ᠨᠠᠶᠠᠨ ᠨᠠᠰᠤᠳᠠᠢ ᠪᠤᠭᠤᠷᠤᠯ ᠡᠷᠳᠡᠨᠢ ᠤᠷᠠᠯᠠᠵᠤ ᠵᠢᠷᠭᠠᠨ᠎ᠠ
ᠨᠡᠶᠢᠲᠡᠯᠡᠭᠰᠡᠨ ᠴᠠᠭ᠄
2021/7/1
ᠡᠷᠳᠡᠨᠢᠴᠡᠴᠡᠭ  ᠲᠤᠷᠵᠢᠰᠦ᠋ᠷᠦᠩ 1939 ᠤᠨ ᠳᠤ ᠵᠢᠷᠭᠠᠯᠰᠠᠶᠢᠬᠠᠠ ᠰᠤᠮᠤᠨ ᠤ ᠬᠤᠶᠠᠷᠬᠤᠳᠳᠤᠬ ᠭᠠᠴᠠᠭ᠎ᠠ ᠪᠠᠷ ᠨᠤᠳᠤᠬᠳᠠᠢ ᠳᠤᠬᠳᠠᠢ ᠶᠢᠨ ᠬᠥᠪᠡᠬᠦᠨ ᠨᠢ ᠪᠤᠯᠵᠤ ᠲᠥᠷᠦᠵᠠᠢ᠃ ᠭᠡᠪᠠᠴᠤ ᠠᠮᠢᠳᠤᠷᠠᠯ ᠤᠨ ᠤᠯᠠᠨ ᠵᠦᠢᠯ ᠤᠨ ᠰᠢᠯᠳᠠᠭᠠᠠ ᠠᠴᠠ ᠪᠤᠯᠵᠤ᠂ ᠬᠤᠶᠠᠷ ᠨᠠᠰᠤᠳᠠᠢ ᠳᠠᠭᠠᠨ ᠴᠡᠳᠢᠪ ᠤᠨ ᠬᠡᠳᠡᠭ ᠠᠶᠢᠯ ᠳᠤ ᠬᠥᠤ ᠨᠢ ᠪᠤᠯᠵᠤ ᠠᠰᠠᠷᠠᠭᠳᠠᠵᠡᠢ᠃ 1956 ᠤᠨ ᠳᠤ ᠠᠩᠬ᠎ᠠ ᠳᠤᠮᠳᠠᠳᠤ ᠶᠢᠨ ᠨᠢᠭᠡᠳᠤᠭᠡᠷ ᠤᠨ ᠳᠤ ᠰᠤᠷᠤᠯᠴᠠᠵᠦ ᠪᠠᠶᠢᠭᠠᠳ ᠰᠤᠷᠭᠠᠭᠤᠯᠢ ᠠᠴᠠ ᠪᠠᠨ ᠭᠠᠷᠴᠤ᠂ ᠠᠯᠠᠱᠠ ᠵᠡᠬᠦᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠵᠡᠪᠰᠡᠭᠳᠤ ᠴᠠᠬᠳᠠᠭᠠᠠ ᠤ ᠲᠤᠮᠳᠠ ᠠᠩᠬᠢ ᠳᠤ ᠲᠤᠯᠤᠭᠠᠠ ᠵᠢᠯ ᠴᠡᠷᠢᠭ ᠲᠤ ᠶᠠᠪᠤᠵᠡᠢ᠃ 1964 ᠤᠨ ᠳᠤ ᠴᠡᠷᠢᠭ ᠠᠴᠠ ᠪᠠᠨ ᠬᠠᠯᠠᠬᠳᠠᠠ ᠠᠯᠠᠱᠠ ᠪᠠᠷᠠᠭᠤᠨ ᠬᠤᠰᠢᠭᠤᠨ ᠤ ᠨᠠᠮ ᠤᠨ ᠰᠤᠷᠭᠠᠭᠤᠯᠢ ᠳᠤ ᠵᠢᠭᠡᠯᠡᠯᠭᠡ ᠶᠢᠨ ᠺᠠᠳ᠋ᠷ ᠢᠶᠠᠷ ᠬᠤᠪᠢᠶᠠᠬᠳᠠᠵᠠᠢ᠃ ᠳᠡᠬᠦᠨ ᠠᠴᠠ ᠬᠤᠶᠢᠰᠢ ᠳᠡᠷᠡ ᠤᠯᠠᠨ ᠠᠷᠪᠢᠨ ᠠᠵᠢᠯ ᠤᠨ ᠹᠷᠦᠨᠲ ᠳᠡᠭᠡᠷ᠎ᠠ ᠠᠵᠢᠯᠯᠠᠵᠦ᠂ ᠤᠯᠠᠨ ᠠᠷᠪᠢᠨ ᠡᠷᠳᠡᠮ ᠮᠡᠳᠡᠯᠬᠡ ᠶᠢ ᠰᠤᠷᠴᠦ ᠡᠵᠡᠮᠰᠢᠭᠰᠡᠨ ᠪᠠᠶᠢᠪᠠ᠃ 1967 ᠤᠨ ᠳᠤ ᠵᠢᠷᠭᠠᠯᠰᠠᠶᠢᠬᠠᠠ ᠰᠤᠮᠤᠨ ᠤ ᠪᠠᠶᠠᠨᠪᠤᠯᠠᠬ ᠭᠠᠴᠠᠭᠠᠠ ᠤ ᠭᠠᠴᠠᠭᠠᠠ ᠤ ᠭᠡᠰᠢᠬᠦᠨ᠂ ᠰᠤᠮᠤᠨ ᠤ ᠮᠤᠵᠢᠶᠠᠩ᠂ ᠭᠠᠴᠠᠭᠠᠠ ᠤ ᠵᠠᠯᠠᠭᠤᠴᠤᠳ ᠤᠨ ᠭᠠᠪᠰᠢᠭᠠᠶᠢᠯᠠᠬᠤ ᠠᠩᠬᠢ ᠶᠢᠨ ᠳᠠᠷᠤᠭ᠎ᠠ ᠶᠢᠨ ᠠᠵᠢᠯ ᠢ ᠬᠡᠳᠦᠨ ᠵᠢᠯ ᠬᠢᠵᠤ ᠪᠠᠶᠢᠭᠰᠠᠨ ᠢᠶᠠᠨ 1979 ᠤᠨ ᠳᠤ ᠠᠯᠠᠱᠠ ᠵᠡᠬᠦᠨ ᠬᠤᠰᠢᠭᠤᠨ ᠤ ᠥᠯᠵᠡᠢ ᠰᠤᠮᠤᠨ ᠤ ᠪᠠᠷᠢᠯᠭ᠎ᠠ ᠶᠢᠨ ᠠᠩᠬᠢ ᠳᠤ ᠰᠢᠯᠵᠢᠵᠤ ᠠᠵᠢᠯᠯᠠᠵᠡᠢ᠃ 1981 ᠤᠨ ᠳᠤ ᠲᠥᠷᠦ ᠶᠢᠨ ᠪᠤᠳᠤᠯᠭ᠎ᠠ ᠶᠢᠨ ᠨᠠᠶᠢᠳᠠᠪᠤᠷᠢᠵᠢᠭᠤᠯᠤᠯᠳᠠ ᠪᠠᠷ ᠠᠯᠠᠱᠠ ᠵᠡᠬᠦᠨ ᠬᠤᠰᠢᠭᠤᠨ ᠤ ᠡᠳ᠋ ᠤᠨ ᠵᠠᠰᠠᠬ ᠤᠨ ᠲᠤᠪᠴᠢᠶᠠᠨ ᠤ ᠺᠠᠳ᠋ᠷ ᠢᠶᠠᠷ ᠠᠵᠢᠯᠯᠠᠵᠤ᠂ 1986 ᠤᠨ ᠳᠤ ᠠᠯᠠᠱᠠ ᠵᠡᠬᠦᠨ ᠬᠤᠰᠢᠭᠤᠨ ᠤ ᠮᠦᠷᠬᠠᠭᠤᠤᠯ ᠰᠤᠮᠤᠨ ᠤ ᠡᠳ᠋ ᠤᠨ ᠵᠠᠰᠠᠬ ᠤᠨ ᠰᠠᠯᠪᠤᠷᠢ ᠶᠢᠨ ᠳᠠᠷᠤᠭ᠎ᠠ ᠪᠠᠷ ᠳᠤᠮᠢᠯᠠᠭᠳᠠᠨ ᠠᠵᠢᠯᠯᠠᠭᠠᠳ᠂ 1993 ᠤᠨ ᠳᠤ ᠠᠵᠢᠯ ᠤᠨ ᠠᠮᠠᠷᠠᠯᠳᠠ ᠪᠠᠨ ᠠᠪᠴᠡᠢ
   ᠲᠡᠷᠡ ᠪᠠᠭ᠎ᠠ ᠠᠴᠠ ᠪᠠᠨ ᠵᠢᠷᠤᠬ ᠵᠢᠷᠤᠬᠤ ᠲᠤᠷ᠎ᠠ ᠲᠠᠢ᠃ ᠬᠥᠮᠦᠨ ᠤ ᠶᠢᠷᠳᠢᠨᠴᠤ ᠶᠢᠨ ᠠᠯᠢᠪᠠ ᠪᠥᠬᠦᠨ ᠢ ᠤᠷᠤᠰᠢᠵᠤ ᠪᠤᠢ ᠭᠡᠯᠪᠡᠷᠢ ᠪᠠᠷ ᠰᠡᠷᠡᠵᠤ ᠮᠡᠳᠡᠷᠡᠨ᠎ᠠ ᠭᠡᠳᠡᠭ ᠨᠢ ᠡᠩ ᠤᠨ ᠰᠠᠷᠠᠯ ᠤᠨ ᠤᠢᠢᠯᠠᠭᠠᠯᠳᠠ ᠪᠠᠶᠢᠬᠤ ᠳᠤ ᠤᠷᠠᠨ ᠪᠥᠳᠦᠭᠡᠯᠴᠢ ᠬᠥᠮᠦᠨ ᠡᠩ ᠤᠨ ᠰᠠᠷᠠᠯ ᠠᠴᠠ ᠳᠠᠪᠠᠭᠰᠠᠠ ᠤᠷᠠᠨ ᠰᠠᠶᠢᠬᠠᠠ ᠤ ᠰᠡᠷᠠᠯ ᠪᠤᠶᠤ ᠥᠪᠡᠷ ᠤᠨ ᠬᠢ ᠪᠠᠷ ᠢᠶᠠᠨ ᠰᠠᠷᠠᠵᠤ᠂ ᠮᠡᠳᠡᠷᠡᠵᠤ᠂ ᠲᠠᠨᠢᠵᠤ᠂ ᠲᠠᠬᠢᠨ ᠪᠥᠳᠦᠭᠡᠵᠤ ᠪᠠᠶᠢᠳᠠᠬ ᠶᠤᠮ᠃ ᠲᠤᠷᠵᠢᠰᠦ᠋ᠷᠦᠩ ᠪᠠᠭ᠎ᠠ ᠪᠠᠶᠢᠬᠤ ᠎ ᠳᠠᠭᠠᠨ ᠨᠢᠭᠡ ᠤᠳᠠᠭ᠎ᠠ ᠲᠡᠬᠰᠢᠭᠤᠷ ᠲᠤ ᠨᠡᠷᠪᠡᠭᠳᠡᠬᠡᠳ ᠪᠡᠶ᠎ᠠ ᠮᠠᠭᠤ ᠰᠢᠬ ᠬᠠᠨᠵᠤᠨ ᠳᠡᠭᠡᠷ᠎ᠠ ᠭᠡᠪᠳᠡᠵᠤ ᠪᠠᠶᠢᠬᠤ ᠳᠤ᠂ ᠬᠠᠨᠵᠤᠨ ᠳᠡᠭᠡᠷ᠎ᠠ ᠨᠢᠭᠡ ᠬᠤᠸᠠᠷ ᠲᠠᠢ ᠰᠢᠷᠡᠭᠡ ᠪᠠᠶᠢᠵᠠᠢ᠃ ᠲᠡᠷᠡ ᠰᠢᠷᠡᠭᠡᠨ ᠳᠡᠭᠡᠷᠡᠬᠢ ᠵᠢᠷᠤᠬ ᠢ ᠥᠵᠡᠭᠡᠳ ᠭᠡᠨᠡᠳᠳᠡ ᠵᠢᠷᠤᠬ ᠵᠢᠷᠤᠬᠤ ᠰᠤᠪᠢᠡᠭ ᠤᠷᠤᠵᠤ᠂ ᠴᠠᠭᠠᠰᠤ ᠤᠯᠵᠤ ᠠᠪᠤᠭᠠᠳ ᠰᠢᠷᠡᠭᠡᠨ ᠳᠡᠭᠡᠷᠡᠬᠢ ᠵᠢᠷᠤᠬ ᠢ ᠮᠠᠰᠢ ᠤᠯᠠᠠ ᠤᠳᠠᠭ᠎ᠠ ᠳᠠᠭᠤᠷᠢᠶᠠᠯᠭᠠᠵᠤ ᠵᠢᠷᠤᠵᠤ ᠪᠠᠶᠢᠭᠰᠠᠨ ᠨᠢ ᠵᠢᠷᠤᠭ ᠤᠷᠠᠯᠠᠯ ᠳᠤ ᠬᠤᠷᠤᠬᠠᠢ ᠪᠤᠯᠬᠤ ᠶᠢᠨ ᠬᠠᠮᠤᠬ ᠤᠨ ᠠᠩᠬᠠᠠ ᠤ ᠤᠷᠤᠯᠳᠤᠯᠭ᠎ᠠ ᠪᠠᠶᠢᠵᠠᠢ᠃
   ᠴᠡᠷᠢᠭ ᠲᠤ ᠪᠠᠶᠢᠬᠤ ᠳᠠᠭᠠᠨ ᠳᠠᠶᠢᠴᠢᠨ ᠬᠠᠨᠢ ᠨᠠᠷ ᠲᠠᠭᠠᠨ ᠵᠢᠷᠤᠭ ᠵᠢᠷᠤᠬᠤ ᠶᠢ ᠵᠢᠭᠠᠳᠠᠭ ᠪᠠᠶᠢᠵᠡᠢ᠃ ᠰᠡᠬᠦᠯᠡᠷ ᠎ ᠨᠢ ᠪᠠᠶᠠᠨᠬᠤᠳᠠ ᠶᠢᠨ ᠵᠡᠭᠡᠯᠢ ᠶᠢᠨ ᠰᠠᠮᠪᠠᠷ᠎ᠠ ᠶᠢᠨ ᠰᠤᠨᠢᠨ ᠭᠠᠷᠭᠠᠵᠤ᠂ ᠤᠷᠠᠯᠢᠭ ᠥᠰᠦᠭ ᠪᠢᠴᠢᠵᠦ᠂ ᠤᠯᠠᠠ ᠰᠠᠶᠢᠬᠠᠨ ᠵᠢᠷᠤᠬ ᠵᠢᠷᠤᠵᠤ᠂ ᠤᠬᠠᠭᠤᠯᠭ᠎ᠠ ᠶᠢᠨ ᠠᠵᠢᠯ ᠳᠤ ᠴᠦ ᠤᠷᠤᠯᠴᠠᠵᠦ ᠶᠠᠪᠤᠵᠡᠢ᠃ ᠳᠡᠷᠡ ᠭᠠᠷ ᠤᠷᠠᠨ ᠪᠠᠶᠢᠳᠠᠭ ᠢᠶᠠᠷ ᠴᠡᠷᠢᠭ ᠲᠤ ᠪᠠᠶᠢᠬᠤ ᠳᠠᠭᠠᠨ ᠪᠠᠰᠠ ᠮᠤᠵᠢᠶᠠᠩ ᠤᠨ ᠮᠡᠷᠭᠡᠵᠢᠯ ᠢ ᠰᠤᠷᠴᠦ ᠡᠵᠡᠮᠰᠢᠭᠰᠡᠨ ᠪᠠᠶᠢᠪᠠ᠃ ᠳᠡᠬᠡᠬᠡᠳ ᠡᠯᠳᠡᠪ ᠵᠦᠢᠯ ᠤᠨ ᠠᠪᠳᠠᠷ᠎ᠠ ᠬᠤᠷᠭᠤ ᠰᠢᠷᠡᠭᠡ ᠰᠠᠨᠳᠠᠯᠢ ᠬᠢᠵᠦ ᠤᠷᠠᠯᠠᠳᠠᠭ ᠪᠤᠯᠵᠡᠢ  ᠃    ᠠᠵᠢᠯ ᠤᠨ ᠠᠮᠠᠷᠠᠯᠳᠠ ᠪᠠᠨ ᠠᠪᠤᠬᠰᠠᠠ ᠤ ᠳᠠᠷᠠᠭ᠎ᠠ ᠲᠡᠷᠡᠪᠡᠷ ᠰᠤᠯᠠ ᠰᠠᠯᠡᠬᠦᠦ ᠴᠠᠬ ᠢᠶᠠᠨ ᠠᠰᠢᠬᠯᠠᠠ᠂ ᠯᠤᠩᠬᠤᠨ ᠤ ᠬᠠᠯᠢᠪ᠂ ᠮᠤᠳᠤ᠂ ᠴᠢᠯᠠᠭᠤ᠂ ᠰᠤᠯᠢᠶᠤᠤ ᠶᠢ ᠠᠰᠢᠬᠯᠠᠠ᠂ ᠬᠤᠶᠠᠷ ᠵᠠᠭᠤ ᠰᠢᠬᠠᠮ ᠪᠥᠳᠦᠭᠡᠯ ᠢ ᠤᠷᠠᠯᠠᠵᠤ ᠡᠳᠦᠷ ᠪᠤᠯᠭᠠᠠ ᠠᠯᠪᠠᠨ ᠠᠵᠢᠯ ᠬᠢᠳᠡᠭ ᠲᠠᠢ ᠠᠳᠠᠯᠢ ᠮᠠᠰᠢ ᠶᠠᠭᠠᠷᠠᠯᠳᠠᠢ ᠥᠡᠭᠭᠡᠷᠡᠬᠦᠯᠳᠡᠭ ᠪᠤᠯᠵᠡᠢ᠃ ᠬᠡᠷ ᠎ ᠲᠤᠨᠢ ᠤᠷᠤᠬᠤ ᠳᠤ ᠤᠯᠠᠨ ᠰᠠᠶᠢᠬᠠᠨ ᠴᠡᠴᠡᠭ ᠬᠤᠸᠠᠷ ᠳᠠᠷᠢᠴᠢᠬᠠᠭᠰᠠᠨ ᠬᠠᠷᠠᠭᠳᠠᠵᠦ᠂ ᠥᠪᠡᠷ ᠤᠨ ᠬᠢᠭᠰᠡᠡ ᠪᠥᠳᠦᠭᠡᠯ ᠢᠶᠠᠨ ᠲᠤᠰᠠᠬᠠᠢᠢᠯᠠᠠ ᠨᠢᠭᠡ ᠲᠤᠮᠤ ᠰᠢᠯ ᠬᠤᠷᠭᠤᠨ ᠳᠤ ᠲᠠᠷᠢ ᠲᠡᠭᠰᠢ ᠵᠢᠬᠰᠠᠭᠠᠵᠤ ᠲᠠᠯᠪᠢᠬᠰᠠᠠ ᠪᠠᠶᠢᠯ᠎ᠠ᠃ ᠭᠡᠷ ᠳᠤᠳᠤᠷᠠᠬᠢ ᠬᠤᠷᠭᠤ᠂ ᠰᠢᠷᠡᠭᠡ᠂ ᠰᠠᠨᠳᠠᠯᠢ ᠮᠡᠳᠤ ᠶᠢᠨ ᠤᠯᠠᠠ ᠠᠷᠪᠢᠨ ᠵᠠᠯᠢᠬ ᠬᠡᠷᠡᠭᠰᠡᠯ ᠢᠶᠠᠨ ᠬᠠᠭᠤᠴᠢᠨ ᠤ ᠬᠢᠴᠠ ᠲᠠᠢ ᠵᠢᠷᠤᠵᠤ ᠲᠥᠰᠦᠪᠯᠡᠵᠤ ᠦᠪᠡᠷ ᠲᠡᠭᠡᠨ ᠤᠷᠠᠯᠠᠵᠦ ᠬᠢᠭᠰᠡᠡ ᠪᠠᠶᠢᠪᠠ᠃
    ᠲᠤᠷᠵᠢᠰᠦ᠋ᠷᠦᠩ᠄ ︽ᠪᠢ ᠪᠤᠯ ᠤᠯᠠᠠ ᠡᠬᠦᠳᠡ ᠳᠠᠮᠵᠢᠵᠤ ᠠᠮᠢᠳᠤᠷᠠᠬᠰᠠᠠ ᠬᠥᠮᠦᠨ᠃ ᠬᠥᠮᠦᠨ ᠭᠡᠭᠴᠢ ᠠᠮᠢᠳᠤᠷᠠᠯ ᠤᠨ ᠤᠷᠴᠢᠨ ᠠᠬᠤᠢ ᠪᠠᠨ ᠭᠤᠶᠤᠯᠠᠭᠤᠯᠤᠨ ᠴᠢᠮᠡᠭᠯᠡᠵᠦ᠂ ᠪᠠᠶᠠᠷ ᠬᠥᠷ ᠲᠠᠢ ᠠᠮᠢᠳᠤᠷᠠᠬᠤ ᠶᠢ ᠬᠦᠰᠡᠳᠡᠭ᠃ ᠳᠡᠶᠢᠮᠦ ᠳᠡᠭᠡᠨ ᠴᠡᠪᠡᠷ ᠴᠡᠮᠴᠡᠭᠡᠷ ᠮᠥᠷᠳᠡᠭᠡᠨ ᠠᠵᠢᠯᠴᠢ ᠬᠥᠳᠡᠯᠮᠤᠷᠢᠴᠢ ᠪᠠᠶᠢᠬᠤ ᠭᠡᠷᠡᠭᠳᠡᠢ᠃ ᠬᠤᠳᠠ ᠳᠤ ᠰᠠᠭᠤᠬᠰᠠᠠ ᠴᠤ ᠵᠠᠪᠠᠯ ᠵᠥᠭᠡᠷ ᠰᠠᠭᠤᠬᠤ ᠶᠤᠰᠤᠳᠠᠢ ᠪᠢᠰᠢ᠂ ᠪᠢ ᠡᠳᠦᠷ ᠪᠤᠯᠭᠠᠠ ᠦᠪᠡᠷ ᠤᠨ ᠬᠢᠬᠦ ᠳᠤᠷᠠᠳᠠᠢ ᠶᠠᠭᠤᠮ᠎ᠠ ᠪᠠᠨ ᠬᠢᠵᠦ ᠤᠷᠤᠯᠳᠤᠨ᠂ ᠰᠢᠨ᠎ᠠ ᠨᠢᠬᠡᠨ ᠶᠠᠭᠤᠮ᠎ᠠ ᠶᠢ ᠪᠦᠳᠦᠬᠡᠬᠦ ᠬᠡᠵᠦ ᠴᠢᠷᠮᠠᠶᠢᠵᠦ ᠪᠠᠶᠢᠳᠠᠭ︾ ᠬᠡᠵᠤ ᠶᠠᠷᠢᠬᠤ ᠶᠢᠨ ᠳᠠᠭᠠᠤ ᠥᠪᠡᠷ ᠤᠨ ᠬᠢᠭᠰᠡᠡ ᠠᠶᠠᠭᠠᠠ ᠤ ᠬᠤᠷᠭᠤ ᠲᠤᠳᠤᠷᠠᠬᠢ ᠬᠠᠯᠢᠪ ᠲᠠᠯᠪᠢᠳᠠᠬ ᠰᠢᠨᠠᠭᠡᠨ ᠳᠠᠯᠪᠢᠭᠤᠷ ᠢᠶᠠᠨ ᠥᠵᠡᠬᠦᠯᠦᠯ᠎ᠠ᠃
    ᠮᠤᠷᠢᠳᠠᠢ ᠶᠠᠪᠤᠬᠰᠠᠠ ᠬᠥᠮᠦᠨ ᠤ ᠨᠤᠳᠤᠭ ᠠᠭᠤᠳᠠᠮ ᠪᠠᠶᠢᠳᠠᠬ᠂ ᠰᠡᠳᠬᠢᠯ ᠳᠡᠭᠡᠨ ᠲᠠᠮᠢᠷ ᠲᠠᠢ ᠬᠥᠮᠦᠨ ᠤ ᠤᠢᠢᠯᠡᠰ ᠥᠭᠡᠳᠡ ᠪᠠᠶᠢᠳᠠᠬ᠃ ᠲᠤᠷᠵᠢᠰᠦ᠋ᠷᠦᠩ ᠭᠤᠸᠠᠢ ᠰᠡᠳᠬᠢᠯ ᠤᠨ ᠤᠷᠠᠨ᠂ ᠭᠠᠷ ᠤᠨ ᠤᠷᠠᠨ ᠢᠶᠠᠨ ᠰᠢᠨᠳᠠᠰᠦ ᠴᠢᠩᠭ᠎ᠠ ᠴᠢᠷᠮᠠᠶᠢᠯᠭ᠎ᠠ ᠪᠠᠷ ᠢᠶᠠᠨ ᠳᠠᠮᠵᠢᠭᠤᠯᠤᠨ ᠢᠯᠡᠷᠡᠬᠦᠯᠵᠦ᠂ ᠮᠠᠰᠢ ᠤᠯᠠᠨ ᠢᠷᠠᠭᠤ ᠠᠯᠳᠠᠷ ᠢ ᠤᠯᠭᠰᠠᠨ ᠪᠠᠶᠢᠪᠠ ᠃ 1964 ᠤᠨ ᠳᠤ᠂ ᠲᠤᠮᠳᠠᠳᠤ ᠤᠯᠤᠰ ᠤᠨ ᠵᠡᠪᠰᠡᠭᠳᠤ ᠴᠠᠬᠳᠠᠭ᠎ᠠ ᠶᠢᠨ ᠴᠡᠷᠢᠭ ᠠᠩᠬᠢ ᠶᠢᠨ ᠠᠯᠠᠱᠠ ᠵᠡᠬᠦᠨ ᠬᠤᠰᠢᠭᠤᠨ ᠤ ᠳᠤᠮᠳᠠ ᠠᠩᠬᠢ ᠶᠢᠨ ︽ᠲᠠᠪᠤᠨ ᠰᠠᠶᠢᠳᠠᠢ ᠪᠠᠶᠢᠯᠳᠤᠬᠴᠢ︾᠎ ᠶᠢᠨ ᠱᠠᠩᠨᠠᠯ ᠢ ᠬᠥᠷᠳᠡᠵᠤ᠂ 1967 ᠤᠨ ᠳᠤ ︽ᠵᠠᠯᠠᠭᠤᠴᠤᠳ ᠤᠨ ᠭᠠᠪᠰᠢᠭᠠᠢ ᠠᠩᠬᠢ ᠳᠤ ᠠᠵᠢᠯ ᠬᠥᠳᠡᠯᠮᠤᠷᠢ ᠳᠡᠭᠡᠨ ᠭᠠᠷᠮᠠᠭᠠᠢ ᠠᠮᠵᠢᠯᠳᠠ ᠭᠠᠷᠭᠠᠬᠰᠠᠠ︾ ᠱᠠᠩᠨᠠᠯ ᠲᠤᠰᠤᠨ᠂ 1984 ᠤᠨ ᠳᠤ ︽ᠮᠠᠯᠵᠢᠬᠤ ᠲᠠᠷᠢᠶᠠᠯᠠᠬᠤ ᠤᠢᠢᠯᠡᠰ ᠤᠨ ᠠᠵᠢᠯ ᠎ ᠤᠨ ᠲᠤᠪᠤᠶᠢᠮ᠎ᠠ ᠠᠮᠵᠢᠯᠳᠠ ᠤᠯᠤᠬᠰᠠᠠ︾ ᠵᠡᠷᠭᠡ ᠠᠵᠢᠯ ᠤᠢᠢᠯᠡᠰ ᠤᠨ ᠭᠠᠷ ᠤᠷᠠᠯᠠᠯ ᠤᠨ ᠱᠠᠩᠨᠠᠯ ᠬᠦᠷᠳᠡᠪᠡ᠃ 2011 ᠤᠨ ᠳᠤ ᠠᠯᠠᠱᠠ ᠶᠢᠨ ᠭᠤᠷᠪᠠᠳᠤᠭᠠᠷ ᠬᠤᠭᠤᠴᠠᠭᠠᠠ ᠤ ︽ᠥᠵᠠᠰᠬᠦᠯᠡᠩᠳᠤ ᠰᠠᠶᠢᠬᠠᠠ ᠪᠠᠶᠠᠨᠬᠤᠳᠠ︾ ᠠᠷᠠᠳ ᠤᠨ ᠤᠷᠠᠯᠢᠬ ᠤᠨ ᠪᠥᠳᠦᠭᠡᠯ ᠤᠨ ᠤᠷᠤᠯᠳᠤᠭᠠᠠ ᠳᠤ ︽ᠮᠤᠩᠭᠤᠯ ᠤᠨ ᠨᠢᠭᠤᠴᠡ ᠲᠤᠪᠴᠢᠶ᠎ᠠ︾ ᠭᠡᠬᠦ ᠪᠥᠳᠦᠭᠡᠯ ᠢᠶᠠᠷ ᠢᠶᠠᠨ ᠬᠤᠶᠠᠳᠤᠭᠠᠷ ᠳᠡᠰ ᠤᠨ ᠱᠠᠩᠨᠠᠯ ᠬᠦᠷᠳᠡᠵᠦ᠂ 2012 ᠤᠨ ᠳᠤ ᠠᠯᠠᠱᠠ ᠶᠢᠨ ᠲᠥᠷᠪᠡᠳᠤᠭᠡᠷ ᠬᠤᠭᠤᠴᠠᠭᠠᠠ ᠤ ︽ᠥᠵᠡᠰᠬᠦᠯᠡᠩᠳᠤ ᠰᠠᠶᠢᠬᠠᠠ ᠪᠠᠶᠠᠨᠬᠤᠳᠠ︾ ᠠᠷᠠᠳ ᠤᠨ ᠤᠷᠠᠯᠢᠬ ᠤᠨ ᠪᠥᠳᠦᠭᠡᠯ ᠤᠨ ᠤᠷᠤᠯᠳᠤᠭᠠᠠ ᠳᠤ ︽ᠠᠷᠭᠠᠯᠠᠩᠳᠤ ᠶᠢᠨ ᠤᠪᠤᠭ᠎ᠠ︾ ᠭᠡᠬᠦ ᠪᠥᠳᠦᠭᠡᠯ ᠢᠶᠠᠷ ᠢᠶᠠᠨ ᠬᠤᠶᠠᠳᠤᠭᠠᠷ ᠳᠡᠰ ᠤᠨ ᠱᠠᠩᠨᠠᠯ ᠬᠦᠷᠳᠡᠵᠡᠢ᠃ 2010 ᠤᠨ ᠠᠴᠠ 2018 ᠤᠨ ᠪᠤᠯᠳᠠᠯ᠎ᠠ ᠭᠤᠷᠪᠠᠨ ᠵᠢᠯ ᠤᠨ ᠬᠤᠭᠤᠴᠠᠭᠠᠠ ᠳᠤ ︽ᠠᠯᠠᠱᠠ ᠬᠤᠷᠠᠯᠳᠠᠨ︾᠂ ︽ᠠᠯᠠᠱᠠ ᠬᠤᠶᠠᠷᠬᠤᠳᠳᠤᠬ ᠤᠨ ᠬᠠᠵᠠᠭᠤ ᠨᠤᠳᠤᠭ ᠤᠨ ᠪᠠᠭᠠᠳᠤᠳ ᠤᠨ ᠲᠡᠤᠭᠡ︾᠂ ︽ᠡᠭᠡ ᠮᠤᠩᠭᠤᠯ ᠭᠡᠯᠡ︾ ᠭᠡᠬᠦ ᠮᠡᠳᠤ ᠶᠢᠨ ᠭᠤᠷᠪᠠᠨ ᠨᠤᠮ ᠢ ᠪᠢᠴᠢᠵᠤ ᠭᠡᠪᠯᠡᠬᠦᠯᠦᠭᠰᠡᠡ ᠪᠠᠶᠢᠨ᠎ᠠ᠃
ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号