ᠣᠶᠢᠷᠠᠳ ᠮᠣᠩᠭᠤᠯ ᠤᠨ ᠮᠢᠬ᠎ᠠ ᠣᠷᠢᠨᠰᠢᠭᠤᠯᠵᠣ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/12/23
      ᠣᠷᠢᠨᠰᠢᠭᠤᠯᠵᠣ ᠬᠠᠳᠠᠭᠠᠯᠠᠬᠤ ᠠᠷᠭ᠎ᠠ ᠨᠢ ᠬᠠᠳᠠᠭᠠᠵᠣ ᠬᠠᠳᠠᠭᠠᠬᠤ ᠠᠷᠭ᠎ᠠ ᠶᠢᠨ ᠨᠢᠭᠡ ᠵᠦᠢᠯ ᠨᠢ ᠪᠣᠯᠬᠤ ᠪᠣᠯᠪᠠᠴᠣ ᠬᠠᠳᠠᠭᠠᠬᠤ ᠠᠷᠭ᠎ᠠ ᠠᠴᠠ ᠢᠯᠭᠠᠭᠳᠠᠬᠤ ᠣᠨᠴᠠᠯᠢᠭ ᠲᠠᠢ ᠪᠠᠶᠢᠳᠠᠭ᠃ ᠬᠠᠳᠠᠭᠠᠯᠠᠬᠤ ᠶᠠᠪᠣᠴᠠ ᠨᠢ ᠪᠣᠯᠪᠠᠯ ᠡᠪᠣᠯ ᠤᠨ ᠤᠯᠠᠷᠢᠯ ᠳᠤ ᠪᠠᠶᠢᠰᠢᠩ ᠭᠡᠷ ᠲᠣᠳᠣᠷ᠎ᠠ ᠠᠷᠭᠠᠮᠵᠢ ᠲᠡᠭᠡᠰᠦ ᠲᠠᠳᠠᠵᠣ ᠣᠷᠬᠢᠭᠠᠳ ᠢᠳᠡᠰᠢ ᠳᠤ ᠠᠯᠠᠭᠰᠠᠨ ᠮᠢᠬ᠎ᠠ ᠪᠠᠨ ᠬᠤᠶᠠᠷ ᠬᠤᠷᠣᠭᠤᠨ ᠬᠢᠷᠢᠲᠠᠢ ᠪᠠᠷ ᠵᠦᠰᠦᠵᠣ ᠳᠠᠳᠠᠭᠰᠠᠨ ᠠᠷᠭᠠᠮᠵᠢ ᠲᠡᠭᠡᠰᠦᠨ ᠲᠡᠭᠡᠷ᠎ᠡ ᠪᠠᠨ ᠡᠯᠭᠦᠵᠣ ᠣᠷᠬᠢᠭᠠᠳ ᠡᠭᠦᠳᠡ ᠲᠡᠷᠡᠵᠠ ᠶᠢ ᠨᠢ ᠬᠠᠭᠠᠭᠠᠳ ᠪᠠᠶᠢᠯᠭᠠᠵᠣ ᠣᠷᠬᠢᠳᠠᠭ ᠪᠠᠶᠢᠨ᠎ᠠ᠃ ᠡᠶᠢᠭᠡᠭᠡᠳ ᠨᠢᠭᠡ ᠡᠪᠦᠯ ᠦᠩᠭᠡᠷᠡᠭᠰᠡᠨ ᠠᠴᠠ ᠬᠤᠶᠢᠰᠢ ᠲᠡᠷᠡ ᠨᠢ ᠣᠷᠢᠨᠠᠵᠣ ᠬᠠᠳᠠᠳᠠᠭ᠃ ᠡᠶᠢᠭᠡᠵᠣ ᠬᠠᠳᠠᠭᠠᠭᠰᠠᠨ ᠮᠢᠬ᠎ᠠ ᠶᠢ ᠴᠢᠨᠠᠵᠣ ᠢᠳᠡᠬᠦ ᠳᠤ ᠪᠣᠰᠣᠳ ᠵᠦᠢᠯ ᠢᠶᠠᠷ ᠬᠠᠳᠠᠭᠠᠭᠰᠠᠨ ᠮᠢᠬᠠᠨ ᠠᠴᠠ ᠬᠠᠷᠢᠴᠠᠩᠭᠤᠢ ᠪᠠᠷ ᠵᠥᠭᠡᠯᠡᠨ ᠪᠣᠯᠳᠠᠭ᠃ ᠣᠯᠠᠩᠬᠢ ᠭᠠᠵᠠᠷ ᠤᠨ ᠬᠦᠮᠦᠰ ᠡᠶᠢᠭᠡᠵᠣ ᠬᠠᠳᠠᠭᠠᠭᠰᠠᠨ ᠮᠢᠬ᠎ᠠ ᠪᠠᠨ ᠬᠠᠪᠣᠷ ᠡᠬᠢᠯᠡᠬᠦ ᠦᠶ᠎ᠡ ᠳᠤ ᠭᠠᠷᠭᠠᠵᠣ ᠪᠠᠭ᠎ᠠ ᠪᠠᠭ᠎ᠠ ᠪᠠᠷ ᠴᠢᠨᠠᠵᠣ ᠢᠳᠡᠳᠡᠭ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号