| | ᠦᠭᠡᠭ᠂ ᠲᠠᠯᠪᠢᠭᠤᠷ᠄ ᠠᠪᠳᠠᠷ᠎ᠠ ᠲᠠᠢ ᠠᠳᠠᠯᠢ ᠬᠢᠴᠡ ᠲᠠᠢ ᠮᠠᠯᠴᠢᠨ ᠨᠤᠲᠤᠭ ᠲᠤ ᠪᠠᠶᠢᠩᠭᠤ ᠬᠡᠷᠡᠭᠯᠡᠭᠳᠡᠳᠡᠭ | ᠪᠠᠰᠠ ᠨᠢᠭᠡ ᠡᠳ᠋ᠯᠡᠮᠤᠰᠢ ᠪᠣᠯᠪᠠᠯ ᠦᠭᠡᠭ ᠪᠣᠯᠬᠤ ᠶᠤᠮ᠃ ᠦᠭᠡᠭ ᠢ ᠶᠡᠷᠦ ᠳᠡᠭᠡᠨ ᠪᠠᠷᠢᠭ᠎ᠠ ᠭᠡᠷ ᠤᠨ ᠵᠡᠭᠦᠨ | ᠪᠡᠶ᠎ᠡ ᠶᠢᠨ ᠣᠷᠤᠨ ᠤ ᠬᠦᠯ ᠲᠤᠰ ᠲᠠᠯᠪᠢᠳᠠᠭ ᠪᠦᠭᠡᠳ ᠭᠤᠣᠯᠳᠠᠭᠤ ᠬᠤᠷᠤᠰᠤ ᠲᠤᠰᠤ᠂ ᠠᠶᠠᠭ᠎ᠠ ᠲᠠᠪᠠᠭ ᠮᠡᠲᠦ | ᠡᠯᠳᠡᠪ ᠵᠦᠢᠯ ᠢᠶᠠᠨ ᠲᠦᠷᠦᠵᠦ ᠲᠠᠯᠪᠢᠬᠤ ᠳᠤ ᠬᠡᠷᠡᠭᠯᠡᠳᠡᠭ᠃ ᠦᠭᠡᠭ ᠤᠨ ᠠᠪᠳᠠᠷ᠎ᠠ ᠠᠴᠠ ᠢᠯᠭᠠᠭᠳᠠᠬᠤ ᠨᠢᠭᠡ | ᠣᠨᠴᠠᠯᠢᠭ ᠨᠢ ᠭᠡᠪᠡᠯ᠂ ᠳᠡᠭᠡᠷ᠎ᠡ ᠨᠢ ᠦᠭᠡᠳᠡ ᠰᠡᠬᠦᠬᠦ ᠬᠠᠪᠬᠠᠭ ᠬᠢᠳᠡᠭ ᠪᠢᠰᠢ᠂ ᠬᠠᠷᠢᠨ ᠡᠮᠦᠨ᠎ᠡ ᠨᠢᠭᠤᠷ ᠤᠨ | ᠳᠡᠭᠡᠲᠤ ᠬᠠᠭᠠᠰ ᠲᠤᠨᠢ ᠬᠠᠪᠬᠠᠭ ᠬᠢᠳᠡᠭ ᠪᠠ ᠤᠷᠤᠭᠤ ᠡᠷᠭᠢᠭᠦᠯᠵᠦ ᠰᠡᠬᠦᠬᠦ ᠬᠠᠭᠠᠭᠤᠯ ᠬᠢᠳᠡᠭ᠃ ᠡᠭᠦᠨ ᠤ ᠤᠴᠢᠷ | ᠪᠣᠯᠪᠠᠯ ᠦᠭᠡᠭ ᠤᠨ ᠳᠡᠭᠡᠷ᠎ᠡ ᠲᠠᠪᠠᠭ ᠳ᠋ᠢᠶᠧᠽᠢ ᠮᠡᠲᠦ ᠵᠦᠢᠯ ᠢ ᠲᠠᠯᠪᠢᠳᠠᠭ ᠲᠤᠯᠠ ᠳᠡᠭᠡᠲᠤ ᠪᠡᠶ᠎ᠡ ᠳᠤᠨᠢ ᠬᠠᠪᠬᠠᠭ | ᠬᠢᠵᠤ ᠣᠷᠬᠢᠪᠠᠯ ᠲᠤᠲᠤᠷ᠎ᠠ ᠠᠴᠠ ᠨᠢ ᠶᠠᠭᠤᠮ᠎ᠠ ᠬᠡᠤᠮ᠎ᠡ ᠠᠪᠬᠤ ᠳᠤ ᠳᠦᠭᠦᠮ ᠪᠢᠰᠢ ᠪᠣᠯᠳᠠᠭ᠃ ᠡᠨᠡ ᠡᠳ᠋ᠯᠡᠯ ᠢ | ᠯᠦᠨᠲ᠋ᠤ ᠶᠢᠨ ᠨᠠᠶᠢᠷᠠᠭᠤᠯᠤᠭᠰᠠᠨ ︽ᠣᠶᠢᠷᠠᠳ ᠨᠤᠲᠤᠭ ᠤᠨ ᠠᠶᠠᠯᠭᠤᠨ ᠤ ᠦᠭᠡᠰ ᠤᠨ ᠬᠤᠷᠢᠶᠠᠩᠭᠤᠢ︾ ᠭᠡᠬᠦ | ᠲᠣᠯᠢ ᠳᠤ ︽ᠲᠡᠮᠡᠭᠡ ᠮᠣᠷᠢᠨ ᠳᠤ ᠠᠴᠢᠵᠤ ᠶᠠᠪᠤᠬᠤ ᠲᠤᠮᠤ ᠠᠪᠳᠠᠷ᠎ᠠ︾ ᠭᠡᠵᠦ ᠲᠠᠶᠢᠯᠪᠤᠷᠢᠯᠠᠭᠰᠠᠨ ᠪᠠᠶᠢᠨ᠎ᠠ᠃ | | | ᠪᠠᠷᠢᠭ᠎ᠠ ᠭᠡᠷ ᠲᠤ ᠪᠠᠶᠢᠷᠢᠯᠠᠳᠠᠭ ᠤᠯᠤᠰ ᠲᠠᠯᠪᠢᠭᠤᠷ ᠪᠤᠶᠤ ᠲᠠᠯᠪᠢᠴᠠ ᠭᠡᠳᠡᠭ ᠮᠣᠳᠤᠨ ᠡᠳ᠋ᠯᠡᠯ ᠢ ᠴᠤᠭᠭᠠᠷ | ᠬᠡᠯᠲᠡᠢ ᠬᠡᠷᠡᠭᠯᠡᠳᠡᠭ᠃ ᠡᠨᠡ ᠬᠦ ᠲᠠᠯᠪᠢᠭᠤᠷ ᠨᠢ ᠬᠤᠶᠠᠷ ᠵᠦᠢᠯ ᠪᠣᠯᠳᠠᠭ ᠪᠠ ᠨᠢᠭᠡ ᠨᠢ ᠪᠠᠷᠢᠭ᠎ᠠ ᠭᠡᠷ ᠤᠨ ᠳᠤᠲᠤᠷ᠎ᠠ | ᠦᠭᠡᠭ ᠤᠨ ᠳᠣᠣᠷᠠᠳᠤ ᠪᠡᠶ᠎ᠡ ᠪᠠᠷ ᠪᠠᠶᠢᠷᠢᠰᠢᠯᠠᠭᠤᠯᠳᠠᠭ ᠳᠠᠪᠬᠤᠷ ᠲᠠᠯᠪᠢᠭᠤᠷ᠂ ᠨᠦᠭᠦᠭᠡ ᠨᠢ ᠬᠤᠷᠤᠰᠤ ᠰᠢᠭᠦᠷᠡᠮᠡᠭ | ᠳᠡᠯᠭᠡᠵᠦ ᠬᠠᠳᠠᠭᠠᠯᠠᠬᠤ ᠳᠤ ᠬᠡᠷᠡᠭᠯᠡᠬᠦ ᠲᠠᠩ ᠲᠠᠯᠪᠢᠭᠤᠷ ᠪᠣᠯᠬᠤ ᠶᠤᠮ᠃ ᠳᠠᠪᠬᠤᠷ ᠲᠠᠯᠪᠢᠭᠤᠷ ᠢ ᠬᠤᠶᠠᠷ ᠪᠤᠶᠤ | ᠭᠤᠷᠪᠠᠨ ᠳᠠᠪᠬᠤᠷ ᠬᠢᠳᠡᠭ᠃ ᠲᠡᠭᠡᠬᠦ ᠳᠡᠭᠡᠨ ᠤᠷᠲᠤ ᠪᠠᠷ ᠢᠶᠠᠨ ᠨᠢᠭᠡ ᠬᠠᠭᠠᠰ ᠮᠧᠲᠷ ᠪᠠᠷᠤᠭ ᠲᠠᠢ᠂ ᠦᠷᠭᠡᠨ ᠢᠶᠠᠷ | ᠨᠢ ᠨᠠᠶᠠᠨ ᠰᠠᠨᠲ᠋ᠢᠮᠧᠲᠷ ᠪᠠᠷᠤᠭ ᠲᠠᠢ ᠪᠠᠶᠢᠵᠤ᠂ ᠶᠡᠷᠤ ᠶᠢᠨ ᠪᠠᠶᠢᠳᠠᠯ ᠳᠤ ᠳᠦᠷᠪᠡᠨ ᠪᠡᠶ᠎ᠡ ᠨᠢ ᠵᠠᠳᠠᠭᠠᠢ᠂ ᠵᠦᠪᠬᠡᠨ | ᠳᠠᠪᠬᠤᠷᠭ᠎ᠠ ᠨᠢ ᠱᠠᠯᠠ ᠪᠠᠷ ᠬᠢᠭᠰᠡᠨ ᠪᠠᠶᠢᠳᠠᠭ᠃ ᠡᠭᠦᠨ ᠳᠤ ᠲᠤᠮᠪᠦ ᠳ᠋ᠢᠶᠧᠽᠢ᠂ ᠰᠢᠨᠠᠭ᠎ᠠ ᠤᠭᠢᠶᠠᠳᠠᠯ ᠵᠡᠷᠭᠡ | ᠵᠦᠢᠯᠡᠰ ᠢ ᠲᠠᠯᠪᠢᠳᠠᠭ ᠪᠠ ᠬᠠᠶᠢᠰᠤ ᠲᠤᠯᠭ᠎ᠠ ᠶᠢᠨ ᠠᠬᠠᠷ ᠴᠢᠬᠢᠷ ᠡᠳ᠋ᠯᠡᠯ ᠢᠶᠠᠨ ᠬᠤᠷᠢᠶᠠᠵᠤ ᠲᠠᠯᠪᠢᠳᠠᠭ ᠵᠠᠩᠰᠢᠯ ᠲᠠᠢ | ᠶᠤᠮ᠃ ᠲᠠᠩ ᠲᠠᠯᠪᠢᠭᠤᠷ ᠢ ᠠᠯᠳᠠ ᠳᠠᠯᠢᠮ ᠬᠢᠷᠢᠲᠡᠢ ᠤᠷᠲᠤ᠂ ᠳᠠᠯᠢᠮ ᠬᠢᠷᠢ ᠲᠠᠢ ᠦᠷᠭᠡᠨ ᠱᠠᠯᠠ ᠶᠢ | ᠬᠠᠷᠤᠭᠤᠯᠳᠠᠵᠤ ᠲᠡᠭᠰᠢᠯᠡᠭᠡᠳ᠂ ᠨᠢᠭᠡ ᠲᠠᠯ᠎ᠠ ᠶᠢᠨ ᠬᠦᠪᠡᠭᠡ ᠪᠠᠷ ᠭᠤᠷᠪᠠᠨ ᠬᠤᠷᠤᠭᠤᠨ ᠬᠢᠷᠢ ᠲᠠᠢ ᠦᠷᠭᠡᠨ | ᠱᠠᠯᠠ ᠪᠠᠷ ᠬᠦᠷᠢᠶᠡᠯᠡᠵᠦ ᠬᠢᠳᠡᠭ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |