨ ᠢᠬᠢᠷᠢᠰ ︵郁ʔi̯ŭk/ʔiuk 久 | kʷlɯʔ/ki̯ə̯u闾li̯wo/liaɣ ᠲᠣᠰ ᠣᠪᠣᠭ ᠢ ᠷᠸᠣᠷᠠᠨ ᠬᠦᠮᠦᠰ ᠪᠠᠷᠤᠭ ᠢᠺᠢᠷᠢᠰ | ikiris ᠭᠡᠵᠦ ᠠᠪᠢᠶᠠᠯᠠᠳᠠᠭ ᠪᠠᠶᠢᠵᠠᠢ︶ ᠠᠪᠢᠶ᠎ᠠ ᠣᠶᠢᠷᠠᠯᠴᠠᠭ᠎ᠠ ᠪᠣᠯᠬᠤᠷ᠂ ᠲᠡᠭᠦᠨ ᠤ ᠬᠤᠶᠢᠴᠢ ᠦᠶ᠎ᠡ ᠶᠢᠨ | ᠬᠦᠪᠡᠭᠦᠳ ᠠᠴᠢ ᠨᠡᠷ ᠨᠢ ᠢᠭᠢᠷᠢᠰ ᠢᠶᠠᠷ ᠦᠪᠡᠷ ᠤᠨ ᠣᠪᠣᠭ ᠪᠣᠯᠭᠠᠵᠠᠭᠠᠵᠠᠢ ᠭᠡᠪᠡ᠃ ᠲᠡᠭᠡᠷᠡᠬᠢ ᠡᠨᠡ ᠪᠠᠳᠠᠭ | ᠦᠭᠡ ᠢᠳᠡᠭᠡᠮᠵᠢ ᠪᠠᠷ ᠪᠠᠷᠤᠭ ᠲᠠᠢ ᠦᠭᠡ ᠶᠣᠮ᠂ ᠰᠢᠯᠳᠠᠭᠠᠨ ᠨᠢ ᠲᠣᠬᠠᠢ ᠶᠢᠨ ᠦᠶ᠎ᠡ ᠲᠠᠷᠣᠢ ᠨᠡᠶᠢᠳᠡ ᠶᠢᠨ ᠣᠨ | ᠲᠣᠭᠠᠯᠠᠯ ᠤᠨ ᠭᠤᠷᠪᠠᠳᠣᠭᠠᠷ ᠵᠠᠭᠤᠨ ᠤ ᠲᠣᠮᠳᠠ ᠬᠤᠶᠢᠴᠢ ᠦᠶ᠎ᠡ ᠶᠢᠨ ᠬᠢᠳᠠᠳ ᠬᠡᠯᠡᠨ ᠳᠤ ᠮᠣᠭᠤᠯᠣᠢ ᠭᠡᠳᠡᠭ | ᠦᠭᠡ ᠶᠢ ᠶᠡᠭᠡ ᠲᠦᠯᠦᠪ mog gud liwo ᠭᠡᠵᠦ ᠠᠪᠢᠶᠠᠴᠢᠯᠠᠨ ᠣᠷᠴᠢᠭᠤᠯᠵᠣ᠂ ᠢᠬᠢᠷᠢᠰ ᠢ ʔiuk | ki̯ə̯u liwo ᠭᠡᠳᠡᠭ ᠪᠠᠶᠢᠭᠰᠠᠨ ᠠᠵᠠᠢ᠃ ᠠᠯᠢ ᠲᠠᠯ᠎ᠠ ᠪᠠᠷ ᠨᠢ ᠬᠠᠷᠢᠴᠠᠭᠤᠯᠣᠭᠰᠠᠨ ᠴᠦ ᠡᠨᠡ ᠬᠤᠶᠠᠷ | ᠦᠭᠡ ᠬᠤᠭᠤᠷᠣᠨᠳᠣ ᠪᠠᠨ ᠵᠦᠷᠢᠶ᠎ᠡ ᠲᠠᠢ᠂ ᠶᠡᠬᠡᠯ᠎ᠡ ᠠᠳᠠᠯᠢ ᠦᠭᠡᠢ ᠨᠢ ᠮᠡᠳᠡᠭᠡᠵᠢ ᠶᠢᠨ ᠬᠡᠷᠡᠭ ᠶᠣᠮ᠃ ᠡᠭᠦᠨ ᠢ | ᠵᠦᠪ ᠲᠠᠶᠢᠯᠪᠣᠷᠢᠯᠠᠶ᠎ᠠ ᠭᠡᠪᠡᠯ᠂ ᠨᠢᠭᠡ ᠪᠣᠭᠤᠯ ᠬᠦᠮᠦᠨ ᠳᠤ ᠶᠠᠮᠠᠷ ᠨᠡᠷ᠎ᠡ ᠦᠭᠬᠦ ᠨᠢ ᠡᠵᠡᠨ ᠤ ᠬᠢᠨᠢ ᠲᠣᠷ᠎ᠠ ᠠᠴᠠ | ᠪᠢᠰᠢ᠂ ᠪᠣᠭᠤᠯ ᠤᠨ ᠰᠠᠨᠠᠭ᠎ᠠ ᠪᠠᠷ ᠪᠣᠯᠳᠠᠭ ᠣᠴᠢᠷ ᠪᠢᠰᠢ᠂ ᠬᠠᠷᠢᠨ ᠪᠣᠭᠤᠯ ᠦᠪᠡᠷ ᠢᠶᠠᠨ ᠶᠠᠮᠠᠷ ᠣᠪᠣᠭ ᠲᠠᠢ | ᠭᠡᠳᠡᠭ ᠢ ᠪᠣᠭᠤᠯ ᠤᠨ ᠡᠵᠡᠨ ᠨᠢ ᠲᠡᠮᠡᠢ ᠬᠠᠮᠢᠶᠠᠷᠬᠤ ᠦᠭᠡᠢ ᠶᠣᠮ᠃ ᠶᠠᠭ ᠡᠶᠢᠮᠦ ᠠᠴᠠ ᠮᠣᠭᠤᠯᠣᠢ ᠭᠡᠳᠡᠭ ᠨᠡᠷ᠎ᠡ | ᠪᠠᠷ ᠦᠪᠡᠷ ᠢ ᠪᠠᠨ ᠨᠡᠷᠡᠶᠢᠳᠦᠭᠦᠯᠵᠦ ᠪᠠᠶᠢᠪᠠᠴᠣ᠂ ᠬᠠᠷᠢᠨ ᠦᠪᠡᠷ ᠤᠨ ᠣᠣᠯ ᠤᠨ ᠢᠬᠢᠷᠢᠰ ᠣᠪᠣᠭ ᠢᠶᠠᠷ ᠢᠶᠠᠨ | ᠦᠷᠬᠦᠯᠵᠢᠯᠡᠨ ᠣᠪᠣᠭᠯᠠᠭᠰᠠᠨ ᠪᠠᠶᠢᠵᠣ ᠪᠣᠯᠣᠨ᠎ᠠ᠃ | ᠮᠣᠬᠤᠯᠠᠢ ᠦᠭᠡᠯᠡᠢ ᠪᠣᠯᠣᠭᠰᠠᠨ᠎ᠠ ᠪᠡᠶ᠎ᠡ ᠬᠠᠳᠠ ᠰᠠᠶᠢᠳᠠᠢ ᠪᠣᠯᠬᠤᠷ ᠪᠣᠭᠤᠯ ᠠᠴᠠ ᠨᠢ ᠴᠢᠯᠦᠭᠡᠯᠡᠵᠦ ᠮᠣᠷᠢᠳᠣ ᠴᠡᠷᠢᠭ | ᠪᠣᠯᠭᠠᠪᠠᠢ᠃ ᠲᠡᠷᠡ ᠮᠣ᠋ ᠳ᠋ᠢ ᠬᠠᠭᠠᠨ ᠲᠣᠪᠠ ᠶᠢ ᠯᠦ᠋ ︵ᠲᠣᠪᠠ ᠢᠯᠠᠬᠤ᠂ 拓跋猗卢Ii lag︶ ᠤᠨ | ᠦᠶ᠎ᠡ ᠳᠤ ᠴᠡᠷᠢᠭ ᠤᠨ ᠪᠣᠯᠵᠤᠭ᠎ᠠ ᠠᠴᠠ ᠬᠤᠴᠣᠷᠴᠣ᠂ ᠠᠯᠠᠭᠳᠠᠬᠤ ᠠᠴᠠ ᠠᠶᠣᠬᠤ ᠳᠠᠭᠠᠨ ᠡᠯᠡᠰᠦ ᠮᠠᠩᠬ᠎ᠠ | ᠠᠭᠤᠯᠠ ᠵᠠᠪᠠᠢ ᠳᠤ ᠰᠢᠷᠭᠤᠨ ᠨᠢᠭᠤᠭᠳᠠᠵᠣ᠂ ᠮᠦᠨ ᠲᠡᠭᠦᠨ ᠲᠠᠢ ᠠᠳᠠᠯᠢ ᠠᠯᠪᠠᠨ ᠳᠤ ᠪᠠᠷᠢᠭᠳᠠᠬᠤ ᠠᠴᠠ ᠠᠶᠣᠵᠣ | ᠂ ᠪᠣᠯᠳᠠᠨ ᠲᠣᠳᠠᠭᠠᠵᠣ ᠪᠠᠶᠢᠭ᠎ᠠ ᠬᠦᠮᠦᠰ ᠢ ᠴᠣᠭᠯᠠᠭᠤᠯᠣᠨ ᠠᠬᠤᠭᠤᠯᠵᠣ᠂ ᠵᠠᠭᠤ ᠭᠠᠷᠣᠢ ᠬᠦᠮᠦᠨ ᠣᠯᠵᠣ᠂ ᠴᠦᠨ | ᠲᠦ᠋ ᠯᠢᠨ ︵纯tjunʔ ︵从糸屯聲︶ 突tʰuːd ︵/tuk̚⁴/᠂︶ 邻Lien᠂ | ᠲᠣᠲᠣᠭᠯᠢᠨ᠂ ᠡᠨᠡ ᠠᠶᠢᠮᠠᠭ ᠤᠨ ᠨᠡᠷ᠎ᠡ ᠶᠢᠨ ᠲᠣᠬᠠᠢ ᠣᠯᠠᠨ ᠠᠳᠡᠭᠦᠷᠡᠯ ᠪᠠᠶᠢᠨ᠎ᠠ᠃ ᠵᠢᠱᠢᠶᠡᠯᠡᠪᠡᠯ ᠵᠠᠷᠢᠮ ᠨᠣᠮ ᠳᠤ | 纯 ᠢ 纥 ᠭᠡᠵᠦ ᠪᠢᠴᠢᠵᠣ ᠪᠠᠶᠢᠨ᠎ᠠ᠃ ᠠᠯᠢ ᠨᠢ ᠵᠦᠪ ᠪᠣᠯᠬᠤ ᠶᠢ ᠮᠡᠳᠡᠬᠦ ᠦᠭᠡᠢ ᠪᠣᠯᠬᠤᠷ ᠲᠦᠷ ᠴᠠᠭ | ᠢᠩᠬᠢᠵᠦ ᠰᠢᠢᠳᠪᠦᠷᠢᠯᠡᠵᠡᠢ︶ ᠠᠶᠢᠮᠠᠭ ᠢ ᠲᠦᠰᠢᠵᠡᠢ᠃ ᠮᠣᠬᠤᠯᠠᠢ ᠦᠬᠦᠭᠰᠡᠨ ᠤ ᠰᠡᠭᠦᠯᠡᠷ ᠲᠡᠭᠦᠨ ᠤ ᠬᠦᠪᠡᠭᠦᠨ | ᠴᠧ ᠯᠦ᠋ ᠾᠦᠢ ︵车tɕʰi̯a鹿b·roːɡ会ɣuɑi ᠲᠠᠷᠬᠠᠢ ᠪᠣᠶᠣ ᠴᠢᠷᠠᠬᠠᠢ︶ | ᠵᠠᠯᠭᠠᠮᠵᠢᠯᠠᠭᠰᠠᠨ ᠠᠵᠠᠢ᠃ | ᠡᠨᠡ 车 ᠦᠰᠦᠭ ᠤᠨ ᠡᠷᠳᠡᠨ ᠤ ᠠᠪᠢᠶ᠎ᠠ ᠨᠢ ᠶᠡᠬᠡᠯ᠎ᠡ ᠪᠣᠳᠣᠯᠢᠶᠠᠨ ᠲᠠᠢ ᠪᠠᠶᠢᠵᠣ᠂ ᠵᠠᠷᠢᠮ ᠳᠠᠭᠠᠨ ᠣᠶᠢᠷᠠᠯᠴᠠᠭ᠎ᠠ | ᠪᠠᠷ ᠲᠢᠶᠠ ᠭᠡᠵᠦ ᠣᠩᠰᠢᠨ᠂ ᠵᠠᠷᠢᠮ ᠲᠠᠭᠠᠨ ᠴᠢᠶᠠ ᠭᠡᠵᠦ ᠣᠩᠰᠢᠵᠣ ᠪᠠᠶᠢᠪᠠᠴᠣ᠂ ᠡᠨᠡ ᠬᠤᠶᠠᠷ ᠣᠩᠰᠢᠯᠭ᠎ᠠ ᠶᠢ | ᠬᠢᠳᠠᠳ ᠬᠡᠯᠡᠨ ᠤ ᠡᠷᠳᠡᠮᠳᠡᠳ ᠪᠣᠯ ᠨᠢᠭᠡᠨ ᠠᠪᠢᠶ᠎ᠠ ᠪᠠᠷ ᠦᠵᠡᠳᠡᠭ᠂ ᠬᠠᠷᠢᠨ ᠲᠣᠰ ᠦᠰᠦᠭ ᠢ ᠪᠠᠰᠠ ᠭᠤᠷᠪᠠᠳᠠᠬᠢ | ᠠᠪᠢᠶ᠎ᠠ Gya ᠪᠠᠷ ᠣᠩᠰᠢᠵᠣ ᠪᠠᠶᠢᠭᠰᠠᠨ ᠠᠴᠠ ᠪᠠᠨ ᠠᠭᠠᠵᠢᠮ ᠢᠶᠠᠷ ᠬᠤᠪᠢᠷᠠᠵᠣ Gyo ︵ᠮᠠᠨ ᠤ ᠮᠡᠳᠡᠳᠡᠭ | ᠬᠢᠳᠠᠳ ᠰᠢᠲᠠᠷ᠎ᠠ ᠶᠢᠨ 车 ᠪᠣᠯ ᠡᠷᠳᠡ ᠦᠶ᠎ᠡ ᠳᠤ ᠲᠠᠷᠣᠢ Gyo ᠪᠠᠶᠢᠵᠣ᠂ ᠠᠭᠠᠵᠢᠮ ᠢᠶᠠᠷ ᠵᠢᠥᠢ ᠣᠩᠰᠢᠯᠭ᠎ᠠ | ᠲᠠᠢ ᠪᠣᠯᠵᠣ ᠣᠯᠠᠷᠢᠵᠣ ᠢᠷᠡᠭᠰᠡᠨ ᠪᠢᠯᠡ︶ ᠪᠣᠯᠣᠭᠰᠠᠨ ᠲᠡᠣᠬᠡ ᠲᠠᠢ ᠭᠡᠳᠡᠭ ᠶᠣᠮ᠃ ᠶᠠᠭ ᠡᠶᠢᠮᠦ ᠠᠴᠠ ᠠᠳᠡ | ᠡᠮᠦᠨᠡᠬᠢ ᠪᠠᠷ ᠨᠢ ᠣᠩᠰᠢᠵᠣ ᠲᠠᠷᠠᠬᠠᠢ ᠪᠣᠶᠣ ᠴᠢᠷᠠᠬᠠᠢ ᠭᠡᠵᠦ ᠣᠳᠣ ᠦᠶ᠎ᠡ ᠶᠢᠨ ᠮᠣᠩᠭᠤᠯ ᠬᠡᠯᠡᠨ ᠳᠤ | ᠣᠷᠴᠢᠭᠤᠯᠵᠠᠢ᠃ ᠲᠠᠷᠠᠬᠠᠢ ᠴᠢᠷᠬᠠᠢ ᠬᠤᠶᠠᠷ ᠨᠡᠷ᠎ᠡ ᠦᠭᠡ ᠡᠷᠳᠡᠨ ᠤ ᠾᠦᠩᠨᠦ ᠬᠦᠮᠦᠨ᠂ ᠷᠸᠣᠷᠠᠨ ᠬᠦᠮᠦᠨ ᠪᠣᠶᠣ | ᠬᠤᠵᠢᠮ ᠤᠨ ᠮᠣᠩᠭᠤᠯ ᠬᠦᠮᠦᠨ ᠳᠤ ᠪᠦᠷ ᠣᠯᠠᠨ ᠲᠣᠬᠢᠶᠠᠯᠳᠣᠬᠤ ᠬᠦᠮᠦᠨ ᠤ ᠨᠡᠷ᠎ᠡ ᠶᠣᠮ᠃ ᠬᠡᠷᠪᠡ ᠬᠤᠶᠢᠨᠠᠬᠢ | ᠣᠩᠰᠢᠯᠭ᠎ᠠ ᠪᠠᠷ ᠨᠢ ᠪᠣᠯ ᠭᠤᠷᠢᠮ ︵ᠵᠢᠷᠣᠮ ᠭᠤᠷᠢᠮ ᠤᠨ ᠭᠤᠷᠢᠮ︶ ᠭᠡᠳᠡᠭ ᠾᠦᠩᠨᠦ — ᠮᠣᠩᠭᠤᠯ ᠦᠭᠡ ᠶᠢ | ᠪᠠᠨ ᠭᠦ᠋ ᠮᠡᠳᠦ ᠶᠢᠨ ᠲᠡᠣᠬᠡᠴᠢᠳ 车林 ᠬᠤᠶᠠᠷ ᠬᠢᠳᠠᠳ ᠦᠰᠦᠭ ᠢᠶᠠᠷ ᠠᠪᠢᠶᠠᠴᠢᠯᠠᠨ ᠣᠷᠴᠢᠭᠤᠯᠣᠭᠰᠠᠨ | ᠪᠠᠶᠢᠳᠠᠭ ᠶᠣᠮ᠃ | ᠴᠢᠷᠠᠬᠠᠢ᠄ ᠢᠬᠢᠷᠢᠰ ᠣᠪᠣᠭ ᠲᠠᠢ᠂ ᠮᠣᠬᠤᠯᠠᠢ ᠶᠢᠨ ᠬᠦᠪᠡᠭᠦᠨ᠂ ᠪᠡᠶ᠎ᠡ ᠪᠢᠯᠳᠠᠷ ᠬᠦᠳᠡᠷ ᠴᠠᠬᠢᠷᠠᠭ᠂ ᠬᠦᠴᠦᠨ | ᠴᠢᠳᠠᠯ ᠶᠡᠬᠡᠳᠡᠢ ᠪᠠᠭᠠᠳᠣᠷ ᠬᠦᠮᠦᠨ ᠪᠣᠯᠬᠤᠷ ᠢᠬᠢᠷᠢᠰ ᠣᠪᠣᠭᠳᠠᠨ ᠡᠬᠢᠯᠡᠨ ᠰᠠᠶ᠋ᠢ ᠦᠪᠡᠷ ᠤᠨ ᠠᠶᠢᠮᠠᠭ ᠪᠦᠯᠦᠭ | ᠲᠠᠢ ᠪᠣᠯᠵᠣ᠂ ᠴᠢᠷᠬᠠᠢ ᠠᠶᠢᠮᠠᠭ ᠤᠨ ᠲᠦᠷᠦᠭᠦᠥ ᠪᠠᠷ ᠡᠷᠭᠦᠭᠳᠡᠵᠦ᠂ ᠦᠪᠡᠷ ᠤᠨ ᠠᠶᠢᠮᠠᠭ ᠢᠶᠠᠨ ᠿᠸᠣᠷᠠᠨ ︵柔然 | ︶ ᠬᠡᠮᠡᠨ ᠴᠣᠯᠠᠳᠠᠵᠣᠬᠤᠢ ᠭᠡᠵᠡᠢ᠃ ᠲᠠᠷᠣᠢ ᠴᠢᠷᠠᠬᠠᠢ ᠶᠢᠨ ᠦᠶ᠎ᠡ ᠳᠤ ᠷᠸᠣᠷᠠᠨᠴᠣᠳ ᠰᠠᠶ᠋ᠢ ᠠᠶᠢᠮᠠᠭ ᠪᠦᠯᠦᠭ ᠢᠶᠠᠨ | ︽ᠷᠸᠣᠷᠠᠨ︾ ᠭᠡᠵᠦ ᠨᠡᠷᠡᠶᠢᠳᠦᠪᠡ ᠭᠡᠳᠡᠭ ᠨᠢ ᠨᠡᠯᠢᠶᠡᠳ ᠪᠠᠳᠣᠳᠠᠢ ᠲᠡᠣᠬᠡᠨ ᠰᠣᠷᠠᠭ ᠪᠣᠯᠵᠣ ᠮᠡᠳᠡᠬᠦ ᠶᠣᠮ᠂ | ᠲᠡᠭᠡᠪᠡᠯ ᠡᠨᠡᠬᠦ ᠨᠡᠷ᠎ᠡ ᠦᠭᠡ ᠪᠠᠷᠤᠭ ᠨᠡᠶᠢᠳᠡ ᠶᠢᠨ ᠣᠨ ᠲᠣᠭᠠᠯᠠᠯ ᠤᠨ ᠭᠤᠷᠪᠠᠳᠣᠭᠠᠷ ᠵᠠᠭᠤᠨ ᠤ ᠲᠣᠮᠳᠠᠴᠢ ᠪᠣᠶᠣ | ᠰᠡᠬᠦᠯᠴᠢ ᠶᠢᠨ ᠦᠶ᠎ᠡ ᠶᠢᠨ ᠬᠡᠷᠡᠭ ᠪᠣᠯᠣᠨ᠎ᠠ᠃ ᠲᠡᠭᠡᠭᠡᠳ ᠡᠨᠡᠬᠦ ᠠᠶᠢᠮᠠᠭ ᠤᠨ ᠣᠨᠴᠠᠯᠢᠭ ᠭᠡᠪᠡᠯ ᠶᠠᠮᠠᠷ ᠨᠢᠭᠡᠨ | ᠴᠢᠰᠣᠨ ᠣᠳᠣᠮ ᠢᠶᠠᠷ ᠭᠤᠣᠯ ᠴᠣᠭᠴᠠ ᠪᠣᠯᠭᠠᠭᠰᠠᠨ ᠠᠶᠢᠮᠠᠭ ᠪᠦᠯᠦᠭ ᠪᠢᠰᠢ᠂ ᠪᠦᠷ ᠲᠣᠬᠠᠢ ᠶᠢᠨ ᠦᠶ᠎ᠡ ᠶᠢᠨ | ᠠᠯᠪᠠᠨ ᠶᠠᠮᠣᠨ ᠳᠤ ᠶᠠᠯᠠᠳᠠᠳᠠᠭᠬᠤ ᠠᠴᠠ ᠠᠶᠣᠵᠣ᠂ ᠡᠯᠡᠰᠦ ᠮᠠᠩᠬᠠᠨ ᠳᠤ ᠨᠢᠭᠤᠭᠳᠠᠨ ᠲᠠᠯᠳᠠᠯᠠᠵᠣ ᠪᠠᠶᠢᠭᠰᠠᠨ | ᠬᠦᠮᠦᠰ ᠢ ᠴᠢᠷᠠᠬᠠᠢ ᠶᠢᠨ ᠡᠴᠢᠭᠡ ᠮᠣᠬᠤᠯᠠᠢ ᠬᠤᠷᠢᠶᠠᠨ ᠴᠣᠭᠯᠠᠭᠤᠯᠵᠣ᠂ ᠦᠪᠡᠷ ᠤᠨ ᠠᠶᠢᠮᠠᠭ ᠤᠨ ᠢᠶᠠᠨ ᠰᠠᠭᠤᠷᠢ | ᠪᠣᠯᠭᠠᠭᠰᠠᠨ ᠠᠵᠠᠢ᠃ ᠶᠠᠭ ᠡᠶᠢᠮᠦ ᠠᠴᠠ 柔然 ᠭᠡᠳᠡᠭ ᠬᠤᠶᠠᠷ ᠬᠢᠳᠠᠳ ᠦᠭᠡ ᠶᠢᠨ ᠡᠷᠳᠡᠨ ᠤ ᠠᠪᠢᠶ᠎ᠠ | ᠠᠶᠠᠯᠭᠤ ᠶᠢ ᠦᠨᠳᠦᠰᠦᠯᠡᠪᠡᠯ ︽ᠨᠦᠬᠦᠷ︾ ᠪᠣᠶᠣ ︽ᠨᠦᠬᠦᠷ ᠨᠡᠷ︾ ᠭᠡᠳᠡᠭ ᠦᠭᠡ ᠲᠠᠢ ᠲᠣᠩ ᠣᠶᠢᠷᠠᠯᠴᠠᠭ᠎ᠠ | ᠪᠠᠷ 柔 ȵʑi̯ə̯u/ȵǐu᠂ 然njen / ȵʑi̯ɛn ︵ᠨᠢᠦ ᠨᠢᠶᠠᠨ᠂ ᠨᠦᠬᠦᠷ ᠨᠡᠷ︶ | ᠭᠡᠵᠦ ᠠᠪᠢᠶᠠᠯᠠᠳᠠᠭ ᠪᠠᠶᠢᠵᠠᠢ᠃ ᠭᠡᠶ᠎ᠡ ᠷᠸᠣᠷᠠᠨᠴᠣᠳ ᠬᠡᠳᠦᠶᠢᠪᠡᠷ ᠦᠪᠡᠷ ᠤᠨ ᠠᠶᠢᠮᠠᠭ ᠪᠦᠯᠦᠭ ᠲᠠᠢ ᠪᠣᠯᠣᠭᠰᠠᠨ | ᠴᠦ ᠬᠦᠮᠦᠨ ᠴᠦᠬᠡᠨ ᠬᠦᠷᠦᠩᠬᠡ ᠨᠢᠮᠬᠡᠨ ᠤ ᠬᠠᠷᠠᠭ᠎ᠠ ᠪᠠᠷ ᠮᠦᠨ ᠪᠠᠰᠠ ᠲᠣᠪᠠ ᠣᠪᠣᠭᠳᠠᠨ ᠤ ᠰᠢᠶᠠᠨᠪᠸᠢ ᠠᠶᠢᠮᠠᠭ | ᠲᠤ ᠨᠣᠶᠠᠷᠬᠠᠭᠳᠠᠵᠣ᠂ ᠲᠡᠳᠡᠨᠡᠷ ᠲᠤ ᠠᠳᠣᠭᠤ ᠮᠠᠯ ᠤᠨ ᠠᠰᠢᠭ ᠰᠢᠮ᠎ᠡ᠂ ᠬᠠᠯᠢᠭᠤ ᠪᠣᠯᠠᠭ᠎ᠠ ᠶᠢᠨ ᠠᠷᠠᠰᠣ ᠬᠦᠷᠦᠰᠦ | ᠪᠠᠷ ᠵᠢᠯ ᠤᠨ ᠠᠯᠪᠠ ᠪᠠᠷᠢᠵᠣ᠂ ᠡᠪᠦᠯ ᠪᠣᠯᠣᠭᠰᠠᠭᠠᠷ ᠭᠤᠪᠢ ᠶᠢᠨ ᠡᠮᠦᠨ᠎ᠡ ᠢᠷᠡᠵᠦ ᠡᠪᠦᠯᠵᠢᠨ᠂ ᠵᠣᠨ ᠣᠷᠣᠭᠰᠠᠭᠠᠷ | ᠭᠤᠪᠢ ᠶᠢᠨ ᠠᠷᠣ ᠲᠠᠭᠠᠨ ᠬᠠᠷᠢᠵᠣ ᠵᠣᠰᠠᠳᠠᠭ ᠪᠠᠶᠢᠪᠠ᠃ | ᠬᠤᠵᠢᠮ ᠣᠮᠠᠷᠠᠳᠣ ᠸᠧᠢ ᠣᠯᠣᠰ ᠤᠨ ᠱᠢ ᠽᠣ᠋ ᠬᠠᠭᠠᠨ ᠲᠡᠳᠡᠨᠡᠷ ᠤᠨ ᠠᠶᠢᠮᠠᠭ ᠪᠦᠯᠦᠭ ᠢ ᠬᠤᠷᠣᠬᠠᠢ ᠰᠢᠪᠠᠵᠢ ᠳᠤ | ᠠᠳᠠᠯᠢ ᠮᠡᠳᠡᠯᠭᠡ ᠰᠣᠷᠳᠠᠯ ᠦᠭᠡᠢ ᠬᠡᠮᠡᠨ ᠬᠦᠷᠪᠡᠯᠵᠡᠨ ᠠᠳᠣᠪᠠᠯᠵᠠᠭᠴᠢ ᠬᠤᠷᠣᠬᠠᠢ ᠭᠡᠳᠡᠭ ᠣᠳᠬ᠎ᠠ ᠲᠠᠢ ᠦᠰᠦᠭ | ᠷᠦ᠋ ᠷᠦ᠋ ᠪᠠᠷ ᠲᠡᠳᠡᠨᠡᠷ ᠢ ᠨᠡᠷᠡᠶᠢᠳᠦᠭᠰᠡᠨ ᠭᠡᠵᠡᠢ᠃ ᠴᠢᠷᠠᠬᠠᠢ ᠦᠬᠦᠭᠰᠡᠨ ᠤ ᠰᠡᠭᠦᠯᠡᠷ ᠬᠦᠪᠡᠭᠦᠨ ᠨᠢ ᠲᠤ ᠨᠦ᠋ ᠭᠦᠢ | ︵吐奴傀 ᠲᠠᠨᠠᠭᠠᠢ ᠪᠣᠶᠣ ᠲᠠᠨᠠᠭᠤᠢ︶ ᠵᠠᠯᠭᠠᠮᠵᠢᠯᠠᠵᠠᠢ᠃ | ᠲᠤ ᠨᠦ᠋ ᠭᠦᠢ᠂ ᠢᠬᠢᠷᠢᠰ ᠣᠪᠣᠭ ᠲᠠᠢ᠂ ᠴᠢᠷᠠᠬᠠᠢ ᠶᠢᠨ ᠬᠦᠪᠡᠭᠦᠨ᠂ ᠲᠦᠷᠪᠡᠳᠦᠭᠡᠷ ᠵᠠᠭᠤᠨ ᠤ ᠡᠬᠢᠨ ᠤ ᠦᠶ᠎ᠡ | ᠳᠤ ᠷᠸᠣᠷᠠᠨ ᠠᠶᠢᠮᠠᠭ ᠤᠨ ᠭᠤᠷᠪᠠᠳᠣᠭᠠᠷ ᠦᠶ᠎ᠡ ᠶᠢᠨ ᠠᠶᠢᠮᠠᠭ ᠤᠨ ᠠᠬᠠᠯᠠᠭᠴᠢ ᠡᠵᠡᠨ ᠪᠠᠶᠢᠵᠠᠢ᠃ ᠲᠤ ᠨᠦ᠋ ᠭᠦᠢ | ᠦᠬᠦᠭᠰᠡᠨ ᠤ ᠲᠠᠷᠠᠭ᠎ᠠ ᠬᠦᠪᠡᠭᠦᠨ ᠪᠠᠳᠠᠢ ︵跋提︶ ᠰᠠᠭᠤᠷᠢᠨ ᠡᠵᠡᠯᠡᠵᠡᠢ᠃ ᠲᠤ ᠨᠦ᠋ ᠭᠦᠢ ᠠᠶᠢᠮᠠᠭ ᠣᠯᠠᠨ | ᠲᠠᠭᠠᠨ ᠡᠵᠡᠨ ᠮᠡᠳᠡᠵᠦ ᠪᠠᠶᠢᠭ᠎ᠠ ᠦᠶ᠎ᠡ ᠳᠤ ᠮᠦᠨ ᠲᠣᠪᠠ ᠰᠢᠶᠠᠨᠪᠸᠢ ᠠᠶᠢᠮᠠᠭ ᠤᠨ ᠪᠠᠶᠢᠭᠤᠯᠣᠭᠰᠠᠨ ᠠᠩᠬᠠᠨ ᠤ | ᠣᠯᠣᠰ ᠪᠣᠯᠬᠤ ᠳ᠋ᠠᠢ ᠣᠯᠣᠰ ᠲᠤ ᠠᠳᠣᠭᠤ ᠮᠠᠯ ᠠᠷᠠᠰᠣ ᠬᠦᠷᠦᠰᠦ ᠪᠠᠷ ᠵᠢᠯ ᠤᠨ ᠠᠯᠪᠠ ᠪᠠᠷᠢᠳᠠᠭ ᠪᠠᠶᠢᠪᠠ᠃ | ᠪᠠᠳᠠᠢ ︵跋提︶᠄ ᠢᠬᠢᠷᠢᠰ ᠣᠪᠣᠭ ᠲᠠᠢ᠂ ᠲᠤ ᠨᠦ᠋ ᠭᠦᠢ ᠶᠢᠨ ᠬᠦᠪᠡᠭᠦᠨ᠂ ᠲᠦᠷᠪᠡᠳᠦᠭᠡᠷ ᠵᠠᠭᠤᠨ ᠤ | ᠦᠶ᠎ᠡ ᠶᠢᠨ ᠷᠸᠣᠷᠠᠨ ᠠᠶᠢᠮᠠᠭ ᠤᠨ ᠲᠦᠷᠪᠡᠳᠦᠭᠡᠷ ᠦᠶ᠎ᠡ ᠶᠢᠨ ᠠᠬᠠᠯᠠᠭᠴᠢ ᠪᠠᠶᠢᠵᠠᠢ᠂ ᠪᠠᠳᠠᠢ ᠦᠬᠦᠭᠡᠳ ᠬᠦᠪᠡᠭᠦᠨ | ᠳ᠋ᠢ ᠰᠣ᠋ ᠶᠣᠸᠠᠨ ︵地/*lˁej-s {*[l]ˁej-s}/᠂ 粟soɡ᠂ 袁/*ɢʷan {*[ɢ] | ʷa[n]}/ ᠲᠠᠶᠢᠰᠣᠭᠠᠨ︖︶ ᠰᠠᠭᠤᠷᠢᠨ ᠵᠠᠯᠭᠠᠮᠵᠢᠯᠠᠵᠠᠢ᠃ | ᠪᠠᠳᠠᠢ ᠰᠠᠭᠤᠷᠢᠨ ᠳᠤ ᠪᠠᠶᠢᠭ᠎ᠠ ᠦᠶ᠎ᠡ ᠳᠤ ᠷᠸᠣᠷᠠᠨ ᠠᠶᠢᠮᠠᠭ ᠮᠦᠨ ᠲᠣᠪᠠ ᠰᠢᠶᠠᠨᠪᠸᠢ ᠠᠶᠢᠮᠠᠭ ᠲᠤ | ᠬᠠᠷᠢᠶᠠᠯᠠᠭᠳᠠᠨ ᠶᠡᠭᠡ ᠭᠤᠪᠢ ᠶᠢᠨ ᠡᠮᠦᠨ᠎ᠡ ᠬᠤᠶᠢᠭᠤᠷ ᠮᠠᠯᠵᠢᠵᠣ᠂ ᠵᠢᠯ ᠪᠦᠷᠢ ᠲᠣᠪᠠ ᠰᠢᠶᠠᠨᠪᠸᠢ ᠳᠤ ᠮᠠᠯ ᠤᠨ | ᠠᠰᠢᠭ ᠰᠢᠮ᠎ᠡ ᠪᠡ ᠠᠩ ᠤᠨ ᠠᠷᠠᠰᠣ ᠬᠦᠷᠦᠰᠦ ᠪᠠᠷ ᠠᠯᠪᠠ ᠪᠠᠷᠢᠳᠠᠭ ᠪᠠᠶᠢᠵᠠᠢ᠃ | ᠳ᠋ᠢ ᠰᠣ᠋ ᠶᠣᠸᠠᠨ ︵ᠲᠠᠶᠢᠰᠣᠭᠠᠨ︶᠄ ᠢᠬᠢᠷᠢᠰ ᠣᠪᠣᠭ ᠲᠠᠢ᠂ ᠪᠠᠳᠠᠢ ᠶᠢᠨ ᠬᠦᠪᠡᠭᠦᠨ᠂ ᠲᠡᠷᠡ ᠡᠴᠢᠭᠡ ᠪᠠᠨ | ᠵᠠᠯᠭᠠᠮᠵᠢᠯᠠᠨ ᠲᠦᠷᠪᠡᠳᠦᠭᠡᠷ ᠵᠠᠭᠤᠨ ᠤ ᠦᠶ᠎ᠡ ᠶᠢᠨ ᠷᠸᠣᠷᠠᠨ ᠠᠶᠢᠮᠠᠭ ᠤᠨ ᠲᠠᠪᠣᠳᠣᠭᠠᠷ ᠦᠶ᠎ᠡ ᠶᠢᠨ ᠠᠬᠠᠯᠠᠭᠴᠢ | ᠪᠣᠯᠵᠠᠢ᠃ ᠲᠠᠶᠢᠰᠣᠭᠠᠨ ᠦᠬᠦᠭᠰᠡᠨ ᠤ ᠰᠡᠭᠦᠯᠡᠷ᠂ ᠲᠡᠭᠦᠨ ᠤ ᠠᠬᠠᠮᠠᠳ ᠬᠦᠪᠡᠭᠦᠨ ᠫᠢ ᠾᠸᠥ ᠪᠠ ︵匹:从八 | 匸。八亦聲᠂ /*pʰit {*pʰi[t]}/᠂ ᠶᠠᠫᠣᠨ ᠬᠡᠯᠡᠨ ᠤ 音讀 ᠪᠠᠷ ひつ (hitsu) | ᠭᠡᠬᠦ ᠪᠣᠶᠣ ᠪᠠᠰᠠ ひき (hiki) ᠭᠡᠳᠡᠭ᠂ 候跋᠂ ᠲᠣᠰ ᠵᠣᠬᠢᠶᠠᠭᠴᠢ ᠶᠢᠨ ᠰᠡᠷᠭᠦᠭᠡᠭᠰᠡᠨ ᠠᠪᠢᠶ᠎ᠠ᠄ hi | gu bat ᠪᠣᠶᠣ ba hou bat᠂ ᠪᠠᠭᠠᠪᠠᠳᠣ᠂ ᠪᠠᠭ᠋ᠣᠪᠠᠳᠣ︶ ᠰᠠᠭᠤᠷᠢᠨ ᠵᠠᠯᠭᠠᠮᠵᠢᠯᠠᠵᠣ᠂ ᠣᠯᠣᠰ ᠤᠨ ᠢᠶᠠᠨ | ᠵᠡᠭᠦᠨ ᠬᠠᠭᠠᠰ ᠢ ᠲᠠᠷᠣᠩᠭᠤᠶᠢᠯᠠᠨ ᠰᠠᠭᠤᠵᠠᠢ᠃ ᠬᠠᠷᠢᠨ ᠲᠡᠭᠦᠨ ᠤ ᠲᠡᠳ᠋ ᠬᠦᠪᠡᠭᠦᠨ ᠨᠢ ᠣᠩᠭᠤᠷᠳᠡᠢ ︵ | ᠣᠩᠬᠤᠷᠳᠠᠢ᠂ 缊qunʔ᠂ 纥ɣət᠂ 提︶ ᠣᠯᠣᠰ ᠤᠨ ᠢᠶᠠᠨ ᠪᠠᠷᠠᠭᠤᠨ ᠡᠳᠡᠭᠡᠳ ᠢ | ᠲᠠᠷᠣᠩᠭᠤᠶᠢᠯᠠᠨ ᠰᠠᠭᠤᠪᠠ᠃ ᠢᠩᠬᠢᠭᠡᠳ ᠷᠸᠣᠷᠠᠨ ᠣᠯᠣᠰ ᠤᠨ ᠵᠠᠳᠠᠷᠠᠯ ᠤᠨ ᠰᠠᠭᠤᠷᠢ ᠲᠠᠯᠪᠢᠭᠳᠠᠵᠠᠢ᠃ | ᠵᠠᠳᠠᠷᠠᠯ ᠤᠨ ᠴᠠᠭ ᠦᠶ᠎ᠡ᠄ | ᠵᠡᠭᠦᠨ ᠡᠳᠡᠭᠡᠳ ᠤᠨ ᠷᠸᠣᠷᠠᠨ᠄ | ᠫᠢ ᠾᠸᠥ ᠪᠠ᠄ ᠢᠬᠢᠷᠢᠰ ᠣᠪᠣᠭ ᠲᠠᠢ᠂ ᠲᠠᠶᠢᠰᠣᠭᠠᠨ ᠤ ᠠᠬᠠᠮᠠᠳ ᠬᠦᠪᠡᠭᠦᠨ᠂ ᠲᠡᠷᠡ ᠪᠣᠯ ᠲᠦᠷᠪᠡᠳᠦᠭᠡᠷ | ᠵᠠᠭᠤᠨ ᠤ ᠦᠶ᠎ᠡ ᠶᠢᠨ ᠷᠸᠣᠷᠠᠨ ᠠᠶᠢᠮᠠᠭ ᠤᠨ ᠠᠬᠠᠯᠠᠭᠴᠢ ᠪᠠᠶᠢᠵᠠᠢ᠃ ᠡᠴᠢᠭᠡ ᠨᠢ ᠦᠬᠦᠭᠰᠡᠨ ᠤ ᠲᠠᠷᠠᠭ᠎ᠠ ᠲᠠᠷᠠ | ᠠᠬᠠᠮᠠᠳ ᠬᠦᠪᠡᠭᠦᠨ ᠤ ᠬᠤᠪᠢ ᠪᠠᠷ ᠡᠴᠢᠭᠡ ᠶᠢᠨ ᠢᠶᠠᠨ ᠰᠠᠭᠤᠷᠢᠨ ᠢ ᠵᠠᠯᠭᠠᠮᠵᠢᠯᠠᠵᠣ᠂ ᠣᠯᠣᠰ ᠤᠨ ᠢᠶᠠᠨ ᠵᠡᠭᠦᠨ | ᠬᠠᠭᠠᠰ ᠲᠤ ᠲᠠᠷᠣᠩᠭᠤᠶᠢᠯᠠᠨ ᠰᠠᠭᠤᠵᠠᠢ᠃ ᠬᠠᠷᠢᠨ ᠲᠡᠭᠦᠨ ᠤ ᠲᠡᠭᠦᠥ ᠣᠩᠬᠤᠷᠳᠠᠢ᠂ ᠡᠴᠢᠭᠡ ᠶᠢᠨ ᠢᠶᠠᠨ ᠲᠡᠳ᠋ | ᠬᠦᠪᠡᠭᠦᠨ ᠤ ᠬᠤᠪᠢ ᠪᠠᠷ ᠣᠯᠣᠰ ᠤᠨ ᠢᠶᠠᠨ ᠪᠠᠷᠠᠭᠤᠨ ᠬᠠᠭᠠᠰ ᠲᠤ ᠲᠠᠷᠣᠩᠭᠤᠶᠢᠯᠠᠨ ᠰᠠᠭᠤᠭᠰᠠᠨ ᠠᠴᠠ ᠣᠯᠣᠰ | ᠭᠦᠷᠦᠨ ᠨᠢ ᠬᠠᠭᠠᠴᠠᠭᠰᠠᠨ ᠪᠠᠶᠢᠳᠠᠯ ᠡᠬᠢᠯᠡᠨ ᠪᠣᠢ ᠪᠣᠯᠵᠠᠢ᠃ ᠲᠣᠬᠠᠢ ᠶᠢᠨ ᠦᠶ᠎ᠡ ᠳᠤ ᠡᠮᠦᠨᠡᠳᠦ ᠴᠢᠨ ᠣᠯᠣᠰ ᠤᠨ | ᠹᠦ᠋ ᠵᠢᠶᠠᠨ᠂ ᠳ᠋ᠠᠢ ᠣᠯᠣᠰ ︵ᠣᠮᠠᠷᠠᠳᠣ ᠸᠧᠢ ᠣᠯᠣᠰ ᠤᠨ ᠡᠬᠢᠨ ᠤ ᠦᠶ᠎ᠡ ᠶᠢᠨ ᠨᠡᠷ᠎ᠡ︶ ᠤᠨ ᠲᠣᠪᠠ ᠰᠢᠬᠢᠭᠡᠨ ︵拓 | 跋什翼犍᠂ 昭成皇帝 ᠨᠡᠷ᠎ᠡ 什翼犍si᠂ yi/hi᠂ gien᠂ ᠡᠨᠡ ᠦᠭᠡ ᠪᠣᠯ | ᠮᠣᠩᠭᠤᠯ ᠤᠨ ᠨᠢᠭᠤᠴᠠ ᠲᠣᠪᠴᠢᠶᠠᠨ ᠳᠤ ᠭᠠᠷᠳᠠᠭ ᠰᠢᠭᠢ ᠬᠤᠲᠣᠬᠤ ᠶᠢᠨ ᠰᠢᠬᠢ ᠭᠡᠳᠡᠭ ᠦᠭᠡ ᠲᠠᠢ ᠢᠵᠠᠭᠤᠷ | ᠨᠢᠭᠡᠳᠡᠢ ᠦᠭᠡ ᠪᠣᠯᠣᠨ᠎ᠠ᠃ ᠡᠭᠦᠨ ᠢ ᠪᠠᠰᠠ ᠰᠢᠬᠢᠵᠡᠢ ᠬᠤᠷᠣᠭᠤ ᠶᠢᠨ ᠰᠢᠬᠢᠵᠡᠢ ᠭᠡᠵᠦ ᠣᠶᠢᠯᠭᠠᠵᠣ ᠪᠣᠯᠣᠨ᠎ᠠ᠃ | ᠶᠠᠮᠠᠷ ᠪᠠᠶᠢᠭᠰᠠᠨ ᠬᠠᠮᠤᠭ ᠪᠠᠭ᠎ᠠ ᠣᠳᠬᠤᠨ ᠭᠡᠳᠡᠭ ᠣᠳᠬ᠎ᠠ ᠲᠠᠢ ᠡᠷᠳᠡᠨ ᠤ ᠮᠣᠩᠭᠤᠯ ᠦᠭᠡ ᠠᠵᠠᠢ︶ ᠢ | ᠮᠦᠬᠦᠭᠡᠭᠰᠡᠨᠡ᠂ ᠣᠩᠬᠤᠷᠳᠠᠢ ᠳᠦᠰᠢᠬᠦ ᠬᠦᠮᠦᠨ ᠦᠭᠡᠢ ᠪᠣᠯᠵᠣ᠂ ᠾᠦᠩᠨᠦ ᠶᠢᠨ ᠬᠤᠶᠢᠴᠢᠰ ᠪᠣᠯᠬᠤ ᠯᠢᠥ ᠸᠧᠢ | ᠴᠧᠨ ᠢ ᠲᠠᠭᠠᠵᠠᠢ᠃ ᠬᠤᠵᠢᠮ ᠰᠢᠬᠢᠭᠡᠨ ᠤ ᠬᠦᠪᠡᠭᠦᠨ ᠲᠣᠪᠠ ᠭᠦᠢ ︵拓跋珪︶ ᠣᠯᠣᠰ ᠢᠶᠠᠨ ᠲᠠᠬᠢᠨ | ᠰᠡᠷᠭᠦᠭᠡᠨ ᠪᠠᠶᠢᠭᠤᠯᠣᠭᠰᠠᠨ ᠤ ᠰᠡᠭᠦᠯᠡᠷ᠂ ᠴᠡᠷᠢᠭ ᠲᠣᠮᠢᠯᠠᠨ ᠷᠸᠣᠷᠠᠨ ᠬᠦᠮᠦᠰ ᠢ ᠲᠠᠶᠢᠯᠠᠭᠤᠯᠵᠣ᠂ ᠶᠡᠭᠡ ᠭᠤᠪᠢ | ᠶᠢᠨ ᠡᠮᠦᠨ᠎ᠡ ᠲᠠᠯ᠎ᠠ ᠳᠤ ᠪᠠᠶᠢᠭ᠎ᠠ ᠴᠣᠸᠠᠩ ᠱᠠᠨ ᠠᠭᠤᠯᠠᠨ ᠳᠤ ᠷᠸᠣᠷᠠᠨᠴᠣᠳ ᠢ ᠶᠡᠬᠡᠪᠡᠷ ᠢᠯᠠᠵᠣ᠂ ᠲᠡᠳᠡᠨᠡᠷ ᠤᠨ | ᠲᠠᠯ᠎ᠠ ᠬᠠᠭᠠᠰ ᠠᠶᠢᠮᠠᠭ ᠢ ᠣᠯᠵᠠᠯᠠᠵᠠᠢ᠃ ᠫᠢ ᠾᠸᠥ ᠪᠠ ᠪᠣᠯᠣᠨ ᠲᠡᠭᠦᠨ ᠤ ᠵᠠᠩᠵᠣᠨ ᠡᠣ ᠵᠢᠢ ᠲᠣᠰᠪᠣᠷ | ᠦᠯᠡᠳᠡᠭᠰᠡᠨ ᠠᠶᠢᠮᠠᠭ ᠪᠦᠯᠦᠭ ᠢᠶᠠᠨ ᠬᠤᠷᠢᠶᠠᠨ ᠴᠣᠭᠯᠠᠭᠤᠯᠵᠣ ᠣᠮᠠᠷᠠᠰᠢ ᠲᠣᠳᠠᠭᠠᠨ ᠶᠠᠪᠣᠪᠠ᠃ ᠣᠮᠠᠷᠠᠳᠣ ᠸᠧᠢ | ᠣᠯᠣᠰ ᠤᠨ ᠵᠠᠩᠵᠣᠨ ᠵᠠᠩ ᠰᠦᠨ ᠰᠦᠩ ᠪᠣᠯᠣᠨ ᠫᠢᠩ ᠸᠠᠩ ᠬᠡᠷᠭᠢᠮᠳᠡᠨ ᠲᠣᠪᠠ ᠴᠣᠸᠠᠨ ᠨᠡᠬᠡᠨ ᠭᠦᠢᠴᠡᠵᠦ᠂ | ᠡᠣ ᠵᠢᠢ ᠶᠢ ᠪᠠᠷᠢᠪᠴᠢᠯᠠᠨ ᠠᠯᠠᠪᠠ᠃ ᠵᠠᠩ ᠰᠦᠨ ᠹᠸᠢ ᠵᠡᠵᠡᠭᠡᠷ ᠠᠭᠤᠯᠠ ︵涿邪山᠂ ᠲᠣᠰ ᠠᠭᠤᠯᠠ | ᠣᠳᠣᠬᠢ ᠮᠣᠩᠭᠤᠯ ᠣᠯᠣᠣᠰ ᠤᠨ ᠴᠡᠴᠡᠷᠯᠢᠭ ᠬᠤᠳᠠ ᠠᠴᠠ ᠣᠶᠢᠷᠬᠠᠨ ᠪᠠᠶᠢᠨ᠎ᠠ︶ ᠳᠤ ᠫᠢ ᠾᠸᠥ ᠪᠠ ᠶᠢ ᠨᠡᠬᠡᠨ | ᠭᠦᠢᠴᠡᠨ ᠲᠠᠶᠢᠯᠠᠯᠳᠣᠭᠰᠠᠨᠠ ᠫᠢ ᠾᠸᠥ ᠪᠠ ᠲᠠᠬᠢᠨ ᠢᠯᠠᠭᠳᠠᠨ ᠪᠦᠬᠦ ᠠᠶᠢᠮᠠᠭ ᠢᠶᠠᠨ ᠲᠠᠭᠠᠭᠤᠯᠣᠨ ᠪᠠᠭᠤᠵᠣ ᠦᠭᠬᠦ | ᠪᠠᠷ ᠭᠤᠶᠣᠴᠢᠯᠠᠵᠠᠢ᠃ | ᠨᠡᠶᠢᠳᠡ ᠶᠢᠨ ᠣᠨ ᠲᠣᠭᠠᠯᠠᠯ ᠤᠨ 394 ᠣᠨ ᠳᠤ ᠣᠩᠬᠤᠷᠳᠠᠢ ᠶᠢᠨ ᠬᠦᠪᠡᠭᠦᠨ ᠲᠣᠯᠣᠨ ︵社 | /*m-tʰaʔ {*m-tʰAʔ}/ ᠨᠡᠩ ᠲᠡᠭᠡᠳᠦ ᠡᠷᠳᠡᠨ ᠤ ᠠᠪᠢᠶ᠎ᠠ ᠨᠢ ᠣᠶᠢᠷᠠᠯᠴᠠᠭ᠎ᠠ ᠪᠠᠷ ᠲᠠ᠂ ᠲᠠᠷᠣᠢ | Thaʔ ᠪᠠᠶᠢᠵᠠᠢ ᠭᠡᠳᠡᠭ᠃ ᠵᠢᠭᠠᠬᠠᠨ ᠬᠤᠵᠢᠮ ᠤᠨ ᠦᠶ᠎ᠡ ᠪᠣᠯᠬᠤ ᠪᠠᠶᠢᠯᠳᠣᠭᠠᠨᠳᠣ ᠣᠯᠣᠰ ᠤᠨ ᠡᠴᠦᠰ ᠤᠨ | ᠦᠶ᠎ᠡ ᠪᠠᠷ ȡi̯ɔ ᠪᠣᠯᠵᠠᠢ ᠭᠡᠵᠦ ᠦᠵᠡᠵᠦ ᠪᠣᠢ᠂ ᠡᠨᠡᠬᠦ ȡi̯ɔ ᠨᠢ ᠲᠠᠩ ᠣᠯᠣᠰ ᠪᠣᠯᠳᠠᠯᠠᠬᠢ ᠣᠷᠳᠣ | ᠬᠤᠭᠤᠴᠠᠭᠠᠨ᠎ᠠ ᠪᠦᠷ ᠢᠩᠬᠢᠵᠦ ᠠᠪᠢᠶᠠᠯᠠᠨ ᠬᠡᠷᠡᠭᠯᠡᠭᠳᠡᠵᠦ ᠪᠠᠶᠢᠵᠠᠢ᠃ ᠭᠡᠪᠡᠴᠦ ȡi̯ɔ ᠪᠣᠯ ᠣᠶᠢᠷᠠᠯᠴᠠᠭ᠎ᠠ | ᠪᠠᠷ Do ᠭᠡᠵᠦ ᠣᠩᠰᠢᠭᠳᠠᠨ᠎ᠠ᠂ 崘luən᠃ ᠡᠶᠢᠮᠦ ᠠᠴᠠ ᠲᠣᠰ ᠨᠡᠷ᠎ᠡ ᠦᠭᠡ ᠪᠣᠯ ᠮᠣᠩᠭᠤᠯ ᠬᠡᠯᠡᠨ ᠤ | ᠲᠣᠯᠣᠨ ᠭᠡᠰᠡᠨ ᠦᠭᠡ ᠪᠣᠯᠣᠨ᠎ᠠ᠃ ᠲᠣᠯᠣᠨ ᠭᠡᠪᠡᠯ ᠦᠳᠡᠰᠢ ᠶᠢᠨ ᠲᠣᠯᠣᠩ᠂ ᠦᠳᠡᠰᠢ ᠶᠢᠨ ᠲᠣᠶᠠᠭ᠎ᠠ ᠭᠡᠳᠡᠭ | ᠣᠳᠬ᠎ᠠ ᠪᠦᠬᠦᠢ ᠮᠣᠩᠭᠤᠯ ᠦᠭᠡ ᠶᠣᠮ︶ ᠬᠡᠳᠦᠨ ᠵᠠᠭᠤᠨ ᠲᠠᠭᠠᠭᠰᠠᠳ ᠢᠶᠠᠨ ᠲᠠᠭᠠᠭᠤᠯᠵᠣ᠂ ᠶᠡᠭᠡ ᠠᠪᠠᠭ᠎ᠠ ᠫᠢ | ᠾᠸᠥ ᠪᠠ ᠪᠠᠨ ᠲᠠᠭᠠᠷ᠎ᠠ ᠢᠷᠡᠪᠡ᠃ ᠫᠢ ᠾᠸᠥ ᠪᠠ ᠲᠡᠭᠦᠨ ᠢ ᠦᠪᠡᠷ ᠤᠨ ᠣᠷᠳᠣᠨ ᠤ ᠪᠠᠨ ᠡᠮᠦᠨ᠎ᠡ ᠲᠠᠯ᠎ᠠ ᠶᠢᠨ | ᠲᠠᠪᠣᠨ ᠵᠠᠭᠤᠨ ᠭᠠᠵᠠᠷ ᠤᠨ ᠦᠵᠦᠭᠦᠷ ᠲᠤ ᠨᠣᠳᠣᠭᠯᠠᠭᠤᠯᠵᠣ᠂ ᠲᠦᠷᠪᠡᠨ ᠬᠦᠪᠡᠭᠦᠨ ᠢᠶᠠᠷ ᠢᠶᠠᠨ ᠬᠢᠨᠠᠨ | ᠬᠠᠷᠠᠭᠤᠯᠪᠠ᠃ ᠣᠳᠠᠯ ᠦᠭᠡᠢ ᠲᠣᠯᠣᠨ ᠦᠪᠡᠷ ᠤᠨ ᠲᠣᠣᠷᠠᠬᠢ ᠬᠦᠮᠦᠰ ᠢᠶᠠᠨ ᠲᠠᠭᠠᠭᠤᠯᠣᠨ ᠭᠡᠨᠡᠳᠳᠡ ᠪᠠᠷ | ᠲᠣᠪᠳᠣᠯᠣᠨ᠂ ᠫᠢ ᠾᠸᠥ ᠪᠠ ᠶᠢᠨ ᠲᠦᠷᠪᠡᠨ ᠬᠦᠪᠡᠭᠦᠳ ᠢ ᠪᠦᠷ ᠪᠠᠷᠢᠪᠴᠢᠯᠠᠨ ᠠᠪᠴᠣ᠂ ᠲᠡᠶᠢᠯᠦᠭᠰᠡᠨ ᠡᠷᠴᠢᠨ | ᠲᠡᠭᠡᠷ᠎ᠡ ᠪᠠᠨ ᠫᠢ ᠾᠸᠥ ᠪᠠ ᠶᠢ ᠲᠠᠭᠠᠷᠢᠨ ᠠᠮᠢᠳᠣ ᠪᠠᠷ ᠪᠠᠷᠢᠪᠴᠢᠯᠠᠪᠠ᠃ ᠫᠢ ᠾᠸᠥ ᠪᠠ ᠶᠢᠨ ᠪᠣᠰᠣᠳ ᠣᠯᠠᠨ | ᠬᠦᠪᠡᠭᠦᠳ ᠦᠯᠡᠳᠡᠭᠰᠡᠨ ᠠᠶᠢᠮᠠᠭ ᠣᠯᠠᠨ ᠢᠶᠠᠨ ᠬᠤᠷᠢᠶᠠᠨ ᠴᠣᠭᠯᠠᠭᠤᠯᠵᠣ᠂ ᠪᠣᠷᠣᠭᠤᠯᠠᠨ ᠶᠠᠪᠣᠵᠣ ᠦᠨᠳᠦᠷ | ᠲᠡᠷᠭᠡᠳᠦ ᠶᠢᠨ ᠬᠤᠷᠢ ︵斛律︶ ᠣᠪᠣᠭᠳᠠᠨ ᠢ ᠲᠦᠰᠢᠷ᠎ᠡ ᠶᠠᠪᠣᠪᠠ᠃ ᠲᠣᠯᠣᠨ ᠮᠠᠰᠢ ᠣᠯᠠᠨ ᠠᠷᠭ᠎ᠠ | ᠪᠣᠳᠣᠯᠭ᠎ᠠ ᠲᠠᠢ ᠬᠦᠮᠦᠨ ᠲᠣᠯᠠ ᠨᠢᠭᠡ ᠰᠠᠷ᠎ᠠ ᠶᠢᠨ ᠲᠠᠷᠠᠭ᠎ᠠ ᠫᠢ ᠾᠸᠥ ᠪᠠ ᠶᠢ ᠲᠠᠯᠪᠢᠨ ᠢᠯᠡᠭᠡᠵᠦ᠂ ᠲᠡᠭᠦᠨ ᠤ | ᠣᠯᠠᠨ ᠬᠦᠪᠡᠭᠦᠳ ᠤᠨ ᠬᠤᠷᠠᠨ ᠢᠷᠡᠬᠦ ᠶᠢ ᠬᠦᠯᠢᠶᠡᠨ ᠪᠠᠶᠢᠵᠣ ᠪᠦᠬᠦᠨ ᠢ ᠬᠤᠮᠣᠷᠭᠠᠯᠠᠨ ᠠᠯᠠᠬᠤ ᠪᠠᠷ ᠪᠠᠵᠠᠭᠠᠵᠠᠢ᠃ | ᠢᠩᠬᠢᠵᠦ ᠴᠠᠭ ᠨᠢ ᠪᠣᠯᠣᠮᠠᠭᠴᠠ ᠲᠣᠯᠣᠨ ᠭᠡᠨᠡᠳᠳᠡ ᠪᠠᠷ ᠴᠡᠷᠢᠭ ᠡᠭᠦᠰᠭᠡᠨ ᠲᠣᠪᠳᠣᠯᠵᠣ᠂ ᠫᠢ ᠾᠸᠥ ᠪᠠ ᠶᠢ | ᠠᠯᠠᠪᠠ᠃ ᠫᠢ ᠾᠸᠥ ᠪᠠ ᠶᠢᠨ ᠬᠦᠪᠡᠭᠦᠳ ᠠᠴᠠ ᠴᠢ ᠪᠠ ︵启kʰeːʔ / kʰeɣ᠂ 拔 bod | ᠺᠧᠪᠦᠳ᠂ ᠭᠡᠪᠦᠳ︶ ᠡᠣ ᠵᠢᠶᠧ ︵吴ŋo颉 kriːd /kat ᠣᠺᠠᠲ᠋ᠣ = ᠣᠬᠠᠭᠠᠳᠣ︖︶ ᠵᠡᠷᠭᠡ | ᠠᠷᠪᠠᠨ ᠲᠠᠪᠣᠬᠠᠨ ᠬᠦᠮᠦᠨ ᠲᠣᠳᠠᠭᠠᠨ ᠭᠠᠷᠴᠣ᠂ ᠣᠮᠠᠷᠠᠳᠣ ᠸᠧᠢ ᠣᠯᠣᠰ ᠤᠨ ᠲᠠᠶᠢᠽᠣ ᠬᠠᠭᠠᠨ ᠲᠣᠪᠠ ᠭᠦᠢ ᠳᠤ | ᠲᠠᠭᠠᠷ᠎ᠠ ᠣᠷᠣᠪᠠ᠃ ᠢᠩᠬᠢᠭᠡᠳ ᠷᠸᠣᠷᠠᠨ ᠤ ᠵᠡᠭᠦᠨ ᠡᠳᠡᠭᠡᠳ ᠲᠤ ᠪᠠᠶᠢᠭᠰᠠᠨ ᠫᠢ ᠾᠸᠥ ᠪᠠ ᠶᠢᠨ ᠨᠢᠭᠡᠨ ᠠᠶᠢᠮᠠᠭ | ᠮᠦᠬᠦᠨ ᠰᠦᠨᠦᠵᠡᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |