ᠣᠶᠢᠷᠠᠳ ᠮᠣᠩᠭᠤᠯ ᠤᠨ ᠡᠯᠢᠭᠡ ᠶᠢ ᠰᠢᠢᠳᠪᠦᠷᠢᠯᠡᠭᠦ ᠠᠷᠭ᠎ᠠ
ᠨᠡᠶᠢᠲᠡᠯᠡᠭᠰᠡᠨ ᠴᠠᠭ᠄
2020/12/23
        ᠮᠠᠯ ᠭᠠᠷᠭᠠᠭᠰᠠᠨ ᠤ ᠲᠠᠷᠠᠭ᠎ᠠ ᠲᠣᠳᠣᠷ ᠢᠶᠠᠨ ᠴᠢᠨᠠᠬᠤ ᠦᠶ᠎ᠡ ᠳᠤ ᠡᠯᠢᠭᠡ ᠶᠢ ᠴᠢᠨᠠᠳᠠᠭ ᠦᠭᠡᠢ ᠦᠯᠡᠳᠡᠭᠡᠵᠣ ᠲᠠᠯᠪᠢᠭᠠᠳ ᠬᠠᠶᠢᠰᠦ ᠲᠠᠢ ᠮᠢᠬᠠᠨ ᠪᠣᠯᠣᠭᠠᠳ ᠢᠷᠡᠬᠦ ᠠᠯᠳᠠᠨ ᠳᠤ ᠡᠯᠢᠭᠡ ᠪᠠᠨ ᠬᠢᠵᠣ ᠣᠷᠣᠭᠤᠯᠳᠠᠭ᠃ ᠡᠭᠦᠨ ᠤ ᠣᠴᠢᠷ ᠪᠣᠯᠪᠠᠯ ᠡᠯᠢᠭᠡ ᠨᠢ ᠲᠡᠩᠳᠡᠭᠦᠦ ᠪᠣᠯᠵᠣ ᠣᠷᠬᠢᠪᠠᠯ ᠬᠠᠳᠠᠭᠤ ᠪᠣᠯᠳᠠᠭ ᠮᠥᠷᠳᠡᠭᠡᠨ ᠢᠳᠡᠬᠦ ᠳᠤ ᠠᠮᠳᠠ ᠦᠭᠡᠢ ᠪᠣᠯᠳᠠᠭ ᠲᠣᠯᠠ ᠰᠢᠭᠦᠳᠡᠩᠭᠦᠢ ︵ᠰᠢᠭᠦᠷᠬᠡᠢ︶᠎ ᠪᠠᠷ ᠭᠠᠷᠭᠠᠭᠠᠳ ᠴᠢᠨᠠᠭᠰᠠᠨ ᠴᠢᠴᠠᠷᠬᠠᠢ ᠪᠣᠶᠣ ᠰᠡᠮᠡᠵᠡᠨ ᠳᠤᠨᠢ ᠣᠷᠢᠶᠠᠵᠣ ᠢᠳᠡᠳᠡᠭ᠃
    ᠣᠶᠢᠷᠠᠳ ᠬᠦᠮᠦᠰ ᠡᠯᠢᠭᠡ ᠶᠢ ᠰᠢᠷᠠᠵᠣ ᠢᠳᠡᠳᠡᠭ ᠵᠠᠩᠰᠢᠯ ᠲᠠᠢ ᠪᠠᠶᠢᠳᠠᠭ᠃ ᠡᠭᠦᠨ ᠳᠤ ᠬᠤᠨᠢ ᠢᠮᠠᠭ᠎ᠠ ᠶᠢᠨ ᠡᠯᠢᠭᠡ ᠰᠢᠷᠠᠵᠣ ᠢᠳᠡᠬᠦ ᠪᠠᠷ ᠪᠠᠷᠠᠬᠤ ᠦᠭᠡᠢ ᠠᠩ ᠢᠮᠠᠭ᠎ᠠ᠂ ᠠᠷᠭᠠᠯᠢ ᠭᠤᠯᠵᠠ᠂ ᠵᠡᠭᠡᠷ᠎ᠡ ᠶᠢᠨ ᠡᠯᠢᠭᠡ ᠶᠢ ᠮᠦᠨ ᠰᠢᠷᠡᠵᠣ ᠢᠳᠡᠳᠡᠭ᠃ ᠡᠳᠡᠭᠡᠷ ᠠᠮᠢᠳᠠᠨ ᠤ ᠡᠯᠢᠭᠡ ᠶᠢ ᠰᠢᠷᠠᠵᠣ ᠢᠳᠡᠬᠦ ᠳᠡᠭᠡᠨ ᠰᠡᠮᠡᠵᠠ ᠲᠠᠢ ᠨᠢ ᠬᠠᠮᠲᠣ ᠰᠢᠷᠠᠳᠠᠭ ᠪᠦᠭᠡᠳ ᠲᠡᠭᠦᠨ ᠢ ᠪᠠᠨ ︽ᠰᠣᠭᠤᠵᠢ︾ ᠭᠡᠵᠣ ᠨᠡᠷᠡᠯᠡᠳᠡᠭ ᠶᠣᠮ᠃      ᠵᠡᠷᠢᠮ ᠨᠣᠳᠤᠭ ᠲᠤ ᠪᠣᠯᠪᠠᠯ ᠪᠠᠭ᠎ᠠ ᠬᠦᠪᠡᠭᠦᠳ ᠤᠨ ︽ᠦᠷᠪᠡᠯᠭᠡ ᠠᠪᠬᠤ ᠶᠣᠰᠣ︾ ᠬᠢᠬᠦ ᠦᠶ᠎ᠡ ᠳᠤ᠂ ᠬᠠᠷᠢ ᠳᠤ ᠭᠠᠷᠣᠭᠰᠠᠨ ᠬᠡᠣᠬᠡᠨ ᠤ ᠪᠠᠨ ᠵᠣᠬᠢᠰᠲᠠᠢ ᠦᠮᠴᠢ ᠶᠢ ᠨᠢ ᠰᠠᠯᠭᠠᠵᠣ ᠦᠭᠳᠡᠭ ᠵᠠᠩᠰᠢᠯ ᠪᠠᠶᠢᠳᠠᠭ ᠲᠣᠯᠠ ᠡᠨᠡ ᠶᠣᠰᠣᠯᠠᠯ ᠲᠡᠭᠡᠷ᠎ᠡ ᠭᠠᠷᠭᠠᠭᠰᠠᠨ ᠮᠠᠯ ᠤᠨ ᠢᠶᠠᠨ ᠡᠯᠢᠭᠡ᠂ ᠠᠭᠤᠰᠬᠢ᠂ ᠪᠦᠭᠡᠷ᠎ᠡ᠂ ᠵᠢᠷᠣᠬᠡ ᠶᠢ ᠨᠣᠳᠤᠭ ᠲᠤ ᠦᠵᠡᠭᠦᠯᠵᠣ ᠪᠠᠶᠢᠭᠠᠳ ᠲᠠᠳᠠᠵᠣ ᠰᠠᠯᠭᠠᠭᠠᠳ ᠬᠡᠣᠬᠡᠨ ᠨᠢ ᠡᠳᠡᠨ ᠤ ᠦᠮᠴᠢ ᠠᠴᠠ ᠪᠦᠷᠢᠨ ᠰᠠᠯᠵᠣ ᠬᠦᠮᠦᠨ ᠤ ᠬᠦᠮᠦᠨ ᠪᠣᠯᠣᠭᠰᠠᠨ ᠭᠡᠳᠡᠭ ᠢ ᠢᠯᠡᠳᠭᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号