ᠠᠯᠠᠱᠠ ᠶᠢᠨ ᠨᠤᠲᠤᠭ ᠪᠡᠯᠴᠢᠭᠡᠷ ᠬᠢᠭᠡᠳ ᠲᠡᠮᠡᠭᠡᠨ ᠤ ᠣᠨᠴᠠᠯᠢᠭ ᠰᠢᠨᠵᠢ ᠵᠢᠴᠢ ᠵᠣᠬᠢᠴᠠᠯ | | ᠠᠯᠠᠱᠠ ᠨᠤᠲᠤᠭ ᠨᠡᠶᠢᠲᠡ 27 ᠲᠦᠮᠡᠨ ᠲᠡᠭᠰᠢ ᠺᠢᠯᠣᠮᠧᠲᠷ ᠨᠤᠲᠤᠭ ᠳᠡᠪᠢᠰᠬᠡᠷ ᠲᠠᠢ᠂ ᠠᠳᠡ ᠪᠠᠳᠠᠢ ᠶᠢᠨ ᠵᠢᠷᠠᠨ᠂ | ᠲᠡᠭᠷᠢ ᠡᠯᠡᠰᠦ᠂ ᠤᠯᠠᠭᠠᠨ ᠪᠤᠬ᠎ᠠ ᠭᠡᠬᠦ 3 ᠶᠡᠭᠡ ᠡᠯᠡᠰᠦᠨ ᠴᠦᠯ ᠬᠦᠨᠳᠡᠯᠢᠳᠴᠦ᠂ ᠶᠡᠬᠡᠩᠬᠢ ᠨᠤᠲᠤᠭ ᠪᠡᠯᠴᠢᠭᠡᠷ ᠨᠢ | ᠡᠯᠡᠰᠤᠨ ᠪᠠᠯᠠᠷ᠂ ᠭᠤᠪᠢ ᠬᠠᠩᠭᠠᠢ ᠪᠠᠷ ᠪᠦᠷᠢᠯᠳᠦᠭᠰᠡᠨ ᠪᠠᠶᠢᠳᠠᠭ ᠪᠦᠭᠡᠳ ᠬᠡᠰᠡᠭ ᠪᠤᠰᠠᠭ ᠠᠭᠤᠯᠠ ᠨᠢᠷᠤᠭᠤ᠂ | ᠠᠳᠠᠷᠭᠠᠨ ᠲᠤᠯᠤᠭᠠᠳ ᠲᠠᠢ ᠬᠠᠲᠠᠭᠤᠯᠢᠭ ᠪᠡᠯᠴᠢᠭᠡᠷ ᠲᠠᠢ᠃ ᠬᠠᠷᠢᠨ ᠭᠤᠤᠯ ᠨᠠᠮᠤᠭ ᠲᠠᠢ ᠪᠡᠯᠴᠢᠭᠡᠷ ᠲᠤᠩ ᠪᠠᠭ᠎ᠠ | ᠪᠠᠶᠢᠳᠠᠭ ᠢᠶᠠᠷ ᠢᠶᠠᠨ ᠡᠪᠦᠯ ᠳᠡᠭᠡᠨ ᠲᠠᠰᠬᠢᠮ᠎ᠠ ᠬᠦᠢᠲᠡᠨ᠂ ᠵᠤᠨ ᠳᠠᠭᠠᠨ ᠬᠠᠯᠠᠭᠤᠨ᠂ ᠣᠨᠴᠠ ᠶᠡᠭᠡ ᠭᠠᠩ ᠬᠠᠭᠤᠷᠠᠢ | ᠠᠭᠤᠷ ᠠᠮᠢᠰᠬᠤᠯ ᠦᠷᠭᠦᠯᠵᠢᠯᠡᠵᠦ᠂ ᠰᠠᠯᠬᠢᠨ ᠰᠢᠭᠤᠷᠭᠠᠨ ᠤ ᠰᠠᠪᠠ ᠭᠠᠵᠠᠷ ᠪᠣᠯᠤᠭᠰᠠᠨ ᠪᠠᠶᠢᠳᠠᠭ᠃ ᠠᠯᠠᠱᠠ | ᠨᠤᠲᠤᠭ ᠤᠨ ᠡᠯᠡᠰᠦᠨ ᠪᠠᠯᠠᠷ ᠲᠤ ᠵᠠᠭ᠂ ᠰᠤᠬᠠᠢ᠂ ᠲᠣᠷᠯᠤᠭ᠂ ᠬᠠᠷᠭᠠᠨ᠎ᠠ᠂ ᠬᠤᠯᠤᠰᠤ᠂ ᠰᠤᠯᠢ᠂ ᠭᠤᠪᠢ ᠬᠠᠩᠭᠠᠢ | ᠳᠤᠨᠢ ᠪᠤᠳᠠᠷᠭᠠᠨ᠎ᠠ᠂ ᠤᠯᠠᠭᠠᠨ ᠪᠤᠳᠠᠷᠭᠠᠨ᠎ᠠ᠂ ᠬᠠᠷᠮᠠᠭ᠂ ᠬᠤᠶᠢᠷᠠᠭ᠂ ᠬᠠᠵᠠᠭᠠᠷ ᠡᠪᠡᠰᠦ᠂ ᠬᠢᠯᠭᠠᠨ᠎ᠠ᠂ ᠲᠠᠭᠠᠨ᠎ᠠ ᠪᠠᠷ | ᠭᠤᠣᠯᠯᠠᠵᠤ᠂ ᠰᠢᠪᠠᠭ᠂ ᠪᠦᠭᠡᠷᠡᠭ ︵ᠪᠦᠭᠡᠷᠡᠯᠵᠢᠭᠡᠨ᠎ᠡ︶᠂ ᠮᠦᠩᠬᠡ ᠬᠠᠷᠭᠠᠨ᠎ᠠ᠂ ᠪᠤᠴᠢᠭᠢᠨᠠᠭᠤᠷ ᠬᠤᠯᠢᠯᠳᠤᠭᠰᠠᠨ | ᠪᠤᠷᠤᠯᠵᠢᠨ ᠪᠡᠯᠴᠢᠭᠡᠷ ᠢ ᠪᠦᠷᠢᠯᠳᠦᠭᠦᠯᠦᠭᠰᠡᠨ ᠪᠠᠶᠢᠳᠠᠭ ᠪᠦᠭᠡᠳ ᠠᠭᠤᠯᠠ ᠠᠳᠠᠷᠭᠠᠨ ᠳᠤᠨᠢ ᠴᠤ ᠬᠡᠳᠦᠨ ᠵᠦᠢᠯ ᠤᠨ | ᠪᠤᠳᠠᠷᠭᠠᠨ᠎ᠠ ᠪᠠᠷ ᠭᠤᠣᠯᠯᠠᠵᠤ᠂ ᠪᠤᠰᠤᠳ ᠨᠠᠷᠢᠯᠢᠭ ᠡᠪᠡᠰᠦ ᠬᠤᠯᠢᠯᠳᠤᠭᠰᠠᠨ ᠰᠠᠶᠢᠷᠡᠭ ᠪᠡᠯᠴᠢᠭᠡᠷ ᠤᠨ ᠪᠦᠲᠦᠴᠡ | ᠲᠠᠢ ᠪᠣᠯᠪᠠᠴᠤ ᠦᠷᠭᠡᠨ ᠬᠡᠪᠴᠢᠶᠡᠨ ᠤ ᠬᠤᠵᠢᠷᠯᠢᠭ ᠭᠠᠵᠠᠷ ᠤᠨ ᠡᠪᠡᠰᠦ ᠤᠷᠭᠤᠮᠠᠯ ᠨᠢ ᠰᠢᠮ᠎ᠡ ᠰᠠᠶᠢᠲᠠᠢ | ᠪᠠᠶᠢᠳᠠᠭ ᠢᠶᠠᠷ ᠢᠶᠠᠨ ᠭᠠᠩ ᠳᠠᠭᠠᠭᠠᠬᠤ ᠲᠡᠰᠪᠦᠷᠢ ᠴᠢᠩᠭ᠎ᠠ ᠲᠤᠯᠠ ᠡᠨᠡ ᠨᠤᠲᠤᠭ ᠤᠨ ᠲᠡᠮᠡᠭᠡ ᠴᠤ ᠭᠠᠵᠠᠷ | ᠤᠰᠤᠨ ᠤ ᠪᠠᠨ ᠰᠢᠮ᠎ᠡ ᠲᠡᠵᠢᠭᠡᠯ ᠳᠤ ᠪᠦᠷᠢᠨ ᠢᠳᠡᠭᠡᠰᠢᠵᠦ ᠵᠣᠬᠢᠴᠠᠭᠰᠠᠨ ᠪᠠᠶᠢᠳᠠᠭ᠃ | ᠠᠯᠠᠱᠠ ᠲᠡᠮᠡᠭᠡ ᠪᠦᠬᠦᠨ ᠢᠶᠠᠷ ᠢᠶᠠᠨ ᠬᠤᠶᠠᠷ ᠪᠦᠬᠦ ᠲᠠᠢ ᠪᠠᠶᠢᠳᠠᠭ ᠲᠤᠯᠠ ᠠᠯᠠᠱᠠ ᠬᠤᠣᠰ ᠪᠦᠬᠦᠲᠦ ᠲᠡᠮᠡᠭᠡ ᠭᠡᠵᠦ | ᠳᠠᠭᠤᠳᠠᠳᠠᠭ᠃ ᠠᠯᠠᠱᠠ ᠲᠡᠮᠡᠭᠡᠨ ᠤ ᠪᠡᠶ᠎ᠡ ᠭᠠᠯᠪᠢᠷ ᠤᠨ ᠭᠠᠳᠠᠷ ᠪᠠᠶᠢᠳᠠᠯ ᠠᠴᠠ ᠨᠡᠶᠢᠳᠡᠮ ᠠᠵᠢᠭᠯᠠᠬᠤ ᠳᠤ ᠪᠡᠶ᠎ᠡ | ᠣᠬᠤᠷ᠂ ᠬᠦᠯ ᠤᠷᠲᠤ᠂ ᠬᠦᠵᠦᠭᠦᠦ ᠤᠷᠲᠤ᠂ ᠲᠤᠯᠤᠭᠠᠢ ᠳᠡᠭᠡᠷ᠎ᠡ᠂ ᠬᠤᠩᠰᠢᠶᠠᠷ ︵ᠬᠤᠰᠢᠭᠤ︶ ᠨᠠᠷᠢᠨ᠂ | ᠳᠤᠬᠤ ᠶᠢᠨ ᠶᠠᠰᠤ ᠨᠢ ᠭᠦᠳᠦᠭᠦᠷ᠂ ᠴᠡᠭᠡᠵᠢᠨ ᠪᠡᠶ᠎ᠡ ᠠᠭᠤᠵᠢᠮ ᠶᠡᠭᠡ᠂ ᠨᠢᠷᠤᠭᠤ ᠬᠠᠩᠭᠠᠢ᠂ ᠬᠤᠨᠳᠤᠯᠠᠢ ᠪᠠᠭ᠎ᠠ᠂ | ᠦᠪᠬᠦᠭ ︵ᠦᠪᠦᠭ︶ ᠲᠠᠢ ᠠᠳᠠᠯᠢᠪᠲᠤᠷ ᠬᠤᠣᠰ ᠪᠦᠬᠦ ᠲᠠᠢ᠂ ᠲᠠᠰᠢᠶ᠎ᠠ ᠰᠢᠪᠲᠤᠩ᠂ ᠪᠤᠯᠴᠢᠩ ᠰᠢᠷᠪᠦᠰᠦ | ᠲᠣᠲᠤᠷᠬᠠᠢ᠂ ᠵᠦᠭᠡᠯᠡᠨ ᠲᠠᠪᠠᠭ ᠨᠢ ᠲᠠᠬᠠᠰᠢ ᠲᠠᠢ᠂ ᠪᠦᠲᠦᠷᠬᠡᠢ᠂ ᠡᠪᠦᠳᠦᠭ ᠤᠨ ᠦᠶ᠎ᠡ᠂ ᠡᠮᠦᠨ᠎ᠡ ᠬᠤᠶᠢᠲᠤ | ᠬᠦᠯ ᠤᠨ ᠲᠠᠭᠠᠯᠴᠠᠭ ᠲᠠᠭᠠᠨ ᠪᠦᠷ ᠲᠠᠭᠠᠰᠢ ᠲᠠᠢ ᠪᠠᠶᠢᠳᠠᠭ ᠢᠶᠠᠷ ᠢᠶᠠᠨ ᠣᠨᠴᠠᠯᠢᠭᠳᠠᠵᠤ᠂ ᠭᠠᠭᠴᠠ ᠪᠦᠬᠦᠲᠦ ᠲᠡᠮᠡᠭᠡ | ᠪᠠ ᠬᠠᠪᠳᠠᠭᠠᠢ ︵ᠵᠡᠷᠯᠢᠭ ᠲᠡᠮᠡᠭᠡ︶ ᠠᠴᠠ ᠢᠯᠭᠠᠭ᠎ᠠ ᠲᠠᠢ ᠪᠠᠶᠢᠳᠠᠭ᠃ ᠠᠯᠠᠱᠠ ᠲᠡᠮᠡᠭᠡᠨ ᠤ ᠣᠬᠤᠷ ᠪᠡᠶ᠎ᠡ᠂ ᠤᠷᠲᠤ | ᠬᠦᠯ᠂ ᠲᠠᠬᠠᠰᠢ ᠲᠠᠢ ᠫᠠᠯᠢᠭᠠᠷ ᠲᠤᠮᠤ ᠲᠠᠪᠠᠭ ︵ᠲᠠᠪᠠᠭ᠋ᠠᠢ︶ ᠨᠢ ᠡᠯᠡᠰᠦ ᠮᠠᠩᠬ᠎ᠠ᠂ ᠭᠤᠪᠢ ᠭᠡᠭᠡᠷ᠎ᠡ ᠪᠠᠷ ᠠᠶᠠᠯᠠᠵᠤ | ᠶᠠᠪᠤᠬᠤ᠂ ᠢᠳᠡᠰᠢᠯᠡᠵᠦ ᠪᠡᠯᠴᠢᠭᠡᠷᠯᠡᠬᠦ ᠳᠤ ᠨᠠᠷᠢᠨ ᠵᠣᠬᠢᠴᠠᠵᠤ᠂ ᠪᠦᠲᠦᠷᠭᠡᠢ᠂ ᠡᠪᠦᠳᠦᠭ᠂ ᠲᠠᠭᠠᠯᠴᠠᠭ ᠤᠨ ᠲᠠᠬᠠᠰᠢ | ᠨᠢ ᠭᠠᠩ ᠬᠠᠭᠤᠷᠠᠢ ᠡᠯᠡᠰᠦ ᠮᠠᠩᠬᠠᠨ ᠨᠤᠲᠤᠭ ᠤᠨ ᠢᠳᠡ ᠵᠤᠨ ᠤ ᠰᠢᠲᠠᠮ᠎ᠠ ᠬᠠᠯᠠᠭᠤᠨ ᠪᠠ ᠡᠪᠦᠯ ᠤᠨ ᠳ᠋ᠦᠩ ᠤᠨ | ᠲᠠᠰᠬᠢᠮ᠎ᠠ ᠬᠦᠢᠲᠡᠨ ᠳᠤ ᠪᠤᠰᠤᠳ ᠡᠷᠬᠡᠲᠡᠨ ᠢᠶᠠᠨ ᠭᠠᠵᠠᠷ ᠠᠴᠠ ᠵᠣᠬᠢᠮᠵᠢᠲᠠᠢ ᠬᠦᠨᠳᠡᠶᠢᠷᠡᠭᠦᠯᠵᠦ᠂ ᠪᠡᠶ᠎ᠡ ᠶᠢᠨ ᠢᠶᠠᠨ | ᠬᠡᠲᠦ ᠬᠠᠯᠠᠬᠤ ᠪᠤᠶᠤ ᠬᠦᠯᠳᠡᠬᠦ ᠠᠴᠠ ᠰᠡᠷᠭᠡᠶᠢᠯᠡᠵᠦ ᠴᠢᠳᠠᠳᠠᠭ ᠦᠢᠯᠡᠳᠦᠯ ᠲᠠᠢ᠃ ᠬᠤᠣᠰ ᠪᠦᠬᠦ ᠨᠢ ᠤᠭᠤᠷᠠᠭ | ᠲᠤᠰᠤᠨ ᠤ ᠠᠭᠤᠯᠤᠭᠳᠠᠴᠠ ᠲᠠᠢ ᠦᠭᠡᠬᠦ ᠪᠠᠷ ᠳᠦᠭᠦᠷᠴᠦ ᠪᠠᠶᠢᠳᠠᠭ ᠲᠤᠯᠠ ᠦᠷᠭᠦᠯᠵᠢᠯᠡᠭᠰᠡᠨ ᠭᠠᠩ ᠬᠠᠭᠰᠠᠷᠭᠠᠨ᠂ | ᠣᠯᠠᠨ ᠬᠤᠨᠤᠭ ᠤᠨ ᠠᠶᠠᠯᠠᠯ ᠶᠠᠪᠤᠳᠠᠯ᠂ ᠤᠳᠠᠭᠠᠨ ᠡᠳᠤᠷ ᠤᠨ ᠴᠠᠩᠭᠠᠵᠤ ᠦᠯᠳᠡᠬᠦ ᠳᠤ ᠲᠡᠵᠢᠭᠡᠯ ᠲᠠᠮᠢᠷ | ᠨᠦᠬᠦᠪᠦᠷᠢᠯᠡᠵᠦ ᠦᠭᠳᠡᠭ ᠣᠨᠴᠠᠭᠠᠢ ᠦᠢᠯᠡᠳᠦᠯ ᠲᠠᠢ ᠡᠷᠳᠡᠨᠢ ᠪᠣᠯᠳᠠᠭ᠃ ᠲᠡᠮᠡᠭᠡᠴᠢᠳ ᠤᠨ ᠦᠭᠡᠨ ᠳᠤ ︽ᠪᠦᠬᠦ | ᠳᠦᠭᠦᠷᠡᠩ ᠲᠡᠮᠡᠭᠡ ᠦᠯᠪᠡᠷᠴᠦ ᠦᠬᠦᠬᠦ ᠶᠣᠰᠣ ᠦᠭᠡᠢ︾ ᠭᠡᠳᠡᠭ ᠪᠢᠯᠡ᠃ ᠠᠯᠠᠱᠠ ᠲᠡᠮᠡᠭᠡᠨ ᠤ ᠦᠷᠭᠡᠨ ᠠᠭᠤᠵᠢᠮ | ᠴᠡᠭᠡᠵᠢ᠂ ᠪᠠᠭ᠎ᠠ ᠠᠪᠰᠠᠷᠬᠠᠨ ᠬᠤᠨᠳᠤᠯᠠᠢ ᠨᠢ ᠴᠤ ᠡᠯᠡᠰᠦᠨ ᠪᠠᠯᠠᠷ ᠲᠤ ᠠᠶᠠᠯᠠᠬᠤ ᠳᠤ ᠪᠦᠬᠦ ᠪᠡᠶ᠎ᠡ ᠶᠢᠨ ᠢᠶᠠᠨ | ᠲᠡᠩᠴᠡᠭᠦᠷᠢ ᠶᠢ ᠲᠣᠭᠲᠠᠭᠠᠵᠤ᠂ ᠣᠨᠴᠠᠭᠠᠶᠢᠯᠠᠨ ᠲᠠᠬᠠᠰᠢ ᠲᠠᠢ ᠵᠦᠭᠡᠯᠡᠨ ᠲᠠᠪᠠᠭ ᠨᠢ ᠫᠠᠯᠢᠭᠠᠷ ᠲᠤᠮᠤ ᠪᠦᠭᠡᠳ | ᠤᠶᠠᠨ ᠬᠠᠲᠠᠨ ᠲᠤᠯᠠ ᠡᠯᠡᠰᠦ ᠮᠠᠩᠬᠠᠨ ᠤ ᠨᠤᠭᠤᠴᠠᠭᠠᠨ ᠳᠤ ᠪᠤᠯᠬᠠᠵᠤ ᠬᠤᠯᠤᠮᠳᠠᠬᠤ ᠦᠭᠡᠢ ᠪᠠᠶᠢᠳᠠᠭ᠃ ᠲᠡᠷᠡ | ᠮᠦᠷᠲᠡᠭᠡᠨ ᠭᠠᠵᠠᠷ ᠣᠷᠤᠨ ᠤ ᠪᠠᠨ ᠣᠷᠴᠢᠨ ᠲᠤᠭᠤᠷᠢᠨ ᠳᠤ ᠵᠣᠬᠢᠴᠠᠵᠤ ᠪᠤᠯᠴᠢᠩ ᠰᠢᠷᠪᠦᠰᠦ ᠨᠢ ᠴᠤ ᠵᠦᠩᠳᠡᠭᠡᠨ | ᠬᠦᠭᠵᠢᠨ ᠪᠤᠵᠠᠭᠠᠶᠢᠷᠠᠭᠰᠠᠨ ᠪᠠᠶᠢᠳᠠᠭ᠃ ᠠᠯᠠᠱᠠ ᠲᠡᠮᠡᠭᠡᠨ ᠤ ᠦᠩᠭᠡ ᠵᠢᠰᠦ ᠨᠢ ᠰᠢᠷ᠎ᠠ᠂ ᠬᠦᠷᠡᠩ᠂ ᠪᠤᠷᠣ | ᠭᠤᠣᠯᠳᠠᠵᠤ᠂ ᠴᠠᠭᠠᠨ ᠲᠡᠮᠡᠭᠡ ᠴᠦᠭᠡᠪᠦᠷᠢ ᠪᠠᠶᠢᠳᠠᠭ᠃ ᠪᠤᠰᠤᠳ ᠲᠦᠷᠦᠯ ᠤᠨ ᠲᠡᠮᠡᠭᠡᠨ ᠤ ᠨᠣᠣᠰᠤ ᠶᠢ ᠪᠣᠳᠤᠪᠠᠯ | ᠰᠤᠷ ᠬᠢᠯᠭᠠᠰᠤ ᠨᠢ ᠨᠠᠷᠢᠯᠢᠭ ᠤᠷᠲᠤ᠂ ᠨᠣᠣᠯᠤᠤᠷ ᠨᠢ ᠨᠢᠭᠲᠠ ᠵᠦᠭᠡᠯᠡᠨ᠂ ᠤᠶᠠᠨ ᠬᠠᠷᠢᠮᠠᠬᠠᠢ ᠪᠦᠭᠡᠳ ᠪᠦᠬᠡᠯᠢᠭ᠂ | ᠭᠠᠷᠤᠯᠲᠠ ᠶᠢᠨ ᠬᠡᠮᠵᠢᠶ᠎ᠡ ᠨᠢ ᠴᠤ ᠬᠠᠷᠢᠴᠠᠯᠠᠰᠢ ᠦᠭᠡᠢ ᠦᠨᠳᠦᠷ ᠪᠠᠶᠢᠳᠠᠭ᠃ | ᠠᠯᠠᠱᠠ ᠲᠡᠮᠡᠭᠡ ᠬᠡᠲᠦᠶᠢᠪᠡᠷ ᠪᠤᠰᠤᠳ ᠲᠦᠷᠦᠯ ᠤᠨ ᠲᠡᠮᠡᠭᠡ ᠲᠠᠢ ᠣᠯᠠᠨ ᠲᠠᠯ᠎ᠠ ᠪᠠᠷ ᠠᠳᠠᠯᠢ ᠪᠤᠰᠤ ᠣᠨᠴᠠᠯᠢᠭ | ᠲᠠᠢ ᠪᠣᠯᠪᠠᠴᠤ ᠬᠤᠯᠤᠭᠠᠨ᠎ᠠ ᠶᠢᠨ ᠴᠢᠬᠢ ᠲᠠᠢ᠂ ᠦᠬᠡᠷ ᠤᠨ ᠬᠢᠮᠦᠰᠦ ᠲᠠᠢ᠂ ᠪᠠᠷᠰ ᠤᠨ ᠵᠤᠭᠲᠤᠷ ᠲᠠᠢ᠂ | ᠲᠠᠤᠯᠠᠢ ᠶᠢᠨ ᠤᠷᠤᠭᠤᠯ ᠲᠠᠢ᠂ ᠯᠤᠤ ᠶᠢᠨ ᠬᠦᠵᠦᠭᠦᠦ ᠲᠠᠢ᠂ ᠮᠣᠭᠠᠢ ᠶᠢᠨ ᠰᠡᠭᠦᠯ ᠲᠠᠢ᠂ ᠮᠣᠷᠢᠨ ᠳᠡᠯ ᠲᠠᠢ ︵ | ᠰᠢᠯᠢ ᠲᠠᠢ︶᠂ ᠬᠤᠨᠢᠨ ᠨᠢᠳᠤ ᠲᠠᠢ᠂ ᠪᠡᠴᠢᠨ ᠨᠣᠣᠰᠣ ᠲᠠᠢ᠂ ᠲᠠᠬᠢᠶ᠎ᠠ ᠶᠢᠨ ᠰᠡᠴᠢᠭ ᠲᠠᠢ ︵ᠦᠪᠬᠦᠭ︶ ᠲᠠᠢ᠂ | ᠨᠣᠬᠠᠢ ᠶᠢᠨ ᠭᠤᠶ᠎ᠠ ᠲᠠᠢ᠂ ᠭᠠᠭ᠋ᠠᠢ ᠶᠢᠨ ᠭᠡᠳᠡᠰᠦ ᠲᠠᠢ ᠠᠷᠪᠠᠨ ᠬᠤᠶᠠᠷ ᠵᠢᠯ ᠤᠨ ᠰᠢᠨᠵᠢ ᠶᠢ ᠪᠦᠷᠢᠨ ᠬᠠᠲᠠᠭᠠᠯᠠᠭᠰᠠᠨ | ᠪᠠᠶᠢᠳᠠᠭ ᠪᠦᠭᠡᠳ ᠠᠯᠠᠱᠠ ᠲᠡᠮᠡᠭᠡᠨ ᠤ ᠪᠣᠢ ᠪᠣᠯᠤᠭᠰᠠᠨ ᠲᠤᠬᠠᠢ ᠡᠶᠢᠮᠦ ᠨᠢᠭᠡᠨ ᠳᠤᠮᠤᠭ ᠤᠯᠠᠮᠵᠢᠯᠠᠭᠳᠠᠨ | ᠶᠠᠷᠢᠭᠳᠠᠵᠤ ᠪᠠᠶᠢᠳᠠᠭ᠃ | ᠤᠷᠢᠳᠤ ᠲᠡᠮᠡᠭᠡ ᠭᠡᠳᠡᠭ ᠠᠮᠢᠲᠠᠨ ᠪᠠᠶᠢᠭ᠎ᠠ ᠦᠭᠡᠢ᠃ ᠲᠠᠩᠭᠤᠳ ᠤᠨ ᠬᠠᠭᠠᠨ ᠬᠠᠷᠢᠶᠠᠯ ᠬᠢᠬᠦ ᠳᠡᠭᠡᠨ ᠲᠡᠮᠡᠭᠡ ᠶᠢ | ᠯᠦᠳ᠋ ᠵᠣᠯᠢᠭ ᠪᠣᠯᠭᠠᠵᠦ ᠠᠯᠠᠱᠠ ᠭᠠᠵᠠᠷ ᠲᠤ ᠶᠠᠪᠤᠭᠤᠯᠤᠭᠰᠠᠨ ᠢ ᠪᠤᠷᠬᠠᠨ ᠪᠠᠭᠰᠢ ᠵᠠᠮ ᠠᠴᠠ ᠨᠢ ᠲᠣᠰᠴᠤ | ᠠᠪᠤᠭᠠᠳ᠄ ︽ᠴᠢᠮ᠎ᠠ ᠶᠢ ᠪᠢ ᠭᠠᠷᠤᠯ ᠲᠦᠷᠦᠯ ᠢ ᠨᠢ ᠰᠠᠶᠢᠵᠢᠷᠠᠭᠤᠯᠵᠤ ᠦᠭᠭᠦᠯ᠎ᠡ᠃ ᠣᠳᠤ ᠴᠢ ᠯᠤᠤ ᠶᠢᠨ ᠳᠡᠭᠦᠦ | ᠨᠢ ᠪᠣᠯᠵᠤ᠂ ᠪᠡᠶ᠎ᠡ ᠬᠠ ᠶᠡᠬᠡᠲᠡᠢ ᠴᠢᠳᠠᠯ ᠲᠡᠩᠬᠡᠭᠡ ᠰᠠᠶᠢᠲᠠᠢ ᠪᠠᠷ ᠢᠶᠠᠨ ᠡᠯᠡᠰᠤᠨ ᠪᠠᠯᠠᠷ ᠭᠠᠵᠠᠷ ᠲᠤ ᠶᠠᠪᠤᠬᠤ ᠳᠤ | ᠶᠠᠭ ᠲᠤᠬᠢᠷᠠᠬᠤ ᠰᠢᠨᠵᠢ ᠲᠠᠢ ᠠᠮᠢᠲᠠᠨ ᠪᠣᠯᠵᠡᠢ᠃ ᠡᠭᠦᠨ ᠠᠴᠠ ᠬᠤᠶᠢᠰᠢ ᠮᠣᠩᠭᠤᠯ ᠭᠠᠵᠠᠷ ᠲᠤ ᠠᠮᠢᠳᠤᠷᠠᠵᠤ | ᠢᠳᠡᠭᠡᠰᠢᠭᠡᠳ ᠬᠦᠮᠦᠨ ᠳᠤ ᠬᠦᠴᠦ ᠴᠢᠳᠠᠯ ᠢᠶᠠᠨ ᠦᠭᠴᠦ ᠠᠴᠢᠶ᠎ᠠ ᠲᠡᠩᠬᠡᠭᠡ ᠶᠢ ᠨᠢ ᠡᠭᠦᠷᠴᠦ ᠶᠠᠪᠤᠪᠠᠯ | ᠮᠠᠷᠲᠠᠭᠳᠠᠰᠢ ᠦᠭᠡᠢ ᠠᠮᠢᠲᠠᠨ ᠪᠣᠯᠵᠤ᠂ ᠬᠦᠳᠡᠭᠡ ᠭᠠᠵᠠᠷ ᠤᠨ ᠬᠦᠯᠦᠭ ᠴᠤ ᠪᠣᠯᠵᠤ᠂ ᠴᠢᠮᠡᠭ ᠴᠤ ᠪᠣᠯᠵᠤ ᠶᠠᠪᠤᠬᠤ | ᠶᠤᠮ᠃ ᠲᠡᠭᠡᠪᠡᠯ ᠨᠢᠭᠦᠯ ᠠᠯᠳᠠᠰᠢ ᠴᠢᠨᠢ ᠪᠠᠶᠢᠰᠢ ᠦᠭᠡᠢ ᠶᠡᠭᠡ ᠪᠤᠶᠠᠨ ᠢᠶᠠᠷ ᠰᠣᠯᠢᠭᠳᠠᠵᠤ ᠲᠤᠩ ᠶᠡᠭᠡ ᠫᠠᠶ᠋ᠢᠩ ︵ | ᠪᠤᠶᠠᠨ︶ ᠲᠠᠢ ᠪᠣᠯᠤᠨ᠎ᠠ︕︾ ᠭᠡᠰᠡᠨ ᠳᠤ ᠲᠡᠮᠡᠭᠡ ᠮᠠᠭᠤ ᠲᠦᠷᠦᠯᠭᠡ ᠠᠴᠠ ᠭᠠᠷᠴᠤ ᠰᠠᠶᠢᠨ ᠢᠵᠠᠭᠤᠷ ᠲᠠᠢ | ᠠᠮᠢᠲᠠᠨ ᠪᠤᠯᠤᠭᠰᠠᠨ ᠳᠠᠭᠠᠨ ᠪᠠᠶᠠᠷᠯᠠᠵᠤ᠄ ︽ᠵᠠ ᠵᠠᠷᠯᠢᠭ ᠳᠠᠭᠠᠶ᠎ᠠ︾ ᠭᠡᠵᠦ ᠨᠤᠮᠤᠬᠠᠨ ᠬᠦᠯᠢᠶᠡᠭᠡᠳ ᠠᠯᠠᠱᠠ | ᠨᠤᠲᠤᠭ ᠲᠤ ᠶᠠᠪᠤᠬᠤ ᠪᠠᠷ ᠪᠣᠯᠪᠠ᠃ ᠢᠩᠬᠢᠵᠦ ᠲᠡᠮᠡᠭᠡ ᠭᠡᠳᠡᠭ ᠠᠮᠢᠲᠠᠨ ᠪᠣᠢ ᠪᠣᠯᠵᠡᠢ᠃ | ᠲᠡᠮᠡᠭᠡ ᠪᠤᠷᠬᠠᠨ ᠤ ᠵᠢᠭᠠᠪᠤᠷᠢ ᠵᠠᠬᠢᠶ᠎ᠠ ᠶᠢ ᠶᠣᠰᠤᠴᠢᠯᠠᠨ ᠪᠡᠶᠡᠯᠡᠭᠦᠯᠵᠦ᠂ ᠡᠨᠡ ᠨᠤᠲᠤᠭ ᠲᠤ ᠢᠷᠡᠭᠡᠳ ᠭᠠᠵᠠᠷ | ᠤᠰᠤᠨ ᠳᠤᠨᠢ ᠵᠣᠬᠢᠴᠠᠵᠤ ᠦᠨᠢᠷ ᠰᠠᠶᠢᠬᠠᠨ ᠦᠷᠡᠵᠢᠵᠦ ᠦᠰᠦᠭᠡᠳ᠂ ᠮᠣᠩᠭᠤᠯ ᠨᠤᠲᠤᠭ ᠤᠨ ᠴᠢᠮᠡᠭ ᠪᠣᠯᠵᠤ | ᠤᠨᠤᠵᠤ ᠡᠳ᠋ᠯᠡᠬᠦ ᠳᠤ ᠬᠠᠭ᠋ᠤᠷ ᠱᠦᠭᠦᠷ᠂ ᠠᠴᠢᠵᠤ ᠬᠤᠮᠨᠠᠬᠤ ᠳᠤ ᠳᠠᠭᠠᠭᠠᠴᠠ ᠰᠠᠶᠢᠲᠠᠢ᠂ ᠡᠯᠡᠰᠦᠨ ᠭᠠᠵᠠᠷ ᠲᠤ | ᠴᠢᠳᠠᠮᠠᠭᠠᠢ ᠶᠠᠪᠤᠳᠠᠭ ᠲᠡᠰᠪᠦᠷᠢ ᠳᠠᠭᠠᠭᠠᠮᠵᠢ ᠲᠠᠢ ᠴᠢᠳᠠᠯ ᠲᠡᠩᠬᠡᠭᠡ ᠶᠡᠬᠡᠲᠠᠢ ᠤᠨᠤᠭ᠎ᠠ ᠪᠣᠯᠣᠭᠰᠠᠨ ᠠᠴᠠ | ᠮᠣᠩᠭᠤᠯᠴᠤᠳ ᠤᠨ ᠨᠡᠭᠦᠵᠦ ᠰᠠᠭᠤᠳᠠᠭ ᠮᠠᠯᠵᠢᠬᠤ ᠠᠮᠢᠳᠤᠷᠠᠯ ᠤᠨ ᠬᠡᠷᠡᠭᠴᠡᠭᠡ ᠳᠤᠨᠢ ᠰᠠᠯᠵᠤ ᠪᠣᠯᠤᠰᠢ ᠦᠭᠡᠢ ᠬᠠᠨᠢ | ᠲᠦᠰᠢᠭ ᠨᠢ ᠪᠣᠯᠵᠤ ᠢᠵᠢᠯᠢᠰᠢᠭᠡᠳ᠂ ᠬᠦᠮᠦᠨ ᠳᠤ ᠲᠤᠰᠠ ᠳᠡᠮ ᠢᠶᠠᠨ ᠬᠦᠷᠭᠡᠵᠦ᠂ ᠦᠨᠢᠷ ᠤᠳᠠᠭᠠᠨ ᠲᠡᠤᠬᠡ ᠲᠠᠢ | ᠶᠠᠪᠤᠵᠤ ᠢᠷᠡᠵᠡᠢ᠃ ᠲᠡᠶᠢᠮᠦ ᠳᠡᠭᠡᠨ ᠠᠯᠠᠱᠠ ᠮᠣᠩᠭᠤᠯᠴᠤᠳ ᠲᠡᠮᠡᠭᠡ ᠪᠠᠨ ᠪᠤᠷᠬᠠᠨ ᠪᠠᠭᠰᠢ ᠶᠢᠨ ᠰᠤᠶᠤᠷᠬᠠᠵᠤ | ᠬᠠᠶᠢᠷᠠᠯᠠᠭᠰᠠᠨ ᠰᠠᠶᠢᠨ ᠴᠤ ᠤᠨᠤᠭ᠎ᠠ᠂ ᠰᠠᠶᠢᠬᠠᠨ ᠴᠤ ᠠᠮᠢᠲᠠᠨ ᠭᠡᠵᠦ ᠨᠠᠨᠳᠢᠩᠨᠠᠨ ᠬᠠᠶᠢᠷᠠᠯᠠᠳᠠᠭ ᠪᠠᠶᠢᠬᠤ ᠳᠤ | ᠲᠡᠮᠡᠭᠡ ᠴᠤ ᠡᠵᠡᠨ ᠳᠡᠭᠡᠨ ᠣᠨᠴᠠ ᠳᠠᠰᠳᠠᠭ ᠤᠶᠠᠨ ᠰᠡᠳᠬᠢᠯ ᠲᠠᠢ ᠠᠮᠢᠲᠠᠨ ᠪᠣᠯᠵᠡᠢ᠃ ᠲᠡᠮᠡᠭᠡ ᠢᠵᠢᠯᠢ ᠠᠴᠠ ᠪᠠᠨ | ᠰᠠᠯᠬᠤ᠂ ᠦᠷ᠎ᠡ ᠲᠦᠯ ᠠᠴᠠ ᠪᠠᠨ ᠰᠠᠯᠬᠤ ᠳᠤ ᠨᠢᠳᠤᠨ ᠠᠴᠠ ᠨᠢ ᠲᠤᠮᠤ ᠲᠤᠮᠤ ᠨᠢᠯᠪᠤᠰᠤ ᠳᠤᠰᠤᠯᠵᠤ ᠣᠯᠠᠨ | ᠬᠤᠨᠤᠭ ᠭᠤᠩᠭᠢᠨᠠᠵᠤ ᠵᠣᠪᠠᠳᠠᠭ᠃ ᠪᠣᠲᠤᠭᠤ ᠪᠠᠨ ᠭᠤᠯᠤᠭᠰᠠᠨ ᠢᠩᠭᠡᠨ ᠳᠤ ᠳᠠᠭᠤᠤ ᠳᠠᠭᠤᠯᠠᠬᠤ᠂ ᠬᠤᠭᠤᠷ | ᠲᠠᠲᠠᠬᠤ ᠳᠤ ᠤᠬᠢᠯᠠᠵᠤ ᠪᠤᠶᠢᠯᠠᠭᠠᠳ ᠠᠪᠳᠠᠭ ᠪᠢᠯᠡ᠃ ᠲᠡᠮᠡᠭᠡ ᠭᠡᠳᠡᠭ ᠨᠤᠲᠤᠭ ᠤᠰᠤᠨ ᠳᠠᠭᠠᠨ ᠴᠤ ᠣᠨᠴᠠ | ᠬᠠᠶᠢᠷᠠᠲᠠᠢ ᠪᠠᠶᠢᠳᠠᠭ᠃ ᠶᠠᠮᠠᠷ ᠰᠠᠶᠢᠬᠠᠨ ᠡᠪᠡᠰᠦ ᠤᠰᠤ ᠲᠠᠢ ᠭᠠᠵᠠᠷ ᠲᠤ ᠠᠪᠠᠴᠢᠪᠠᠴᠤ ᠭᠠᠵᠠᠷᠰᠢᠳᠠᠭ ᠦᠭᠡᠢ᠃ | ᠦᠬᠦᠨ ᠦᠬᠦᠲᠡᠯ᠎ᠡ ᠵᠠᠪᠠᠯ ᠨᠤᠲᠤᠭ ᠵᠦᠭ ᠢᠶᠠᠨ ᠠᠯᠳᠠᠭᠤᠯᠵᠤ ᠭᠦᠶᠦᠳᠡᠭ ᠡᠶᠢᠮᠦ ᠰᠦᠷᠡᠬᠡᠢ ᠨᠤᠲᠤᠭᠴᠢ ᠠᠮᠢᠲᠠᠨ | ᠶᠤᠮ ᠭᠡᠳᠡᠭ᠃ ᠬᠤᠣᠰ ᠪᠦᠬᠦᠲᠦ ᠲᠡᠮᠡᠭᠡ ᠢᠩᠬᠢᠵᠦ ᠠᠯᠠᠱᠠ ᠨᠤᠲᠤᠭ ᠲᠤ ᠦᠰᠴᠦ ᠣᠯᠠᠰᠢᠷᠠᠭᠰᠠᠨ ᠮᠦᠷᠲᠡᠭᠡᠨ | ᠠᠯᠠᠱᠠ ᠶᠢᠨ ᠲᠡᠮᠡᠭᠡ ᠶᠢᠨ ᠦᠩᠭᠡ ᠵᠢᠰᠦᠮ ᠰᠠᠶᠢᠲᠠᠢ᠂ ᠮᠦᠨ ᠴᠤ ᠬᠤᠷᠳᠤᠨ ᠲᠡᠮᠡᠭᠡ ᠲᠠᠢ ᠨᠤᠲᠤᠭ ᠪᠣᠯᠵᠤ᠂ | ᠲᠡᠮᠡᠭᠡ ︽ᠡᠯᠡᠰᠤᠨ ᠨᠤᠲᠤᠭ ᠤᠨ ᠣᠩᠭᠤᠴᠠ︾ ᠭᠡᠵᠦ ᠠᠯᠳᠠᠷᠰᠢᠵᠤ ᠮᠣᠩᠭᠤᠯᠴᠤᠳ ᠲᠤ ᠡᠭᠡᠯᠢᠲᠡᠢ ᠰᠠᠶᠢᠬᠠᠨ | ᠤᠨᠤᠭ᠎ᠠ ᠪᠣᠯᠵᠡᠢ᠃ | ᠠᠯᠠᠱᠠ ᠲᠡᠮᠡᠭᠡ ᠣᠷᠤᠰᠢᠨ ᠲᠣᠭᠲᠠᠨᠢᠭᠠ ᠪᠠᠶᠢᠭᠠᠯᠢ ᠣᠷᠴᠢᠨ ᠲᠠᠢ ᠪᠠᠨ ᠨᠢᠭᠲᠠ ᠵᠣᠬᠢᠴᠠᠭᠰᠠᠨ ᠨᠢ ᠠᠯᠠᠱᠠ | ᠨᠤᠲᠤᠭ ᠤᠨ ᠮᠠᠯᠴᠢᠳ ᠤᠨ ᠠᠵᠤ ᠠᠮᠢᠳᠤᠷᠠᠯ ᠳᠤ ᠲᠤᠯᠬᠤ ᠦᠢᠯᠡᠳᠪᠦᠷᠢᠯᠡᠯ ᠤᠨ ᠬᠦᠴᠦᠨ ᠪᠣᠯᠤᠭᠰᠠᠨ ᠢᠶᠠᠷ ᠦᠯᠦ | ᠪᠠᠷᠠᠮ ᠠᠮᠢᠳᠤᠷᠠᠯ ᠤᠨᠳᠤᠷᠤᠯᠭ᠎ᠠ ᠳᠤᠨᠢ ᠲᠤᠰᠠᠯᠠᠬᠤ ᠡᠬᠡ ᠪᠠᠶᠠᠯᠢᠭ ᠢ ᠴᠤ ᠰᠢᠭᠤᠳ ᠬᠠᠩᠭᠠᠵᠤ ᠪᠠᠶᠢᠳᠠᠭ᠃ ︽ | ᠳᠤᠮᠳᠠᠳᠤ ᠤᠯᠤᠰ ᠤᠨ ᠨᠡᠪᠲᠡᠷᠬᠡᠢ ᠲᠡᠤᠬᠡ︾ ᠶᠢᠨ ᠪᠠᠷᠠᠭᠤᠨ ᠰᠢᠶᠠ ᠤᠯᠤᠰ ︵1032-1227︶ ᠤᠨ | ᠳᠣᠲᠤᠷᠠᠬᠢ ᠨᠢᠭᠡ ᠪᠠᠳᠠᠭ ᠲᠤ ︽ᠠᠯᠠᠱᠠ ᠪᠣᠯᠤᠨ ᠡᠵᠡᠨ᠎ᠡ ᠶᠢᠨ ᠲᠡᠮᠡᠭᠡ ᠠᠯᠢ ᠠᠷᠪᠢᠨ︾ ᠭᠡᠵᠦ ᠲᠡᠮᠳᠡᠭᠯᠡᠭᠰᠡᠨ | ᠪᠦᠭᠡᠳ ᠬᠠᠳᠠᠨ ᠵᠢᠷᠤᠭ ᠤᠨ ᠨᠤᠲᠤᠭ ᠭᠡᠮᠡᠭᠳᠡᠭᠰᠡᠨ ᠠᠯᠠᠱᠠ ᠶᠢᠨ ᠶᠡᠭᠡ ᠭᠤᠪᠢ ᠳᠤ ᠬᠠᠮᠤᠭ ᠨᠠᠭᠠᠲᠤ ᠵᠠᠬ᠎ᠠ ᠳᠠᠭᠠᠨ | 6000 ᠵᠢᠯ ᠤᠨ ᠡᠮᠦᠨ᠎ᠡ᠂ ᠳᠠᠷᠤᠢ ᠰᠢᠨ᠎ᠡ ᠴᠢᠯᠠᠭᠤᠨ ᠵᠡᠪᠰᠡᠭ ᠤᠨ ᠦᠶ᠎ᠡ ᠳᠤ ᠪᠣᠢ ᠪᠣᠯᠤᠭᠰᠠᠨ ᠬᠠᠳᠠᠨ | ᠵᠢᠷᠤᠭ ᠤᠨ ᠳᠤᠲᠤᠷ᠎ᠠ ᠴᠤ ᠲᠡᠮᠡᠭᠡ ᠮᠠᠯᠵᠢᠭᠰᠠᠨ ᠵᠢᠷᠤᠭ ᠤᠳ ᠪᠠᠶᠢᠳᠠᠭ ᠨᠢ ᠮᠦᠨ ᠴᠤ ᠡᠨᠡ ᠨᠤᠲᠤᠭ ᠲᠤ ᠠᠯᠢ | ᠡᠷᠲᠡ ᠲᠡᠮᠡᠭᠡ ᠪᠠᠶᠢᠭᠰᠠᠨ ᠪᠦᠭᠡᠳ ᠲᠡᠭᠦᠨ ᠢ ᠮᠠᠯᠵᠢᠵᠤ ᠡᠷᠬᠡᠰᠢᠶᠡᠭᠰᠡᠨ ᠪᠣᠳᠠᠲᠤ ᠭᠡᠷᠡᠴᠢ ᠪᠣᠯᠬᠤ ᠶᠤᠮ᠃ ᠡᠭᠦᠨ ᠤ | ᠤᠯᠠᠮ ᠢᠶᠠᠷ ᠦᠷᠦᠨ᠎ᠡ ᠳᠤᠷᠤᠨ᠎ᠠ ᠶᠢ ᠬᠤᠯᠪᠤᠭᠰᠠᠨ ᠠᠯᠳᠠᠷᠲᠤ ᠲᠤᠷᠭᠠᠨ ᠵᠠᠮ ᠴᠤ ᠲᠡᠮᠡᠭᠡᠨ ᠠᠶᠠᠨ ᠤ ᠠᠴᠢ ᠪᠠᠷ | ᠨᠡᠪᠲᠡᠷᠡᠭᠰᠡᠨ ᠪᠦᠭᠡᠳ ᠠᠯᠢ ᠣᠯᠠᠨ ᠠᠶᠠᠯᠠᠯ ᠵᠢᠭᠤᠯᠴᠢᠯᠠᠯ᠂ ᠴᠡᠷᠢᠭ ᠳᠠᠶᠢᠨ ᠤ ᠲᠡᠤᠬᠡᠨ ᠬᠡᠷᠡᠭ ᠤᠳ ᠲᠤ ᠲᠡᠮᠡᠭᠡᠨ ᠤ | ᠲᠠᠮᠢᠷ ᠴᠢᠳᠠᠯ᠂ ᠲᠡᠰᠪᠦᠷᠢ ᠳᠡᠪᠴᠢᠶᠡᠷᠢ ᠶᠢᠨ ᠬᠢᠵᠠᠭᠠᠷᠯᠠᠰᠢ ᠦᠭᠡᠢ ᠠᠴᠢ ᠲᠤᠰᠠ ᠲᠤᠲᠤᠬᠠᠨ ᠬᠠᠷᠠᠭᠳᠠᠵᠤ ᠪᠠᠶᠢᠳᠠᠭ | ᠪᠢᠯᠡ᠃ ᠠᠯᠠᠱᠠ ᠨᠤᠲᠤᠭ ᠤᠨ ᠮᠠᠯᠴᠢᠳ ᠡᠷᠲᠡ ᠳᠡᠭᠡᠲᠤ ᠲᠡᠤᠬᠡ ᠰᠤᠶᠤᠯ ᠢᠶᠠᠨ ᠪᠦᠲᠦᠭᠡᠵᠦ ᠢᠷᠡᠬᠦ ᠳᠡᠭᠡᠨ ᠭᠠᠵᠠᠷ | ᠣᠷᠤᠨ ᠤ ᠣᠨᠴᠠᠯᠢᠭ ᠪᠦᠬᠦᠢ ᠦᠪᠡᠷᠮᠢᠴᠡ ᠠᠮᠢᠳᠦᠷᠠᠯ ᠤᠨ ᠵᠠᠩᠰᠢᠯ᠂ ᠮᠠᠯᠵᠢᠯ ᠤᠨ ᠳᠠᠳᠬᠠᠯ ᠢ ᠪᠣᠢ ᠪᠣᠯᠭᠠᠭᠰᠠᠨ | ᠪᠠᠶᠢᠳᠠᠭ᠃ ᠡᠭᠦᠨ ᠤ ᠳᠤᠲᠤᠷᠠᠬᠢ ᠨᠢᠭᠡ ᠬᠡᠰᠡᠭ ᠨᠢ ᠬᠡᠯᠡᠯᠭᠡᠨ ᠦᠭᠡᠢ ᠲᠦᠭᠡᠮᠡᠯ ᠣᠷᠤᠰᠢᠭᠰᠠᠨ ᠲᠡᠮᠡᠭᠡ ᠮᠠᠯᠵᠢᠬᠤ | ᠵᠠᠩ ᠦᠢᠯᠡ ᠪᠠᠶᠢᠬᠤ ᠤᠴᠢᠷ ᠲᠠᠢ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |