| 1. ᠦᠬᠡᠷ — ᠦᠬᠡᠷ ᠤᠨ ᠶᠡᠷᠥᠩᠬᠡᠢ ᠨᠡᠷᠡᠶᠢᠳᠦᠯᠭᠡ ᠮᠥᠷᠳᠡᠭᠡᠨ ᠪᠣᠰᠣᠳ ᠨᠣᠳᠤᠭ ᠲᠤ ᠬᠡᠯᠡᠳᠡᠭ ︽ᠦᠨᠢᠶ᠎ᠡ︾ | ᠶᠢ ᠮᠦᠨ ︽ᠦᠬᠡᠷ︾ ᠭᠡᠬᠦ ᠪᠣᠶᠣ ︽ᠬᠡᠣᠬᠡᠨ ᠦᠬᠡᠷ︾ ᠭᠡᠵᠣ ᠨᠡᠷᠡᠯᠡᠳᠡᠭ᠃ | 2. ᠪᠣᠬ᠎ᠠ — ᠭᠤᠷᠪᠠᠨ ᠨᠠᠰᠣᠨ ᠠᠴᠠ ᠲᠡᠭᠡᠭᠰᠢ ᠶᠠᠰᠠᠭᠰᠠᠨ ︵ᠵᠠᠰᠠᠭᠰᠠᠨ︶ ᠦᠭᠡᠢ ᠡᠷ᠎ᠡ ᠦᠬᠡᠷ᠃ ᠨᠠᠰᠣᠨ ᠤ | ᠢᠯᠭᠠᠯ ᠢᠶᠠᠷ ᠨᠢ ︽ᠭᠤᠨᠠᠨ ᠪᠣᠬ᠎ᠠ︾᠂ ︽ᠲᠦᠨᠡᠨ ᠪᠣᠬ᠎ᠠ︾ ᠭᠡᠬᠦ ᠮᠡᠳᠦ ᠨᠡᠷᠡᠯᠡᠳᠡᠭ᠃ | 3. ᠴᠠᠷ ︵ᠱᠠᠷ︶ — ᠶᠠᠰᠠᠭᠰᠠᠨ ᠡᠷ᠎ᠡ ᠦᠬᠡᠷ ᠢ ︽ᠴᠠᠷ︾ ᠭᠡᠳᠡᠭ᠃ ᠨᠠᠰᠣᠨ ᠤ ᠢᠯᠭᠠᠯ ᠢᠶᠠᠷ ᠨᠢ ︽ᠭᠤᠨᠠᠨ | ᠴᠠᠷ︾᠂ ︽ᠲᠦᠨᠡᠨ ᠴᠠᠷ︾ ᠭᠡᠬᠦ ᠮᠡᠳᠦ ᠨᠡᠷᠡᠯᠡᠳᠡᠭ᠃ | 4. ᠰᠣᠪᠠᠢ ᠦᠬᠡᠷ — ᠬᠡᠬᠡᠯ ᠲᠣᠭᠳᠠᠬᠤ ᠦᠭᠡᠢ ᠦᠨᠵᠢᠭᠰᠡᠨ ᠦᠬᠡᠷ ᠢ ᠲᠡᠷᠡ ᠵᠢᠯ ᠳᠤᠨᠢ ︽ᠰᠣᠪᠠᠢ ᠦᠬᠡᠷ︾ | ᠭᠡᠳᠡᠭ᠃ | | 5. ᠬᠤᠰᠠᠷᠠᠩ ᠦᠬᠡᠷ — ᠰᠣᠪᠠᠶᠢᠷᠠᠭᠰᠠᠨ ᠪᠣᠯᠪᠠᠴᠣ ᠲᠡᠯᠡᠩ ᠨᠢ ᠰᠢᠷᠬᠢᠯ ᠦᠭᠡᠢ ᠪᠢᠷᠠᠭᠤ ᠪᠠᠨ ᠬᠦᠬᠦᠬᠦᠯᠵᠣ | ᠪᠠᠶᠢᠭ᠎ᠠ ᠦᠬᠡᠷ ᠢ ᠵᠢᠭᠠᠳᠠᠭ᠃ | 6. ᠲᠣᠭᠤᠯ — ᠨᠢᠭᠡ ᠨᠠᠰᠣᠨ ᠤ ᠲᠣᠳᠣᠷᠠᠬᠢ ᠦᠬᠡᠷ ᠤᠨ ᠲᠦᠯ ᠢ ︽ᠲᠣᠭᠤᠯ︾ ᠭᠡᠳᠡᠭ ᠪᠠ ᠭᠠᠭᠴᠠ | ᠪᠠᠶ᠎ᠠ ᠳᠤᠨᠢ ᠮᠦᠨ ︽ᠲᠣᠭᠤᠯ︾ ᠭᠡᠳᠡᠭ᠃ ᠬᠦᠢᠰᠦᠨ ᠤ ᠢᠯᠭᠠᠯ ᠢᠶᠠᠷ ᠨᠢ ᠡᠷ᠎ᠡ ᠲᠣᠭᠤᠯ᠂ ᠬᠡᠣᠬᠡᠨ ᠲᠣᠭᠤᠯ | ᠭᠡᠵᠣ ᠢᠯᠭᠠᠳᠠᠭ᠃ | 7. ᠪᠢᠷᠠᠭᠤ — ᠬᠤᠶᠠᠷ ᠨᠠᠰᠣᠲᠠᠢ ᠦᠭᠡᠷ ᠢ ᠵᠢᠭᠠᠳᠠᠭ᠃ ᠬᠦᠢᠰᠦᠨ ᠤ ᠢᠯᠭᠠᠯ ᠢᠶᠠᠷ ᠨᠢ ︽ᠡᠷ᠎ᠡ ᠪᠢᠷᠠᠭᠤ︾᠂ ︽ | ᠬᠡᠣᠬᠡᠨ ᠪᠢᠷᠠᠭᠤ︾ ᠭᠡᠵᠣ᠂ ᠶᠠᠰᠠᠭᠰᠠᠨ ᠦᠭᠡᠢ ᠦᠯᠡᠳᠡᠭᠡᠭᠰᠡᠨ ᠪᠢᠷᠠᠭᠤ ᠶᠢ ᠲᠡᠷᠡ ᠵᠢᠯ ᠳᠤᠨᠢ ︽ᠪᠢᠷᠠᠭᠤ ᠪᠣᠬ᠎ᠠ︾ | ᠭᠡᠳᠡᠭ᠃ | | | | | | | 8. ᠭᠤᠨᠠᠨ — ᠭᠤᠷᠪᠠᠨ ᠨᠠᠰᠣ ᠲᠠᠢ ᠶᠠᠰᠠᠭᠰᠠᠨ ᠡᠷ᠎ᠡ ᠦᠬᠡᠷ ᠪᠣᠶᠣ ᠰᠢᠳᠣᠯᠡᠩ ᠱᠠᠷ ᠢ ᠵᠢᠭᠠᠳᠠᠭ᠃ | 9. ᠭᠤᠨᠵᠢᠨ — ᠭᠤᠷᠪᠠᠨ ᠨᠠᠰᠣᠲᠠᠢ ᠬᠡᠣᠬᠡᠨ ᠦᠬᠡᠷ ᠢ ᠵᠢᠭᠠᠳᠠᠭ᠃ ᠭᠤᠨ᠎ᠠ ᠣᠷᠣᠬᠤ ᠶᠢᠨ ᠡᠮᠣᠨᠡᠬᠢ ᠬᠡᠣᠬᠡᠨ | ᠪᠢᠷᠠᠭᠤ ᠶᠢ ︽ᠪᠢᠷᠠᠭᠤ ᠭᠤᠨᠵᠢᠨ︾ ᠭᠡᠳᠡᠭ᠃ | 10. ᠲᠦᠨᠡᠨ — ᠳᠦᠷᠪᠡᠨ ᠨᠠᠰᠣᠲᠠᠢ ᠶᠠᠰᠠᠭᠰᠠᠨ ᠡᠷ᠎ᠡ ᠦᠬᠡᠷ ᠢ ᠵᠢᠭᠠᠳᠠᠭ᠃ | 11. ᠲᠦᠨᠵᠢᠨ — ᠳᠦᠷᠪᠡᠨ ᠨᠠᠰᠣᠲᠠᠢ ᠬᠡᠣᠬᠡᠨ ᠦᠬᠡᠷ ᠢ ᠵᠢᠭᠠᠳᠠᠭ᠃ | 12. ᠨᠡᠮᠡᠯᠳᠡ ᠳᠦᠨᠵᠢᠨ — ᠪᠣᠬ᠎ᠠ ᠠᠴᠠ ᠭᠠᠷᠣᠭᠰᠠᠨ ︵ᠬᠡᠬᠡᠯᠳᠦᠭᠰᠡᠨ︶ ᠯᠠᠪ ᠲᠦᠷᠦᠬᠦ ᠪᠣᠯᠣᠯᠴᠠᠭ᠎ᠠ ᠲᠠᠢ | ᠳᠦᠨᠵᠢᠨ ᠦᠭᠡᠷ ᠢ ᠵᠢᠭᠠᠳᠠᠭ᠃ | 13. ᠲᠣᠣᠯᠣᠨ — ᠲᠠᠪᠣᠨ ᠨᠠᠰᠣᠲᠠᠢ ᠶᠠᠰᠠᠭᠰᠠᠨ ᠡᠷ᠎ᠡ ᠦᠬᠡᠷ ᠢ ᠵᠢᠭᠠᠳᠠᠭ᠃ | 14. ᠲᠣᠣᠯᠵᠢᠨ — ᠲᠠᠪᠣᠨ ᠨᠠᠰᠣᠲᠠᠢ ᠬᠡᠣᠬᠡᠨ ᠦᠬᠡᠷ ᠢ ᠵᠢᠭᠠᠳᠠᠭ᠃ | | ᠲᠠᠪᠣᠨ ᠨᠠᠰᠣᠨ ᠠᠴᠠ ᠳᠡᠭᠡᠭᠰᠢᠬᠢ ᠶᠢ ᠨᠢ ︽ᠪᠦᠲᠦᠭᠦᠨ ᠦᠬᠡᠷ︾᠂ ︽ᠪᠦᠲᠦᠭᠦᠨ ᠴᠠᠷ︾᠂ ︽ | ᠨᠠᠰᠣᠲᠠᠢ ᠦᠬᠡᠷ︾᠂ ︽ᠨᠠᠰᠣᠲᠠᠢ ᠴᠠᠷ︾᠂ ︽ᠨᠠᠰᠣᠲᠠᠢ ᠪᠣᠬ᠎ᠠ︾ ᠭᠡᠬᠦ ᠪᠣᠶᠣ ᠬᠦᠭᠰᠢᠷᠡᠪᠡᠯ ᠭᠦᠭᠰᠢᠨ ᠢᠶᠠᠷ ᠨᠢ | ᠲᠣᠳᠣᠳᠬᠠᠵᠣ ᠨᠠᠷᠡᠯᠡᠳᠡᠭ᠃ | 15. ᠠᠰᠠᠮᠠᠨ ᠪᠣᠬ᠎ᠠ — ᠪᠣᠬ᠎ᠠ ᠲᠠᠯᠪᠢᠵᠣ ᠪᠠᠶᠢᠭᠠᠳ ᠬᠤᠶᠢᠨ᠎ᠠ ᠨᠢ ᠶᠠᠰᠠᠭᠰᠠᠨ ᠪᠣᠬ᠎ᠠ ᠶᠢ ᠵᠢᠭᠠᠳᠠᠭ᠃ | 16. ᠬᠠᠶᠢᠨᠤᠭ — ᠦᠬᠡᠷ ᠪᠣᠯᠣᠨ ᠰᠠᠷᠯᠤᠭ ᠤᠨ ᠬᠤᠭᠤᠷᠣᠨᠲᠣ ᠠᠴᠠ ᠭᠠᠷᠣᠭᠰᠠᠨ ᠪᠡᠯᠳᠡᠷ ︵ᠡᠷᠯᠢᠰᠡ︶ | ᠦᠬᠡᠷ ᠢ ᠵᠢᠭᠠᠳᠠᠭ᠃ | 17. ᠰᠠᠷᠯᠤᠭ — ᠪᠦᠬᠦ ᠨᠡᠷᠡᠶᠢᠳᠦᠯᠭᠡ ᠨᠢ ᠦᠬᠡᠷ ᠤᠨ ᠨᠡᠷᠡᠶᠢᠳᠦᠯᠭᠡ ᠲᠠᠢ ᠶᠠᠭ ᠠᠳᠠᠯᠢ ᠪᠠᠶᠢᠳᠠᠭ᠃ | ᠵᠣᠬᠢᠶᠠᠭᠴᠢ᠄ ᠲ᠊· ᠨᠠᠮᠵᠢᠯ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |