ᠣᠶᠢᠷᠠᠳ ᠮᠣᠩᠭᠤᠯ ᠤᠨ ᠬᠤᠳᠣᠭᠤᠲᠣ ᠶᠢ ᠰᠢᠢᠳᠪᠦᠷᠢᠯᠡᠬᠦ ᠠᠷᠭ᠎ᠠ
ᠨᠡᠶᠢᠲᠡᠯᠡᠭᠰᠡᠨ ᠴᠠᠭ᠄
2020/12/23
       ᠶᠡᠷᠣ ᠳᠡᠭᠡᠨ ᠦᠬᠡᠷ ᠬᠤᠨᠢᠨ ᠤ ᠬᠤᠳᠣᠭᠤᠲᠣ ᠶᠢ ᠶᠠᠩᠵᠣᠯᠠᠵᠣ ᠢᠳᠡᠳᠡᠭ᠃
ᠬᠢᠬᠦ ᠠᠷᠭ᠎ᠠ ᠨᠢ ᠪᠣᠯᠪᠠᠯ ᠨᠢᠭᠡ ᠳᠤ᠂ ᠬᠤᠨᠢ ᠢᠮᠠᠭ᠎ᠠ ᠶᠢᠨ ᠬᠤᠳᠣᠭᠤᠲᠣ ᠪᠣᠯᠬᠤ ᠶᠣᠮ ᠪᠣᠯᠪᠠᠯ ᠠᠯᠠᠬᠤ ᠦᠶ᠎ᠡ ᠳᠤ ᠠᠪᠣᠭᠰᠠᠨ ᠴᠢᠰᠦ ᠶᠢ ᠪᠠᠨ ᠪᠠᠵᠠᠭᠠᠵᠣ᠂ ᠬᠦᠰᠢᠵᠣ ᠡᠭᠡᠳᠡᠷᠡᠭᠰᠡᠨ ᠵᠦᠢᠯ ᠢ ᠨᠢ ᠠᠪᠴᠣ ᠨᠣᠬᠠᠢ ᠳᠤ ᠪᠠᠨ ᠦᠭᠭᠦᠭᠡᠳ ᠦᠯᠡᠳᠡᠭᠰᠡᠨ ᠴᠢᠰᠦᠨ ᠳᠤ ᠪᠠᠭ᠎ᠠ ᠵᠡᠷᠭᠡ ᠣᠰᠣ ᠬᠤᠯᠢᠵᠣ ᠲᠡᠭᠡᠷ᠎ᠡ ᠨᠢ ᠵᠠᠮᠠᠭᠠᠭᠠᠯ᠂ ᠰᠢᠷ᠎ᠠ ᠯᠣᠣᠪᠠᠩ ᠮᠡᠳᠦ ᠨᠣᠭᠤᠭᠠᠨ ᠤ ᠵᠦᠢᠯ ᠢ ᠴᠠᠪᠴᠢᠵᠣ ᠬᠤᠯᠢᠭᠠᠳ᠂ ᠵᠥᠪ ᠲᠠᠪᠣᠰᠣ ᠲᠠᠯᠪᠢᠵᠣ ᠬᠤᠳᠬᠤᠵᠣ ᠨᠡᠶᠢᠯᠡᠭᠦᠯᠦᠭᠡᠳ ᠴᠢᠳᠬᠤᠵᠣ ᠣᠷᠬᠢᠭᠠᠳ ᠠᠮᠠᠰᠠᠷ ᠲᠡᠭᠡᠷ᠎ᠡ ᠨᠠᠷᠢᠨ ᠱᠣᠷᠣ ᠪᠠᠷ ᠬᠦᠪᠦᠷᠢᠳᠦᠨ ᠣᠩᠭᠢ ᠪᠠᠷ ᠨᠢ ᠬᠡᠳᠡᠰᠦ ᠪᠠᠷ ᠣᠷᠢᠶᠠᠵᠣ ᠣᠶᠠᠳᠠᠭ᠃ ᠡᠶᠢᠭᠡᠭᠡᠳ ᠴᠢᠨᠠᠳᠠᠭ ᠪᠠ ᠪᠠᠭ᠎ᠠ ᠪᠤᠴᠠᠯᠤᠭᠰᠠᠨ ᠤ ᠲᠠᠷᠠᠭ᠎ᠠ ᠨᠠᠷᠢᠨ ᠱᠣᠷᠣ ᠪᠠᠷ ᠴᠢᠴᠢᠵᠣ ᠬᠡᠢ ᠶᠢ ᠨᠢ ᠭᠠᠷᠭᠠᠵᠣ ᠪᠣᠯᠭᠤᠳᠠᠭ᠃
ᠬᠤᠶᠠᠷ ᠲᠤ᠂ ᠴᠢᠰᠦ ᠴᠢᠳᠬᠤᠬᠤ ᠦᠭᠡᠢ ᠪᠠᠷ ᠮᠢᠬ᠎ᠠ ᠦᠭᠡᠬᠦ᠂ ᠵᠠᠮᠠᠭᠠᠭᠠᠯ ᠮᠡᠲᠣ ᠠᠮᠳᠠ ᠣᠷᠣᠭᠤᠯᠬᠤ ᠨᠣᠭᠤᠭᠠᠨ ᠎ ᠤ ᠵᠦᠢᠯ ᠠᠴᠠ ᠴᠠᠪᠴᠢᠵᠣ᠂ ᠲᠡᠭᠡᠷ᠎ᠡ ᠨᠢ ᠵᠦᠪ ᠲᠠᠪᠣᠰᠣ ᠲᠠᠯᠪᠢᠵᠣ ᠣᠷᠬᠢᠭᠠᠳ ᠠᠮᠠ ᠶᠢ ᠨᠢ ᠪᠣᠭᠤᠵᠣ ᠣᠷᠬᠢᠭᠠᠳ ᠴᠢᠨᠠᠵᠣ ᠢᠳᠡᠳᠡᠭ᠃ ᠭᠤᠷᠪᠠ ᠳᠤ᠂ ᠡᠪᠣᠯ ᠤᠨ ᠢᠳᠡᠰᠢ ᠭᠠᠷᠭᠠᠬᠤ ᠦᠶ᠎ᠡ ᠳᠤ ᠦᠬᠡᠷ ᠤᠨ ᠬᠤᠳᠣᠭᠤᠲᠣ ᠳᠤ ᠮᠢᠬᠠᠨ ᠦᠭᠡᠬᠦᠨ ᠵᠡᠷᠭᠡ ᠶᠢ ᠲᠡᠩᠴᠡᠭᠦᠯᠵᠣ ᠡᠰᠭᠡᠭᠡᠳ ᠨᠣᠭᠤᠭᠠᠨ ᠤ ᠵᠦᠢᠯ ᠠᠴᠠ ᠴᠠᠪᠴᠢᠵᠣ ᠲᠡᠭᠡᠷ᠎ᠡ ᠨᠢ ᠬᠤᠯᠢᠭᠠᠳ ᠬᠢᠵᠣ ᠣᠷᠣᠭᠤᠯᠣᠭᠠᠳ ᠴᠢᠨᠠᠵᠣ ᠢᠳᠡᠬᠦ ᠪᠣᠶᠣ ᠬᠦᠷᠦᠭᠡᠵᠣ ᠲᠠᠯᠪᠢᠭᠠᠳ ᠲᠣᠷ᠎ᠠ ᠲᠠᠢ ᠴᠠᠭ ᠲᠠᠭᠠᠨ ᠴᠢᠨᠠᠵᠣ ᠢᠳᠡᠳᠡᠭ ᠪᠠ ᠵᠠᠷᠢᠮ ᠨᠢ ᠬᠠᠪᠣᠷ ᠤᠨ ᠣᠯᠠᠷᠢᠯ ᠢᠷᠡᠬᠦ ᠳᠤ ᠭᠠᠷᠭᠠᠵᠣ ᠴᠢᠨᠠᠵᠣ ᠢᠳᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号