ᠷᠸᠣᠷᠠᠨ ᠬᠠᠭᠠᠳ ᠤᠨ ᠣᠭᠰᠠᠭ᠎ᠠ ᠭᠠᠷᠣᠯ
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠮᠣᠩᠭᠤᠯᠴᠢᠯᠠᠨ ᠨᠠᠶᠢᠷᠠᠭᠤᠯᠪᠠ ᠷᠸᠣᠷᠠᠨ ᠬᠠᠭᠠᠨᠳᠣ ᠣᠯᠣᠰ ᠤᠨ ᠬᠠᠭᠠᠳ ᠤᠨ ᠣᠳᠣᠮ ᠪᠣᠯ ᠰᠢᠶᠠᠨᠪᠸᠢ ᠠᠶᠢᠮᠠᠭ ᠤᠨ ᠢᠬᠢᠷᠢᠰ ᠣᠪᠣᠭ ᠲᠠᠢ ᠮᠣᠬᠤᠯᠠᠢ ᠭᠡᠳᠡᠭ ᠬᠦᠮᠦᠨ ᠠᠴᠠ ᠦᠨᠳᠦᠰᠦᠯᠡᠵᠡᠢ᠃ ᠮᠣᠬᠤᠯᠠᠢ ︵木moːɡ᠂ 骨kuːd/ kuət闾li̯wo᠂ ᠡᠷᠳᠡᠨ ᠤ ᠬᠢᠳᠠᠳ ᠬᠡᠯᠡ ᠠᠪᠢᠶ᠎ᠠ ᠠᠶᠠᠯᠭᠤ ᠶᠢ ᠮᠦᠷᠳᠡᠪᠡᠯ ᠣᠶᠢᠷᠠᠯᠴᠠᠭ᠎ᠠ ᠪᠠᠷ ᠮᠣᠭᠤᠯᠣᠢ᠂ ᠮᠣᠺᠣᠯᠠᠢ ᠪᠣᠶᠣ ᠮᠣᠭᠤᠯᠠᠷ ᠭᠡᠳᠡᠭ᠂ ᠭᠡᠶ᠎ᠡ ᠬᠦᠮᠦᠨ ᠤ ᠨᠡᠷ᠎ᠡ ᠳᠤ ᠬᠡᠷᠡᠭᠯᠡᠬᠦ ᠲᠡᠭᠡᠨ ᠣᠯᠠᠩᠬᠢ ᠨᠢ ᠪᠦᠷ ᠮᠣᠬᠤᠯᠠᠢ ᠭᠡᠳᠡᠭ ᠠᠵᠠᠢ︶᠃ ᠮᠣᠬᠤᠯᠠᠢ ᠪᠣᠯ ᠨᠡᠶᠢᠳᠡ ᠶᠢᠨ ᠣᠨ ᠲᠣᠭᠠᠯᠠᠯ ᠤᠨ 220 — 277 ᠣᠨ ᠤ ᠲᠦᠯᠦᠪ ᠢᠶᠠᠷ ᠠᠮᠢᠳᠣᠷᠠᠵᠣ ᠪᠠᠶᠢᠭᠰᠠᠨ ᠲᠡᠣᠬᠡᠳᠦ ᠬᠦᠮᠦᠨ ᠶᠣᠮ᠃ ᠲᠡᠭᠦᠨ ᠤ ᠲᠡᠣᠬᠡᠨ ᠳᠤ ᠢᠯᠡᠷᠡᠭᠰᠡᠨ ᠦᠩᠭᠡᠷᠡᠯᠳᠡ ᠭᠡᠪᠡᠯ᠂ ᠲᠣᠬᠠᠢ ᠶᠢᠨ ᠦᠶ᠎ᠡ ᠶᠢᠨ ᠲᠣᠪᠠ ᠰᠢᠶᠠᠨᠪᠸᠢ ᠶᠢᠨ ᠲᠡᠭᠡᠳᠦᠰ ᠪᠣᠯᠬᠤ ᠱᠧᠨ ᠶᠣᠸᠠᠨ ᠬᠠᠭᠠᠨ ᠤ ᠦᠪᠡᠷ ᠤᠨ ᠰᠢᠶᠠᠨ ᠪᠸᠢ ᠠᠶᠢᠮᠠᠭ ᠪᠦᠯᠦᠭ ᠲᠡᠭᠡᠨ ᠠᠬᠠᠯᠠᠭᠴᠢ ᠪᠠᠶᠢᠭᠰᠠᠨ ᠦᠶ᠎ᠡ ᠶᠢᠨ ᠡᠴᠦᠰ ᠤᠨ ᠣᠨ ᠢᠶᠠᠷ᠂ ᠲᠡᠭᠦᠨ ᠤ ᠮᠣᠷᠢᠳᠣ ᠴᠡᠷᠢᠭ ᠲᠠᠶᠢᠨ ᠳᠤ ᠮᠣᠷᠳᠠᠭᠠᠳ᠂ ᠨᠢᠭᠡᠨ ᠪᠠᠯᠴᠢᠷ ᠨᠠᠰᠣᠨ ᠤ ᠬᠦᠪᠡᠭᠦᠨ ᠢ ᠣᠯᠵᠠᠯᠠᠵᠣ ᠪᠣᠭᠤᠯ ᠪᠣᠯᠭᠠᠵᠠᠢ᠃ ᠲᠣᠬᠠᠢ ᠶᠢᠨ ᠦᠶ᠎ᠡ ᠳᠤ ᠡᠨᠡᠬᠦ ᠦᠴᠦᠬᠡᠨ ᠬᠦᠪᠡᠭᠦᠨ ᠰᠠᠶ᠋ᠢ ᠵᠦᠳᠡᠵᠦ ᠦᠰᠦ ᠭᠡᠵᠢᠭᠡ ᠨᠢ ᠦᠰᠦᠭᠡᠳ ᠬᠦᠮᠦᠰᠭᠡ ᠬᠦᠷᠴᠦ ᠪᠠᠶᠢᠭᠰᠠᠨ ᠪᠠᠯᠴᠢᠷ ᠨᠠᠰᠣᠨ ᠤ ᠬᠡᠣᠬᠡᠳ ᠪᠠᠶᠢᠵᠣ᠂ ᠦᠪᠡᠷ ᠤᠨ ᠨᠡᠷ᠎ᠡ ᠣᠪᠣᠭ ᠢᠶᠠᠨ ᠴᠦ ᠮᠠᠷᠳᠠᠭᠰᠠᠨ ᠪᠣᠯᠬᠤᠷ ᠮᠣᠬᠤᠯᠠᠢ ᠭᠡᠵᠦ ᠨᠡᠷ᠎ᠡ ᠦᠭᠭᠦᠭᠰᠡᠨ ᠭᠡᠵᠡᠢ᠃ ᠲᠡᠭᠡᠭᠡᠳ ︽ᠮᠣᠬᠤᠯᠠᠢ︾ ᠭᠡᠳᠡᠭ ᠦᠭᠡ ᠪᠣᠯ ᠰᠢᠶᠠᠨᠪᠸᠢ ᠬᠡᠯᠡᠨ ᠳᠤ ︽ᠮᠣᠬᠤᠷ ᠲᠣᠯᠣᠭᠠᠢ ᠲᠠᠢ᠂ ᠭᠡᠵᠢᠭᠡ ᠦᠭᠡᠢ︾ ᠭᠡᠰᠡᠨ ᠦᠭᠡ ᠭᠡᠵᠦ ᠲᠠᠶᠢᠯᠪᠣᠷᠢᠯᠠᠵᠠᠢ᠃ ᠲᠣᠬᠠᠢ ᠶᠢᠨ ᠦᠶ᠎ᠡ ᠶᠢᠨ ᠬᠦᠮᠦᠰ ᠤᠨ ᠵᠠᠩᠰᠢᠯ ᠳᠤ ᠨᠠᠰᠣ ᠦᠰᠦᠭᠡᠳ ᠪᠠᠭᠠᠴᠣᠳ ᠪᠣᠯᠣᠭᠰᠠᠨ ᠦᠶ᠎ᠡ ᠠᠴᠠ ᠡᠬᠢᠯᠡᠨ ᠪᠦᠷ ᠭᠡᠵᠢᠭᠡ ᠭᠦᠷᠦᠬᠦ ᠲᠠᠳᠬᠠᠯ ᠲᠠᠢ ᠠᠵᠠᠢ᠃ ᠭᠡᠳᠡᠯ᠎ᠡ ᠮᠣᠬᠤᠯᠠᠢ ᠪᠣᠯ ᠦᠰᠦ ᠭᠡᠵᠢᠭᠡ ᠨᠢ ᠬᠠᠷᠬᠠᠨ ᠭᠦᠷᠦᠬᠦ ᠬᠡᠮᠵᠢᠶ᠎ᠡ ᠪᠣᠯᠳᠠᠯ᠎ᠠ ᠦᠰᠦᠭᠡᠳᠦᠢ ᠪᠠᠶᠢᠭᠰᠠᠨ ᠪᠣᠯᠬᠤᠷ ᠭᠦᠷᠦᠮᠡᠯ ᠭᠡᠵᠢᠭᠡ ᠦᠭᠡᠢ ᠭᠡᠰᠡᠨ ᠣᠳᠬ᠎ᠠ ᠲᠠᠢ ᠬᠡᠯᠡᠭᠰᠡᠨ ᠦᠭᠡ ᠪᠣᠯᠣᠯᠳᠠᠢ᠃ ᠮᠣᠬᠤᠯᠠᠢ ︵木骨闾︶ ᠪᠣᠯᠣᠨ ᠢᠬᠢᠷᠢᠰ ︵郁ʔi̯ŭk/ʔiuk 久kʷlɯʔ/ki̯ə̯u闾li̯wo/liaɣ ᠲᠣᠰ ᠣᠪᠣᠭ ᠢ ᠷᠸᠣᠷᠠᠨ ᠬᠦᠮᠦᠰ ᠪᠠᠷᠤᠭ ᠢᠺᠢᠷᠢᠰ ikiris ᠭᠡᠵᠦ ᠠᠪᠢᠶᠠᠯᠠᠳᠠᠭ ᠪᠠᠶᠢᠵᠠᠢ︶ ᠠᠪᠢᠶ᠎ᠠ ᠣᠶᠢᠷᠠᠯᠴᠠᠭ᠎ᠠ ᠪᠣᠯᠬᠤᠷ᠂ ᠲᠡᠭᠦᠨ ᠤ ᠬᠤᠶᠢᠴᠢ ᠦᠶ᠎ᠡ ᠶᠢᠨ ᠬᠦᠪᠡᠭᠦᠳ ᠠᠴᠢ ᠨᠡᠷ ᠨᠢ ᠢᠭᠢᠷᠢᠰ ᠢᠶᠠᠷ ᠦᠪᠡᠷ ᠤᠨ ᠣᠪᠣᠭ ᠪᠣᠯᠭᠠᠵᠠᠭᠠᠵᠠᠢ ᠭᠡᠪᠡ᠃ ᠲᠡᠭᠡᠷᠡᠬᠢ ᠡᠨᠡ ᠪᠠᠳᠠᠭ ᠦᠭᠡ ᠢᠳᠡᠭᠡᠮᠵᠢ ᠪᠠᠷ ᠪᠠᠷᠤᠭ ᠲᠠᠢ ᠦᠭᠡ ᠶᠣᠮ᠂ ᠰᠢᠯᠳᠠᠭᠠᠨ ᠨᠢ ᠲᠣᠬᠠᠢ ᠶᠢᠨ ᠦᠶ᠎ᠡ ᠲᠠᠷᠣᠢ ᠨᠡᠶᠢᠳᠡ ᠶᠢᠨ ᠣᠨ ᠲᠣᠭᠠᠯᠠᠯ ᠤᠨ ᠭᠤᠷᠪᠠᠳᠣᠭᠠᠷ ᠵᠠᠭᠤᠨ ᠤ ᠲᠣᠮᠳᠠ ᠬᠤᠶᠢᠴᠢ ᠦᠶ᠎ᠡ ᠶᠢᠨ ᠬᠢᠳᠠᠳ ᠬᠡᠯᠡᠨ ᠳᠤ ᠮᠣᠭᠤᠯᠣᠢ ᠭᠡᠳᠡᠭ ᠦᠭᠡ ᠶᠢ ᠶᠡᠭᠡ ᠲᠦᠯᠦᠪ mog gud liwo ᠭᠡᠵᠦ ᠠᠪᠢᠶᠠᠴᠢᠯᠠᠨ ᠣᠷᠴᠢᠭᠤᠯᠵᠣ᠂ ᠢᠬᠢᠷᠢᠰ ᠢ ʔiuk ki̯ə̯u liwo ᠭᠡᠳᠡᠭ ᠪᠠᠶᠢᠭᠰᠠᠨ ᠠᠵᠠᠢ᠃ ᠠᠯᠢ ᠲᠠᠯ᠎ᠠ ᠪᠠᠷ ᠨᠢ ᠬᠠᠷᠢᠴᠠᠭᠤᠯᠣᠭᠰᠠᠨ ᠴᠦ ᠡᠨᠡ ᠬᠤᠶᠠᠷ ᠦᠭᠡ ᠬᠤᠭᠤᠷᠣᠨᠳᠣ ᠪᠠᠨ ᠵᠦᠷᠢᠶ᠎ᠡ ᠲᠠᠢ᠂ ᠶᠡᠬᠡᠯ᠎ᠡ ᠠᠳᠠᠯᠢ ᠦᠭᠡᠢ ᠨᠢ ᠮᠡᠳᠡᠭᠡᠵᠢ ᠶᠢᠨ ᠬᠡᠷᠡᠭ ᠶᠣᠮ᠃ ᠡᠭᠦᠨ ᠢ ᠵᠦᠪ ᠲᠠᠶᠢᠯᠪᠣᠷᠢᠯᠠᠶ᠎ᠠ ᠭᠡᠪᠡᠯ᠂ ᠨᠢᠭᠡ ᠪᠣᠭᠤᠯ ᠬᠦᠮᠦᠨ ᠳᠤ ᠶᠠᠮᠠᠷ ᠨᠡᠷ᠎ᠡ ᠦᠭᠬᠦ ᠨᠢ ᠡᠵᠡᠨ ᠤ ᠬᠢᠨᠢ ᠲᠣᠷ᠎ᠠ ᠠᠴᠠ ᠪᠢᠰᠢ᠂ ᠪᠣᠭᠤᠯ ᠤᠨ ᠰᠠᠨᠠᠭ᠎ᠠ ᠪᠠᠷ ᠪᠣᠯᠳᠠᠭ ᠣᠴᠢᠷ ᠪᠢᠰᠢ᠂ ᠬᠠᠷᠢᠨ ᠪᠣᠭᠤᠯ ᠦᠪᠡᠷ ᠢᠶᠠᠨ ᠶᠠᠮᠠᠷ ᠣᠪᠣᠭ ᠲᠠᠢ ᠭᠡᠳᠡᠭ ᠢ ᠪᠣᠭᠤᠯ ᠤᠨ ᠡᠵᠡᠨ ᠨᠢ ᠲᠡᠮᠡᠢ ᠬᠠᠮᠢᠶᠠᠷᠬᠤ ᠦᠭᠡᠢ ᠶᠣᠮ᠃ ᠶᠠᠭ ᠡᠶᠢᠮᠦ ᠠᠴᠠ ᠮᠣᠭᠤᠯᠣᠢ ᠭᠡᠳᠡᠭ ᠨᠡᠷ᠎ᠡ  ᠪᠠᠷ ᠦᠪᠡᠷ ᠢ ᠪᠠᠨ ᠨᠡᠷᠡᠶᠢᠳᠦᠭᠦᠯᠵᠦ ᠪᠠᠶᠢᠪᠠᠴᠣ᠂ ᠬᠠᠷᠢᠨ ᠦᠪᠡᠷ ᠤᠨ ᠣᠣᠯ ᠤᠨ ᠢᠬᠢᠷᠢᠰ ᠣᠪᠣᠭ ᠢᠶᠠᠷ ᠢᠶᠠᠨ ᠦᠷᠬᠦᠯᠵᠢᠯᠡᠨ ᠣᠪᠣᠭᠯᠠᠭᠰᠠᠨ ᠪᠠᠶᠢᠵᠣ ᠪᠣᠯᠣᠨ᠎ᠠ᠃ ᠮᠣᠬᠤᠯᠠᠢ ᠦᠭᠡᠯᠡᠢ ᠪᠣᠯᠣᠭᠰᠠᠨ᠎ᠠ ᠪᠡᠶ᠎ᠡ ᠬᠠᠳᠠ ᠰᠠᠶᠢᠳᠠᠢ ᠪᠣᠯᠬᠤᠷ ᠪᠣᠭᠤᠯ ᠠᠴᠠ ᠨᠢ ᠴᠢᠯᠦᠭᠡᠯᠡᠵᠦ ᠮᠣᠷᠢᠳᠣ ᠴᠡᠷᠢᠭ ᠪᠣᠯᠭᠠᠪᠠᠢ᠃ ᠲᠡᠷᠡ ᠮᠣ᠋ ᠳ᠋ᠢ ᠬᠠᠭᠠᠨ ᠲᠣᠪᠠ ᠶᠢ ᠯᠦ᠋ ︵ᠲᠣᠪᠠ ᠢᠯᠠᠬᠤ᠂ 拓跋猗卢Ii lag︶ ᠤᠨ ᠦᠶ᠎ᠡ ᠳᠤ ᠴᠡᠷᠢᠭ ᠤᠨ ᠪᠣᠯᠵᠤᠭ᠎ᠠ ᠠᠴᠠ ᠬᠤᠴᠣᠷᠴᠣ᠂ ᠠᠯᠠᠭᠳᠠᠬᠤ ᠠᠴᠠ ᠠᠶᠣᠬᠤ ᠳᠠᠭᠠᠨ ᠡᠯᠡᠰᠦ ᠮᠠᠩᠬ᠎ᠠ ᠠᠭᠤᠯᠠ ᠵᠠᠪᠠᠢ ᠳᠤ ᠰᠢᠷᠭᠤᠨ ᠨᠢᠭᠤᠭᠳᠠᠵᠣ᠂ ᠮᠦᠨ ᠲᠡᠭᠦᠨ ᠲᠠᠢ ᠠᠳᠠᠯᠢ ᠠᠯᠪᠠᠨ ᠳᠤ ᠪᠠᠷᠢᠭᠳᠠᠬᠤ ᠠᠴᠠ ᠠᠶᠣᠵᠣ ᠂ ᠪᠣᠯᠳᠠᠨ ᠲᠣᠳᠠᠭᠠᠵᠣ ᠪᠠᠶᠢᠭ᠎ᠠ ᠬᠦᠮᠦᠰ ᠢ ᠴᠣᠭᠯᠠᠭᠤᠯᠣᠨ ᠠᠬᠤᠭᠤᠯᠵᠣ᠂ ᠵᠠᠭᠤ ᠭᠠᠷᠣᠢ ᠬᠦᠮᠦᠨ ᠣᠯᠵᠣ᠂ ᠴᠦᠨ ᠲᠦ᠋ ᠯᠢᠨ ︵纯tjunʔ ︵从糸屯聲︶ 突tʰuːd ︵/tuk̚⁴/᠂︶ 邻Lien᠂ ᠲᠣᠲᠣᠭᠯᠢᠨ᠂ ᠡᠨᠡ ᠠᠶᠢᠮᠠᠭ ᠤᠨ ᠨᠡᠷ᠎ᠡ ᠶᠢᠨ ᠲᠣᠬᠠᠢ ᠣᠯᠠᠨ ᠠᠳᠡᠭᠦᠷᠡᠯ ᠪᠠᠶᠢᠨ᠎ᠠ᠃ ᠵᠢᠱᠢᠶᠡᠯᠡᠪᠡᠯ ᠵᠠᠷᠢᠮ ᠨᠣᠮ ᠳᠤ 纯 ᠢ 纥 ᠭᠡᠵᠦ ᠪᠢᠴᠢᠵᠣ ᠪᠠᠶᠢᠨ᠎ᠠ᠃ ᠠᠯᠢ ᠨᠢ ᠵᠦᠪ ᠪᠣᠯᠬᠤ ᠶᠢ ᠮᠡᠳᠡᠬᠦ ᠦᠭᠡᠢ ᠪᠣᠯᠬᠤᠷ ᠲᠦᠷ ᠴᠠᠭ ᠢᠩᠬᠢᠵᠦ ᠰᠢᠢᠳᠪᠦᠷᠢᠯᠡᠵᠡᠢ︶ ᠠᠶᠢᠮᠠᠭ ᠢ ᠲᠦᠰᠢᠵᠡᠢ᠃ ᠮᠣᠬᠤᠯᠠᠢ ᠦᠬᠦᠭᠰᠡᠨ ᠤ ᠰᠡᠭᠦᠯᠡᠷ ᠲᠡᠭᠦᠨ ᠤ ᠬᠦᠪᠡᠭᠦᠨ ᠴᠧ ᠯᠦ᠋ ᠾᠦᠢ ︵车tɕʰi̯a鹿b·roːɡ会ɣuɑi ᠲᠠᠷᠬᠠᠢ ᠪᠣᠶᠣ ᠴᠢᠷᠠᠬᠠᠢ︶ ᠵᠠᠯᠭᠠᠮᠵᠢᠯᠠᠭᠰᠠᠨ ᠠᠵᠠᠢ᠃ ᠡᠨᠡ 车 ᠦᠰᠦᠭ ᠤᠨ ᠡᠷᠳᠡᠨ ᠤ ᠠᠪᠢᠶ᠎ᠠ ᠨᠢ ᠶᠡᠬᠡᠯ᠎ᠡ ᠪᠣᠳᠣᠯᠢᠶᠠᠨ ᠲᠠᠢ ᠪᠠᠶᠢᠵᠣ᠂ ᠵᠠᠷᠢᠮ ᠳᠠᠭᠠᠨ ᠣᠶᠢᠷᠠᠯᠴᠠᠭ᠎ᠠ  ᠪᠠᠷ ᠲᠢᠶᠠ ᠭᠡᠵᠦ ᠣᠩᠰᠢᠨ᠂ ᠵᠠᠷᠢᠮ ᠲᠠᠭᠠᠨ ᠴᠢᠶᠠ ᠭᠡᠵᠦ ᠣᠩᠰᠢᠵᠣ ᠪᠠᠶᠢᠪᠠᠴᠣ᠂ ᠡᠨᠡ ᠬᠤᠶᠠᠷ ᠣᠩᠰᠢᠯᠭ᠎ᠠ ᠶᠢ ᠬᠢᠳᠠᠳ ᠬᠡᠯᠡᠨ ᠤ ᠡᠷᠳᠡᠮᠳᠡᠳ ᠪᠣᠯ ᠨᠢᠭᠡᠨ ᠠᠪᠢᠶ᠎ᠠ ᠪᠠᠷ ᠦᠵᠡᠳᠡᠭ᠂ ᠬᠠᠷᠢᠨ ᠲᠣᠰ ᠦᠰᠦᠭ ᠢ ᠪᠠᠰᠠ ᠭᠤᠷᠪᠠᠳᠠᠬᠢ ᠠᠪᠢᠶ᠎ᠠ Gya ᠪᠠᠷ ᠣᠩᠰᠢᠵᠣ ᠪᠠᠶᠢᠭᠰᠠᠨ ᠠᠴᠠ ᠪᠠᠨ ᠠᠭᠠᠵᠢᠮ ᠢᠶᠠᠷ ᠬᠤᠪᠢᠷᠠᠵᠣ Gyo ︵ᠮᠠᠨ ᠤ ᠮᠡᠳᠡᠳᠡᠭ ᠬᠢᠳᠠᠳ ᠰᠢᠲᠠᠷ᠎ᠠ ᠶᠢᠨ 车 ᠪᠣᠯ ᠡᠷᠳᠡ ᠦᠶ᠎ᠡ ᠳᠤ ᠲᠠᠷᠣᠢ Gyo ᠪᠠᠶᠢᠵᠣ᠂ ᠠᠭᠠᠵᠢᠮ ᠢᠶᠠᠷ ᠵᠢᠥᠢ ᠣᠩᠰᠢᠯᠭ᠎ᠠ  ᠲᠠᠢ ᠪᠣᠯᠵᠣ ᠣᠯᠠᠷᠢᠵᠣ ᠢᠷᠡᠭᠰᠡᠨ ᠪᠢᠯᠡ︶ ᠪᠣᠯᠣᠭᠰᠠᠨ ᠲᠡᠣᠬᠡ ᠲᠠᠢ ᠭᠡᠳᠡᠭ ᠶᠣᠮ᠃ ᠶᠠᠭ ᠡᠶᠢᠮᠦ ᠠᠴᠠ ᠠᠳᠡ ᠡᠮᠦᠨᠡᠬᠢ ᠪᠠᠷ ᠨᠢ ᠣᠩᠰᠢᠵᠣ ᠲᠠᠷᠠᠬᠠᠢ ᠪᠣᠶᠣ ᠴᠢᠷᠠᠬᠠᠢ ᠭᠡᠵᠦ ᠣᠳᠣ ᠦᠶ᠎ᠡ ᠶᠢᠨ ᠮᠣᠩᠭᠤᠯ ᠬᠡᠯᠡᠨ ᠳᠤ ᠣᠷᠴᠢᠭᠤᠯᠵᠠᠢ᠃ ᠲᠠᠷᠠᠬᠠᠢ ᠴᠢᠷᠬᠠᠢ ᠬᠤᠶᠠᠷ ᠨᠡᠷ᠎ᠡ ᠦᠭᠡ ᠡᠷᠳᠡᠨ ᠤ ᠾᠦᠩᠨᠦ ᠬᠦᠮᠦᠨ᠂ ᠷᠸᠣᠷᠠᠨ ᠬᠦᠮᠦᠨ ᠪᠣᠶᠣ ᠬᠤᠵᠢᠮ ᠤᠨ ᠮᠣᠩᠭᠤᠯ ᠬᠦᠮᠦᠨ ᠳᠤ ᠪᠦᠷ ᠣᠯᠠᠨ ᠲᠣᠬᠢᠶᠠᠯᠳᠣᠬᠤ ᠬᠦᠮᠦᠨ ᠤ ᠨᠡᠷ᠎ᠡ ᠶᠣᠮ᠃ ᠬᠡᠷᠪᠡ ᠬᠤᠶᠢᠨᠠᠬᠢ ᠣᠩᠰᠢᠯᠭ᠎ᠠ ᠪᠠᠷ ᠨᠢ ᠪᠣᠯ ᠭᠤᠷᠢᠮ ︵ᠵᠢᠷᠣᠮ ᠭᠤᠷᠢᠮ ᠤᠨ ᠭᠤᠷᠢᠮ︶ ᠭᠡᠳᠡᠭ ᠾᠦᠩᠨᠦ — ᠮᠣᠩᠭᠤᠯ ᠦᠭᠡ ᠶᠢ  ᠪᠠᠨ ᠭᠦ᠋ ᠮᠡᠳᠦ ᠶᠢᠨ ᠲᠡᠣᠬᠡᠴᠢᠳ 车林 ᠬᠤᠶᠠᠷ ᠬᠢᠳᠠᠳ ᠦᠰᠦᠭ ᠢᠶᠠᠷ ᠠᠪᠢᠶᠠᠴᠢᠯᠠᠨ ᠣᠷᠴᠢᠭᠤᠯᠣᠭᠰᠠᠨ ᠪᠠᠶᠢᠳᠠᠭ ᠶᠣᠮ᠃ ᠴᠢᠷᠠᠬᠠᠢ᠄ ᠢᠬᠢᠷᠢᠰ ᠣᠪᠣᠭ ᠲᠠᠢ᠂ ᠮᠣᠬᠤᠯᠠᠢ ᠶᠢᠨ ᠬᠦᠪᠡᠭᠦᠨ᠂ ᠪᠡᠶ᠎ᠡ ᠪᠢᠯᠳᠠᠷ ᠬᠦᠳᠡᠷ ᠴᠠᠬᠢᠷᠠᠭ᠂ ᠬᠦᠴᠦᠨ ᠴᠢᠳᠠᠯ ᠶᠡᠬᠡᠳᠡᠢ ᠪᠠᠭᠠᠳᠣᠷ ᠬᠦᠮᠦᠨ ᠪᠣᠯᠬᠤᠷ ᠢᠬᠢᠷᠢᠰ ᠣᠪᠣᠭᠳᠠᠨ ᠡᠬᠢᠯᠡᠨ ᠰᠠᠶ᠋ᠢ ᠦᠪᠡᠷ ᠤᠨ ᠠᠶᠢᠮᠠᠭ ᠪᠦᠯᠦᠭ  ᠲᠠᠢ ᠪᠣᠯᠵᠣ᠂ ᠴᠢᠷᠬᠠᠢ ᠠᠶᠢᠮᠠᠭ ᠤᠨ ᠲᠦᠷᠦᠭᠦᠥ ᠪᠠᠷ ᠡᠷᠭᠦᠭᠳᠡᠵᠦ᠂ ᠦᠪᠡᠷ ᠤᠨ ᠠᠶᠢᠮᠠᠭ ᠢᠶᠠᠨ ᠿᠸᠣᠷᠠᠨ ︵柔然︶ ᠬᠡᠮᠡᠨ ᠴᠣᠯᠠᠳᠠᠵᠣᠬᠤᠢ ᠭᠡᠵᠡᠢ᠃ ᠲᠠᠷᠣᠢ ᠴᠢᠷᠠᠬᠠᠢ ᠶᠢᠨ ᠦᠶ᠎ᠡ ᠳᠤ ᠷᠸᠣᠷᠠᠨᠴᠣᠳ ᠰᠠᠶ᠋ᠢ ᠠᠶᠢᠮᠠᠭ ᠪᠦᠯᠦᠭ ᠢᠶᠠᠨ ︽ᠷᠸᠣᠷᠠᠨ︾ ᠭᠡᠵᠦ ᠨᠡᠷᠡᠶᠢᠳᠦᠪᠡ ᠭᠡᠳᠡᠭ ᠨᠢ ᠨᠡᠯᠢᠶᠡᠳ ᠪᠠᠳᠣᠳᠠᠢ ᠲᠡᠣᠬᠡᠨ ᠰᠣᠷᠠᠭ ᠪᠣᠯᠵᠣ ᠮᠡᠳᠡᠬᠦ ᠶᠣᠮ᠂ ᠲᠡᠭᠡᠪᠡᠯ ᠡᠨᠡᠬᠦ ᠨᠡᠷ᠎ᠡ ᠦᠭᠡ ᠪᠠᠷᠤᠭ ᠨᠡᠶᠢᠳᠡ ᠶᠢᠨ ᠣᠨ ᠲᠣᠭᠠᠯᠠᠯ ᠤᠨ ᠭᠤᠷᠪᠠᠳᠣᠭᠠᠷ ᠵᠠᠭᠤᠨ ᠤ ᠲᠣᠮᠳᠠᠴᠢ ᠪᠣᠶᠣ ᠰᠡᠬᠦᠯᠴᠢ ᠶᠢᠨ ᠦᠶ᠎ᠡ ᠶᠢᠨ ᠬᠡᠷᠡᠭ ᠪᠣᠯᠣᠨ᠎ᠠ᠃ ᠲᠡᠭᠡᠭᠡᠳ ᠡᠨᠡᠬᠦ ᠠᠶᠢᠮᠠᠭ ᠤᠨ ᠣᠨᠴᠠᠯᠢᠭ ᠭᠡᠪᠡᠯ ᠶᠠᠮᠠᠷ ᠨᠢᠭᠡᠨ ᠴᠢᠰᠣᠨ ᠣᠳᠣᠮ ᠢᠶᠠᠷ ᠭᠤᠣᠯ ᠴᠣᠭᠴᠠ ᠪᠣᠯᠭᠠᠭᠰᠠᠨ ᠠᠶᠢᠮᠠᠭ ᠪᠦᠯᠦᠭ ᠪᠢᠰᠢ᠂ ᠪᠦᠷ ᠲᠣᠬᠠᠢ ᠶᠢᠨ ᠦᠶ᠎ᠡ ᠶᠢᠨ ᠠᠯᠪᠠᠨ ᠶᠠᠮᠣᠨ ᠳᠤ ᠶᠠᠯᠠᠳᠠᠳᠠᠭᠬᠤ ᠠᠴᠠ ᠠᠶᠣᠵᠣ᠂ ᠡᠯᠡᠰᠦ ᠮᠠᠩᠬᠠᠨ ᠳᠤ ᠨᠢᠭᠤᠭᠳᠠᠨ ᠲᠠᠯᠳᠠᠯᠠᠵᠣ ᠪᠠᠶᠢᠭᠰᠠᠨ ᠬᠦᠮᠦᠰ ᠢ ᠴᠢᠷᠠᠬᠠᠢ ᠶᠢᠨ ᠡᠴᠢᠭᠡ ᠮᠣᠬᠤᠯᠠᠢ ᠬᠤᠷᠢᠶᠠᠨ ᠴᠣᠭᠯᠠᠭᠤᠯᠵᠣ᠂ ᠦᠪᠡᠷ ᠤᠨ ᠠᠶᠢᠮᠠᠭ ᠤᠨ ᠢᠶᠠᠨ ᠰᠠᠭᠤᠷᠢ ᠪᠣᠯᠭᠠᠭᠰᠠᠨ ᠠᠵᠠᠢ᠃ ᠶᠠᠭ ᠡᠶᠢᠮᠦ ᠠᠴᠠ 柔然 ᠭᠡᠳᠡᠭ ᠬᠤᠶᠠᠷ ᠬᠢᠳᠠᠳ ᠦᠭᠡ ᠶᠢᠨ ᠡᠷᠳᠡᠨ ᠤ ᠠᠪᠢᠶ᠎ᠠ ᠠᠶᠠᠯᠭᠤ ᠶᠢ ᠦᠨᠳᠦᠰᠦᠯᠡᠪᠡᠯ ︽ᠨᠦᠬᠦᠷ︾ ᠪᠣᠶᠣ ︽ᠨᠦᠬᠦᠷ ᠨᠡᠷ︾ ᠭᠡᠳᠡᠭ ᠦᠭᠡ ᠲᠠᠢ ᠲᠣᠩ ᠣᠶᠢᠷᠠᠯᠴᠠᠭ᠎ᠠ  ᠪᠠᠷ 柔 ȵʑi̯ə̯u/ȵǐu᠂ 然njen / ȵʑi̯ɛn ︵ᠨᠢᠦ ᠨᠢᠶᠠᠨ᠂ ᠨᠦᠬᠦᠷ ᠨᠡᠷ︶ ᠭᠡᠵᠦ ᠠᠪᠢᠶᠠᠯᠠᠳᠠᠭ ᠪᠠᠶᠢᠵᠠᠢ᠃ ᠭᠡᠶ᠎ᠡ ᠷᠸᠣᠷᠠᠨᠴᠣᠳ ᠬᠡᠳᠦᠶᠢᠪᠡᠷ ᠦᠪᠡᠷ ᠤᠨ ᠠᠶᠢᠮᠠᠭ ᠪᠦᠯᠦᠭ ᠲᠠᠢ ᠪᠣᠯᠣᠭᠰᠠᠨ ᠴᠦ ᠬᠦᠮᠦᠨ ᠴᠦᠬᠡᠨ ᠬᠦᠷᠦᠩᠬᠡ ᠨᠢᠮᠬᠡᠨ ᠤ ᠬᠠᠷᠠᠭ᠎ᠠ ᠪᠠᠷ ᠮᠦᠨ ᠪᠠᠰᠠ ᠲᠣᠪᠠ ᠣᠪᠣᠭᠳᠠᠨ ᠤ ᠰᠢᠶᠠᠨᠪᠸᠢ ᠠᠶᠢᠮᠠᠭ  ᠲᠤ ᠨᠣᠶᠠᠷᠬᠠᠭᠳᠠᠵᠣ᠂ ᠲᠡᠳᠡᠨᠡᠷ ᠲᠤ ᠠᠳᠣᠭᠤ ᠮᠠᠯ ᠤᠨ ᠠᠰᠢᠭ ᠰᠢᠮ᠎ᠡ᠂ ᠬᠠᠯᠢᠭᠤ ᠪᠣᠯᠠᠭ᠎ᠠ ᠶᠢᠨ ᠠᠷᠠᠰᠣ ᠬᠦᠷᠦᠰᠦ  ᠪᠠᠷ ᠵᠢᠯ ᠤᠨ ᠠᠯᠪᠠ ᠪᠠᠷᠢᠵᠣ᠂ ᠡᠪᠦᠯ ᠪᠣᠯᠣᠭᠰᠠᠭᠠᠷ ᠭᠤᠪᠢ ᠶᠢᠨ ᠡᠮᠦᠨ᠎ᠡ ᠢᠷᠡᠵᠦ ᠡᠪᠦᠯᠵᠢᠨ᠂ ᠵᠣᠨ ᠣᠷᠣᠭᠰᠠᠭᠠᠷ ᠭᠤᠪᠢ ᠶᠢᠨ ᠠᠷᠣ ᠲᠠᠭᠠᠨ ᠬᠠᠷᠢᠵᠣ ᠵᠣᠰᠠᠳᠠᠭ ᠪᠠᠶᠢᠪᠠ᠃ ᠬᠤᠵᠢᠮ ᠣᠮᠠᠷᠠᠳᠣ ᠸᠧᠢ ᠣᠯᠣᠰ ᠤᠨ ᠱᠢ ᠽᠣ᠋ ᠬᠠᠭᠠᠨ ᠲᠡᠳᠡᠨᠡᠷ ᠤᠨ ᠠᠶᠢᠮᠠᠭ ᠪᠦᠯᠦᠭ ᠢ ᠬᠤᠷᠣᠬᠠᠢ ᠰᠢᠪᠠᠵᠢ ᠳᠤ ᠠᠳᠠᠯᠢ ᠮᠡᠳᠡᠯᠭᠡ ᠰᠣᠷᠳᠠᠯ ᠦᠭᠡᠢ ᠬᠡᠮᠡᠨ ᠬᠦᠷᠪᠡᠯᠵᠡᠨ ᠠᠳᠣᠪᠠᠯᠵᠠᠭᠴᠢ ᠬᠤᠷᠣᠬᠠᠢ ᠭᠡᠳᠡᠭ ᠣᠳᠬ᠎ᠠ ᠲᠠᠢ ᠦᠰᠦᠭ ᠷᠦ᠋ ᠷᠦ᠋ ᠪᠠᠷ ᠲᠡᠳᠡᠨᠡᠷ ᠢ ᠨᠡᠷᠡᠶᠢᠳᠦᠭᠰᠡᠨ ᠭᠡᠵᠡᠢ᠃ ᠴᠢᠷᠠᠬᠠᠢ ᠦᠬᠦᠭᠰᠡᠨ ᠤ ᠰᠡᠭᠦᠯᠡᠷ ᠬᠦᠪᠡᠭᠦᠨ ᠨᠢ ᠲᠤ ᠨᠦ᠋ ᠭᠦᠢ ︵吐奴傀 ᠲᠠᠨᠠᠭᠠᠢ ᠪᠣᠶᠣ ᠲᠠᠨᠠᠭᠤᠢ︶ ᠵᠠᠯᠭᠠᠮᠵᠢᠯᠠᠵᠠᠢ᠃ ᠲᠤ ᠨᠦ᠋ ᠭᠦᠢ᠂ ᠢᠬᠢᠷᠢᠰ ᠣᠪᠣᠭ ᠲᠠᠢ᠂ ᠴᠢᠷᠠᠬᠠᠢ ᠶᠢᠨ ᠬᠦᠪᠡᠭᠦᠨ᠂ ᠲᠦᠷᠪᠡᠳᠦᠭᠡᠷ ᠵᠠᠭᠤᠨ ᠤ ᠡᠬᠢᠨ ᠤ ᠦᠶ᠎ᠡ  ᠳᠤ ᠷᠸᠣᠷᠠᠨ ᠠᠶᠢᠮᠠᠭ ᠤᠨ ᠭᠤᠷᠪᠠᠳᠣᠭᠠᠷ ᠦᠶ᠎ᠡ ᠶᠢᠨ ᠠᠶᠢᠮᠠᠭ ᠤᠨ ᠠᠬᠠᠯᠠᠭᠴᠢ ᠡᠵᠡᠨ ᠪᠠᠶᠢᠵᠠᠢ᠃ ᠲᠤ ᠨᠦ᠋ ᠭᠦᠢ ᠦᠬᠦᠭᠰᠡᠨ ᠤ ᠲᠠᠷᠠᠭ᠎ᠠ ᠬᠦᠪᠡᠭᠦᠨ ᠪᠠᠳᠠᠢ ︵跋提︶ ᠰᠠᠭᠤᠷᠢᠨ ᠡᠵᠡᠯᠡᠵᠡᠢ᠃ ᠲᠤ ᠨᠦ᠋ ᠭᠦᠢ ᠠᠶᠢᠮᠠᠭ ᠣᠯᠠᠨ  ᠲᠠᠭᠠᠨ ᠡᠵᠡᠨ ᠮᠡᠳᠡᠵᠦ ᠪᠠᠶᠢᠭ᠎ᠠ ᠦᠶ᠎ᠡ ᠳᠤ ᠮᠦᠨ ᠲᠣᠪᠠ ᠰᠢᠶᠠᠨᠪᠸᠢ ᠠᠶᠢᠮᠠᠭ ᠤᠨ ᠪᠠᠶᠢᠭᠤᠯᠣᠭᠰᠠᠨ ᠠᠩᠬᠠᠨ ᠤ ᠣᠯᠣᠰ ᠪᠣᠯᠬᠤ ᠳ᠋ᠠᠢ ᠣᠯᠣᠰ ᠲᠤ ᠠᠳᠣᠭᠤ ᠮᠠᠯ ᠠᠷᠠᠰᠣ ᠬᠦᠷᠦᠰᠦ ᠪᠠᠷ ᠵᠢᠯ ᠤᠨ ᠠᠯᠪᠠ ᠪᠠᠷᠢᠳᠠᠭ ᠪᠠᠶᠢᠪᠠ᠃ ᠪᠠᠳᠠᠢ ︵跋提︶᠄ ᠢᠬᠢᠷᠢᠰ ᠣᠪᠣᠭ ᠲᠠᠢ᠂ ᠲᠤ ᠨᠦ᠋ ᠭᠦᠢ ᠶᠢᠨ ᠬᠦᠪᠡᠭᠦᠨ᠂ ᠲᠦᠷᠪᠡᠳᠦᠭᠡᠷ ᠵᠠᠭᠤᠨ ᠤ ᠦᠶ᠎ᠡ ᠶᠢᠨ ᠷᠸᠣᠷᠠᠨ ᠠᠶᠢᠮᠠᠭ ᠤᠨ ᠲᠦᠷᠪᠡᠳᠦᠭᠡᠷ ᠦᠶ᠎ᠡ ᠶᠢᠨ ᠠᠬᠠᠯᠠᠭᠴᠢ ᠪᠠᠶᠢᠵᠠᠢ᠂ ᠪᠠᠳᠠᠢ ᠦᠬᠦᠭᠡᠳ ᠬᠦᠪᠡᠭᠦᠨ ᠳ᠋ᠢ ᠰᠣ᠋ ᠶᠣᠸᠠᠨ ︵地/*lˁej-s {*[l]ˁej-s}/᠂ 粟soɡ᠂ 袁/*ɢʷan {*[ɢ]ʷa[n]}/ ᠲᠠᠶᠢᠰᠣᠭᠠᠨ︖︶ ᠰᠠᠭᠤᠷᠢᠨ ᠵᠠᠯᠭᠠᠮᠵᠢᠯᠠᠵᠠᠢ᠃ ᠪᠠᠳᠠᠢ ᠰᠠᠭᠤᠷᠢᠨ ᠳᠤ ᠪᠠᠶᠢᠭ᠎ᠠ ᠦᠶ᠎ᠡ ᠳᠤ ᠷᠸᠣᠷᠠᠨ ᠠᠶᠢᠮᠠᠭ ᠮᠦᠨ ᠲᠣᠪᠠ ᠰᠢᠶᠠᠨᠪᠸᠢ ᠠᠶᠢᠮᠠᠭ ᠲᠤ ᠬᠠᠷᠢᠶᠠᠯᠠᠭᠳᠠᠨ ᠶᠡᠭᠡ ᠭᠤᠪᠢ ᠶᠢᠨ ᠡᠮᠦᠨ᠎ᠡ ᠬᠤᠶᠢᠭᠤᠷ ᠮᠠᠯᠵᠢᠵᠣ᠂ ᠵᠢᠯ ᠪᠦᠷᠢ ᠲᠣᠪᠠ ᠰᠢᠶᠠᠨᠪᠸᠢ ᠳᠤ ᠮᠠᠯ ᠤᠨ ᠠᠰᠢᠭ ᠰᠢᠮ᠎ᠡ ᠪᠡ ᠠᠩ ᠤᠨ ᠠᠷᠠᠰᠣ ᠬᠦᠷᠦᠰᠦ ᠪᠠᠷ ᠠᠯᠪᠠ ᠪᠠᠷᠢᠳᠠᠭ ᠪᠠᠶᠢᠵᠠᠢ᠃ ᠳ᠋ᠢ ᠰᠣ᠋ ᠶᠣᠸᠠᠨ ︵ᠲᠠᠶᠢᠰᠣᠭᠠᠨ︶᠄ ᠢᠬᠢᠷᠢᠰ ᠣᠪᠣᠭ ᠲᠠᠢ᠂ ᠪᠠᠳᠠᠢ ᠶᠢᠨ ᠬᠦᠪᠡᠭᠦᠨ᠂ ᠲᠡᠷᠡ ᠡᠴᠢᠭᠡ ᠪᠠᠨ ᠵᠠᠯᠭᠠᠮᠵᠢᠯᠠᠨ ᠲᠦᠷᠪᠡᠳᠦᠭᠡᠷ ᠵᠠᠭᠤᠨ ᠤ ᠦᠶ᠎ᠡ ᠶᠢᠨ ᠷᠸᠣᠷᠠᠨ ᠠᠶᠢᠮᠠᠭ ᠤᠨ ᠲᠠᠪᠣᠳᠣᠭᠠᠷ ᠦᠶ᠎ᠡ ᠶᠢᠨ ᠠᠬᠠᠯᠠᠭᠴᠢ ᠪᠣᠯᠵᠠᠢ᠃ ᠲᠠᠶᠢᠰᠣᠭᠠᠨ ᠦᠬᠦᠭᠰᠡᠨ ᠤ ᠰᠡᠭᠦᠯᠡᠷ᠂ ᠲᠡᠭᠦᠨ ᠤ ᠠᠬᠠᠮᠠᠳ ᠬᠦᠪᠡᠭᠦᠨ ᠫᠢ ᠾᠸᠥ ᠪᠠ ︵匹:从八匸。八亦聲᠂ /*pʰit {*pʰi[t]}/᠂ ᠶᠠᠫᠣᠨ ᠬᠡᠯᠡᠨ ᠤ 音讀 ᠪᠠᠷ ひつ (hitsu) ᠭᠡᠬᠦ ᠪᠣᠶᠣ ᠪᠠᠰᠠ ひき (hiki) ᠭᠡᠳᠡᠭ᠂ 候跋᠂ ᠲᠣᠰ ᠵᠣᠬᠢᠶᠠᠭᠴᠢ ᠶᠢᠨ ᠰᠡᠷᠭᠦᠭᠡᠭᠰᠡᠨ ᠠᠪᠢᠶ᠎ᠠ᠄ hi gu bat ᠪᠣᠶᠣ ba hou bat᠂ ᠪᠠᠭᠠᠪᠠᠳᠣ᠂ ᠪᠠᠭ᠋ᠣᠪᠠᠳᠣ︶ ᠰᠠᠭᠤᠷᠢᠨ ᠵᠠᠯᠭᠠᠮᠵᠢᠯᠠᠵᠣ᠂ ᠣᠯᠣᠰ ᠤᠨ ᠢᠶᠠᠨ ᠵᠡᠭᠦᠨ ᠬᠠᠭᠠᠰ ᠢ ᠲᠠᠷᠣᠩᠭᠤᠶᠢᠯᠠᠨ ᠰᠠᠭᠤᠵᠠᠢ᠃ ᠬᠠᠷᠢᠨ ᠲᠡᠭᠦᠨ ᠤ ᠲᠡᠳ᠋ ᠬᠦᠪᠡᠭᠦᠨ ᠨᠢ ᠣᠩᠭᠤᠷᠳᠡᠢ ︵ᠣᠩᠬᠤᠷᠳᠠᠢ᠂ 缊qunʔ᠂ 纥ɣət᠂ 提︶ ᠣᠯᠣᠰ ᠤᠨ ᠢᠶᠠᠨ ᠪᠠᠷᠠᠭᠤᠨ ᠡᠳᠡᠭᠡᠳ ᠢ ᠲᠠᠷᠣᠩᠭᠤᠶᠢᠯᠠᠨ ᠰᠠᠭᠤᠪᠠ᠃ ᠢᠩᠬᠢᠭᠡᠳ ᠷᠸᠣᠷᠠᠨ ᠣᠯᠣᠰ ᠤᠨ ᠵᠠᠳᠠᠷᠠᠯ ᠤᠨ ᠰᠠᠭᠤᠷᠢ ᠲᠠᠯᠪᠢᠭᠳᠠᠵᠠᠢ᠃ ᠵᠠᠳᠠᠷᠠᠯ ᠤᠨ ᠴᠠᠭ ᠦᠶ᠎ᠡ᠄ ᠵᠡᠭᠦᠨ ᠡᠳᠡᠭᠡᠳ ᠤᠨ ᠷᠸᠣᠷᠠᠨ᠄ ᠫᠢ ᠾᠸᠥ ᠪᠠ᠄ ᠢᠬᠢᠷᠢᠰ ᠣᠪᠣᠭ ᠲᠠᠢ᠂ ᠲᠠᠶᠢᠰᠣᠭᠠᠨ ᠤ ᠠᠬᠠᠮᠠᠳ ᠬᠦᠪᠡᠭᠦᠨ᠂ ᠲᠡᠷᠡ ᠪᠣᠯ ᠲᠦᠷᠪᠡᠳᠦᠭᠡᠷ ᠵᠠᠭᠤᠨ ᠤ ᠦᠶ᠎ᠡ ᠶᠢᠨ ᠷᠸᠣᠷᠠᠨ ᠠᠶᠢᠮᠠᠭ ᠤᠨ ᠠᠬᠠᠯᠠᠭᠴᠢ ᠪᠠᠶᠢᠵᠠᠢ᠃ ᠡᠴᠢᠭᠡ ᠨᠢ ᠦᠬᠦᠭᠰᠡᠨ ᠤ ᠲᠠᠷᠠᠭ᠎ᠠ ᠲᠠᠷᠠ ᠠᠬᠠᠮᠠᠳ ᠬᠦᠪᠡᠭᠦᠨ ᠤ ᠬᠤᠪᠢ ᠪᠠᠷ ᠡᠴᠢᠭᠡ ᠶᠢᠨ ᠢᠶᠠᠨ ᠰᠠᠭᠤᠷᠢᠨ ᠢ ᠵᠠᠯᠭᠠᠮᠵᠢᠯᠠᠵᠣ᠂ ᠣᠯᠣᠰ ᠤᠨ ᠢᠶᠠᠨ ᠵᠡᠭᠦᠨ ᠬᠠᠭᠠᠰ ᠲᠤ ᠲᠠᠷᠣᠩᠭᠤᠶᠢᠯᠠᠨ ᠰᠠᠭᠤᠵᠠᠢ᠃ ᠬᠠᠷᠢᠨ ᠲᠡᠭᠦᠨ ᠤ ᠲᠡᠭᠦᠥ ᠣᠩᠬᠤᠷᠳᠠᠢ᠂ ᠡᠴᠢᠭᠡ ᠶᠢᠨ ᠢᠶᠠᠨ ᠲᠡᠳ᠋ ᠬᠦᠪᠡᠭᠦᠨ ᠤ ᠬᠤᠪᠢ ᠪᠠᠷ ᠣᠯᠣᠰ ᠤᠨ ᠢᠶᠠᠨ ᠪᠠᠷᠠᠭᠤᠨ ᠬᠠᠭᠠᠰ ᠲᠤ ᠲᠠᠷᠣᠩᠭᠤᠶᠢᠯᠠᠨ ᠰᠠᠭᠤᠭᠰᠠᠨ ᠠᠴᠠ ᠣᠯᠣᠰ ᠭᠦᠷᠦᠨ ᠨᠢ ᠬᠠᠭᠠᠴᠠᠭᠰᠠᠨ ᠪᠠᠶᠢᠳᠠᠯ ᠡᠬᠢᠯᠡᠨ ᠪᠣᠢ ᠪᠣᠯᠵᠠᠢ᠃ ᠲᠣᠬᠠᠢ ᠶᠢᠨ ᠦᠶ᠎ᠡ ᠳᠤ ᠡᠮᠦᠨᠡᠳᠦ ᠴᠢᠨ ᠣᠯᠣᠰ ᠤᠨ ᠹᠦ᠋ ᠵᠢᠶᠠᠨ᠂ ᠳ᠋ᠠᠢ ᠣᠯᠣᠰ ︵ᠣᠮᠠᠷᠠᠳᠣ ᠸᠧᠢ ᠣᠯᠣᠰ ᠤᠨ ᠡᠬᠢᠨ ᠤ ᠦᠶ᠎ᠡ ᠶᠢᠨ ᠨᠡᠷ᠎ᠡ︶ ᠤᠨ ᠲᠣᠪᠠ ᠰᠢᠬᠢᠭᠡᠨ ︵拓跋什翼犍᠂ 昭成皇帝 ᠨᠡᠷ᠎ᠡ 什翼犍si᠂ yi/hi᠂ gien᠂ ᠡᠨᠡ ᠦᠭᠡ ᠪᠣᠯ ᠮᠣᠩᠭᠤᠯ ᠤᠨ ᠨᠢᠭᠤᠴᠠ ᠲᠣᠪᠴᠢᠶᠠᠨ ᠳᠤ ᠭᠠᠷᠳᠠᠭ ᠰᠢᠭᠢ ᠬᠤᠲᠣᠬᠤ ᠶᠢᠨ ᠰᠢᠬᠢ ᠭᠡᠳᠡᠭ ᠦᠭᠡ ᠲᠠᠢ ᠢᠵᠠᠭᠤᠷ ᠨᠢᠭᠡᠳᠡᠢ ᠦᠭᠡ ᠪᠣᠯᠣᠨ᠎ᠠ᠃ ᠡᠭᠦᠨ ᠢ ᠪᠠᠰᠠ ᠰᠢᠬᠢᠵᠡᠢ ᠬᠤᠷᠣᠭᠤ ᠶᠢᠨ ᠰᠢᠬᠢᠵᠡᠢ ᠭᠡᠵᠦ ᠣᠶᠢᠯᠭᠠᠵᠣ ᠪᠣᠯᠣᠨ᠎ᠠ᠃ ᠶᠠᠮᠠᠷ ᠪᠠᠶᠢᠭᠰᠠᠨ ᠬᠠᠮᠤᠭ ᠪᠠᠭ᠎ᠠ ᠣᠳᠬᠤᠨ ᠭᠡᠳᠡᠭ ᠣᠳᠬ᠎ᠠ ᠲᠠᠢ ᠡᠷᠳᠡᠨ ᠤ ᠮᠣᠩᠭᠤᠯ ᠦᠭᠡ ᠠᠵᠠᠢ︶ ᠢ ᠮᠦᠬᠦᠭᠡᠭᠰᠡᠨ᠎ᠡ᠂ ᠣᠩᠬᠤᠷᠳᠠᠢ ᠳᠦᠰᠢᠬᠦ ᠬᠦᠮᠦᠨ ᠦᠭᠡᠢ ᠪᠣᠯᠵᠣ᠂ ᠾᠦᠩᠨᠦ ᠶᠢᠨ ᠬᠤᠶᠢᠴᠢᠰ ᠪᠣᠯᠬᠤ ᠯᠢᠥ ᠸᠧᠢ ᠴᠧᠨ ᠢ ᠲᠠᠭᠠᠵᠠᠢ᠃ ᠬᠤᠵᠢᠮ ᠰᠢᠬᠢᠭᠡᠨ ᠤ ᠬᠦᠪᠡᠭᠦᠨ ᠲᠣᠪᠠ ᠭᠦᠢ ︵拓跋珪︶ ᠣᠯᠣᠰ ᠢᠶᠠᠨ ᠲᠠᠬᠢᠨ ᠰᠡᠷᠭᠦᠭᠡᠨ ᠪᠠᠶᠢᠭᠤᠯᠣᠭᠰᠠᠨ ᠤ ᠰᠡᠭᠦᠯᠡᠷ᠂ ᠴᠡᠷᠢᠭ ᠲᠣᠮᠢᠯᠠᠨ ᠷᠸᠣᠷᠠᠨ ᠬᠦᠮᠦᠰ ᠢ ᠲᠠᠶᠢᠯᠠᠭᠤᠯᠵᠣ᠂ ᠶᠡᠭᠡ ᠭᠤᠪᠢ  ᠶᠢᠨ ᠡᠮᠦᠨ᠎ᠡ ᠲᠠᠯ᠎ᠠ ᠳᠤ ᠪᠠᠶᠢᠭ᠎ᠠ ᠴᠣᠸᠠᠩ ᠱᠠᠨ ᠠᠭᠤᠯᠠᠨ ᠳᠤ ᠷᠸᠣᠷᠠᠨᠴᠣᠳ ᠢ ᠶᠡᠬᠡᠪᠡᠷ ᠢᠯᠠᠵᠣ᠂ ᠲᠡᠳᠡᠨᠡᠷ ᠤᠨ ᠲᠠᠯ᠎ᠠ ᠬᠠᠭᠠᠰ ᠠᠶᠢᠮᠠᠭ ᠢ ᠣᠯᠵᠠᠯᠠᠵᠠᠢ᠃ ᠫᠢ ᠾᠸᠥ ᠪᠠ ᠪᠣᠯᠣᠨ ᠲᠡᠭᠦᠨ ᠤ ᠵᠠᠩᠵᠣᠨ ᠡᠣ ᠵᠢᠢ ᠲᠣᠰᠪᠣᠷ ᠦᠯᠡᠳᠡᠭᠰᠡᠨ ᠠᠶᠢᠮᠠᠭ ᠪᠦᠯᠦᠭ ᠢᠶᠠᠨ ᠬᠤᠷᠢᠶᠠᠨ ᠴᠣᠭᠯᠠᠭᠤᠯᠵᠣ ᠣᠮᠠᠷᠠᠰᠢ ᠲᠣᠳᠠᠭᠠᠨ ᠶᠠᠪᠣᠪᠠ᠃ ᠣᠮᠠᠷᠠᠳᠣ ᠸᠧᠢ ᠣᠯᠣᠰ ᠤᠨ ᠵᠠᠩᠵᠣᠨ ᠵᠠᠩ ᠰᠦᠨ ᠰᠦᠩ ᠪᠣᠯᠣᠨ ᠫᠢᠩ ᠸᠠᠩ ᠬᠡᠷᠭᠢᠮᠳᠡᠨ ᠲᠣᠪᠠ ᠴᠣᠸᠠᠨ ᠨᠡᠬᠡᠨ ᠭᠦᠢᠴᠡᠵᠦ᠂ ᠡᠣ ᠵᠢᠢ ᠶᠢ ᠪᠠᠷᠢᠪᠴᠢᠯᠠᠨ ᠠᠯᠠᠪᠠ᠃ ᠵᠠᠩ ᠰᠦᠨ ᠹᠸᠢ ᠵᠡᠵᠡᠭᠡᠷ ᠠᠭᠤᠯᠠ ︵涿邪山᠂ ᠲᠣᠰ ᠠᠭᠤᠯᠠ ᠣᠳᠣᠬᠢ ᠮᠣᠩᠭᠤᠯ ᠣᠯᠣᠣᠰ ᠤᠨ ᠴᠡᠴᠡᠷᠯᠢᠭ ᠬᠤᠳᠠ ᠠᠴᠠ ᠣᠶᠢᠷᠬᠠᠨ ᠪᠠᠶᠢᠨ᠎ᠠ︶ ᠳᠤ ᠫᠢ ᠾᠸᠥ ᠪᠠ ᠶᠢ ᠨᠡᠬᠡᠨ ᠭᠦᠢᠴᠡᠨ ᠲᠠᠶᠢᠯᠠᠯᠳᠣᠭᠰᠠᠨ᠎ᠠ ᠫᠢ ᠾᠸᠥ ᠪᠠ ᠲᠠᠬᠢᠨ ᠢᠯᠠᠭᠳᠠᠨ ᠪᠦᠬᠦ ᠠᠶᠢᠮᠠᠭ ᠢᠶᠠᠨ ᠲᠠᠭᠠᠭᠤᠯᠣᠨ ᠪᠠᠭᠤᠵᠣ ᠦᠭᠬᠦ  ᠪᠠᠷ ᠭᠤᠶᠣᠴᠢᠯᠠᠵᠠᠢ᠃ ᠨᠡᠶᠢᠳᠡ ᠶᠢᠨ ᠣᠨ ᠲᠣᠭᠠᠯᠠᠯ ᠤᠨ 394 ᠣᠨ ᠳᠤ ᠣᠩᠬᠤᠷᠳᠠᠢ ᠶᠢᠨ ᠬᠦᠪᠡᠭᠦᠨ ᠲᠣᠯᠣᠨ ︵社/*m-tʰaʔ {*m-tʰAʔ}/ ᠨᠡᠩ ᠲᠡᠭᠡᠳᠦ ᠡᠷᠳᠡᠨ ᠤ ᠠᠪᠢᠶ᠎ᠠ ᠨᠢ ᠣᠶᠢᠷᠠᠯᠴᠠᠭ᠎ᠠ ᠪᠠᠷ ᠲᠠ᠂ ᠲᠠᠷᠣᠢ Thaʔ ᠪᠠᠶᠢᠵᠠᠢ ᠭᠡᠳᠡᠭ᠃ ᠵᠢᠭᠠᠬᠠᠨ ᠬᠤᠵᠢᠮ ᠤᠨ ᠦᠶ᠎ᠡ ᠪᠣᠯᠬᠤ ᠪᠠᠶᠢᠯᠳᠣᠭᠠᠨᠳᠣ ᠣᠯᠣᠰ ᠤᠨ ᠡᠴᠦᠰ ᠤᠨ ᠦᠶ᠎ᠡ ᠪᠠᠷ ȡi̯ɔ ᠪᠣᠯᠵᠠᠢ ᠭᠡᠵᠦ ᠦᠵᠡᠵᠦ ᠪᠣᠢ᠂ ᠡᠨᠡᠬᠦ ȡi̯ɔ ᠨᠢ ᠲᠠᠩ ᠣᠯᠣᠰ ᠪᠣᠯᠳᠠᠯᠠᠬᠢ ᠣᠷᠳᠣ ᠬᠤᠭᠤᠴᠠᠭᠠᠨ᠎ᠠ ᠪᠦᠷ ᠢᠩᠬᠢᠵᠦ ᠠᠪᠢᠶᠠᠯᠠᠨ ᠬᠡᠷᠡᠭᠯᠡᠭᠳᠡᠵᠦ ᠪᠠᠶᠢᠵᠠᠢ᠃ ᠭᠡᠪᠡᠴᠦ ȡi̯ɔ ᠪᠣᠯ ᠣᠶᠢᠷᠠᠯᠴᠠᠭ᠎ᠠ  ᠪᠠᠷ Do ᠭᠡᠵᠦ ᠣᠩᠰᠢᠭᠳᠠᠨ᠎ᠠ᠂ 崘luən᠃ ᠡᠶᠢᠮᠦ ᠠᠴᠠ ᠲᠣᠰ ᠨᠡᠷ᠎ᠡ ᠦᠭᠡ ᠪᠣᠯ ᠮᠣᠩᠭᠤᠯ ᠬᠡᠯᠡᠨ ᠤ ᠲᠣᠯᠣᠨ ᠭᠡᠰᠡᠨ ᠦᠭᠡ ᠪᠣᠯᠣᠨ᠎ᠠ᠃ ᠲᠣᠯᠣᠨ ᠭᠡᠪᠡᠯ ᠦᠳᠡᠰᠢ ᠶᠢᠨ ᠲᠣᠯᠣᠩ᠂ ᠦᠳᠡᠰᠢ ᠶᠢᠨ ᠲᠣᠶᠠᠭ᠎ᠠ ᠭᠡᠳᠡᠭ ᠣᠳᠬ᠎ᠠ ᠪᠦᠬᠦᠢ ᠮᠣᠩᠭᠤᠯ ᠦᠭᠡ ᠶᠣᠮ︶ ᠬᠡᠳᠦᠨ ᠵᠠᠭᠤᠨ ᠲᠠᠭᠠᠭᠰᠠᠳ ᠢᠶᠠᠨ ᠲᠠᠭᠠᠭᠤᠯᠵᠣ᠂ ᠶᠡᠭᠡ ᠠᠪᠠᠭ᠎ᠠ ᠫᠢ ᠾᠸᠥ ᠪᠠ ᠪᠠᠨ ᠲᠠᠭᠠᠷ᠎ᠠ ᠢᠷᠡᠪᠡ᠃ ᠫᠢ ᠾᠸᠥ ᠪᠠ ᠲᠡᠭᠦᠨ ᠢ ᠦᠪᠡᠷ ᠤᠨ ᠣᠷᠳᠣᠨ ᠤ ᠪᠠᠨ ᠡᠮᠦᠨ᠎ᠡ ᠲᠠᠯ᠎ᠠ ᠶᠢᠨ ᠲᠠᠪᠣᠨ ᠵᠠᠭᠤᠨ ᠭᠠᠵᠠᠷ ᠤᠨ ᠦᠵᠦᠭᠦᠷ ᠲᠤ ᠨᠣᠳᠣᠭᠯᠠᠭᠤᠯᠵᠣ᠂ ᠲᠦᠷᠪᠡᠨ ᠬᠦᠪᠡᠭᠦᠨ ᠢᠶᠠᠷ ᠢᠶᠠᠨ ᠬᠢᠨᠠᠨ ᠬᠠᠷᠠᠭᠤᠯᠪᠠ᠃ ᠣᠳᠠᠯ ᠦᠭᠡᠢ ᠲᠣᠯᠣᠨ ᠦᠪᠡᠷ ᠤᠨ ᠲᠣᠣᠷᠠᠬᠢ ᠬᠦᠮᠦᠰ ᠢᠶᠠᠨ ᠲᠠᠭᠠᠭᠤᠯᠣᠨ ᠭᠡᠨᠡᠳᠳᠡ ᠪᠠᠷ ᠲᠣᠪᠳᠣᠯᠣᠨ᠂ ᠫᠢ ᠾᠸᠥ ᠪᠠ ᠶᠢᠨ ᠲᠦᠷᠪᠡᠨ ᠬᠦᠪᠡᠭᠦᠳ ᠢ ᠪᠦᠷ ᠪᠠᠷᠢᠪᠴᠢᠯᠠᠨ ᠠᠪᠴᠣ᠂ ᠲᠡᠶᠢᠯᠦᠭᠰᠡᠨ ᠡᠷᠴᠢᠨ ᠲᠡᠭᠡᠷ᠎ᠡ ᠪᠠᠨ ᠫᠢ ᠾᠸᠥ ᠪᠠ ᠶᠢ ᠲᠠᠭᠠᠷᠢᠨ ᠠᠮᠢᠳᠣ ᠪᠠᠷ ᠪᠠᠷᠢᠪᠴᠢᠯᠠᠪᠠ᠃ ᠫᠢ ᠾᠸᠥ ᠪᠠ ᠶᠢᠨ ᠪᠣᠰᠣᠳ ᠣᠯᠠᠨ ᠬᠦᠪᠡᠭᠦᠳ ᠦᠯᠡᠳᠡᠭᠰᠡᠨ ᠠᠶᠢᠮᠠᠭ ᠣᠯᠠᠨ ᠢᠶᠠᠨ ᠬᠤᠷᠢᠶᠠᠨ ᠴᠣᠭᠯᠠᠭᠤᠯᠵᠣ᠂ ᠪᠣᠷᠣᠭᠤᠯᠠᠨ ᠶᠠᠪᠣᠵᠣ ᠦᠨᠳᠦᠷ ᠲᠡᠷᠭᠡᠳᠦ ᠶᠢᠨ ᠬᠤᠷᠢ ︵斛律︶ ᠣᠪᠣᠭᠳᠠᠨ ᠢ ᠲᠦᠰᠢᠷ᠎ᠡ ᠶᠠᠪᠣᠪᠠ᠃ ᠲᠣᠯᠣᠨ ᠮᠠᠰᠢ ᠣᠯᠠᠨ ᠠᠷᠭ᠎ᠠ ᠪᠣᠳᠣᠯᠭ᠎ᠠ ᠲᠠᠢ ᠬᠦᠮᠦᠨ ᠲᠣᠯᠠ ᠨᠢᠭᠡ ᠰᠠᠷ᠎ᠠ ᠶᠢᠨ ᠲᠠᠷᠠᠭ᠎ᠠ ᠫᠢ ᠾᠸᠥ ᠪᠠ ᠶᠢ ᠲᠠᠯᠪᠢᠨ ᠢᠯᠡᠭᠡᠵᠦ᠂ ᠲᠡᠭᠦᠨ ᠤ ᠣᠯᠠᠨ ᠬᠦᠪᠡᠭᠦᠳ ᠤᠨ ᠬᠤᠷᠠᠨ ᠢᠷᠡᠬᠦ ᠶᠢ ᠬᠦᠯᠢᠶᠡᠨ ᠪᠠᠶᠢᠵᠣ ᠪᠦᠬᠦᠨ ᠢ ᠬᠤᠮᠣᠷᠭᠠᠯᠠᠨ ᠠᠯᠠᠬᠤ ᠪᠠᠷ ᠪᠠᠵᠠᠭᠠᠵᠠᠢ᠃ ᠢᠩᠬᠢᠵᠦ ᠴᠠᠭ ᠨᠢ ᠪᠣᠯᠣᠮᠠᠭᠴᠠ ᠲᠣᠯᠣᠨ ᠭᠡᠨᠡᠳᠳᠡ ᠪᠠᠷ ᠴᠡᠷᠢᠭ ᠡᠭᠦᠰᠭᠡᠨ ᠲᠣᠪᠳᠣᠯᠵᠣ᠂ ᠫᠢ ᠾᠸᠥ ᠪᠠ ᠶᠢ ᠠᠯᠠᠪᠠ᠃ ᠫᠢ ᠾᠸᠥ ᠪᠠ ᠶᠢᠨ ᠬᠦᠪᠡᠭᠦᠳ ᠠᠴᠠ ᠴᠢ ᠪᠠ ︵启kʰeːʔ / kʰeɣ᠂ 拔 bod ᠺᠧᠪᠦᠳ᠂ ᠭᠡᠪᠦᠳ︶ ᠡᠣ ᠵᠢᠶᠧ ︵吴ŋo颉 kriːd /kat ᠣᠺᠠᠲ᠋ᠣ = ᠣᠬᠠᠭᠠᠳᠣ︖︶ ᠵᠡᠷᠭᠡ ᠠᠷᠪᠠᠨ ᠲᠠᠪᠣᠬᠠᠨ ᠬᠦᠮᠦᠨ ᠲᠣᠳᠠᠭᠠᠨ ᠭᠠᠷᠴᠣ᠂ ᠣᠮᠠᠷᠠᠳᠣ ᠸᠧᠢ ᠣᠯᠣᠰ ᠤᠨ ᠲᠠᠶᠢᠽᠣ ᠬᠠᠭᠠᠨ ᠲᠣᠪᠠ ᠭᠦᠢ ᠳᠤ ᠲᠠᠭᠠᠷ᠎ᠠ ᠣᠷᠣᠪᠠ᠃ ᠢᠩᠬᠢᠭᠡᠳ ᠷᠸᠣᠷᠠᠨ ᠤ ᠵᠡᠭᠦᠨ ᠡᠳᠡᠭᠡᠳ ᠲᠤ ᠪᠠᠶᠢᠭᠰᠠᠨ ᠫᠢ ᠾᠸᠥ ᠪᠠ ᠶᠢᠨ ᠨᠢᠭᠡᠨ ᠠᠶᠢᠮᠠᠭ ᠮᠦᠬᠦᠨ ᠰᠦᠨᠦᠵᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号