ᠬᠠᠮᠤᠬ ᠠᠩᠬ᠎ᠠ ᠲᠤᠮᠤ ᠮᠠᠰᠢᠨ ᠲᠡᠷᠭᠡ ᠠᠪᠴᠤ ᠵᠢᠯᠤᠭᠤᠳᠤᠭᠰᠠᠨ ᠮᠠᠯᠴᠢᠨ
ᠨᠡᠶᠢᠲᠡᠯᠡᠭᠰᠡᠨ ᠴᠠᠭ᠄
2021/7/1
ᠡᠷᠳᠡᠨᠢᠴᠡᠴᠡᠭ     ᠶᠡᠷᠤᠨᠢ ᠲᠡᠭᠡᠷ᠎ᠡ ᠵᠠᠭᠤᠨ ᠤ ᠲᠠᠯᠠ ᠨᠠᠶᠠᠭᠠᠳ ᠤᠨ ᠳᠤ ᠬᠤᠪᠢ ᠶᠢᠨ ᠵᠤᠭᠤᠰ ᠢᠶᠠᠷ ᠢᠶᠠᠨ ᠲᠤᠮᠤ ᠠᠴᠢᠶᠠᠨ ᠤ ᠮᠠᠰᠢᠨ ᠲᠡᠷᠭᠡ ᠠᠪᠴᠦ ᠵᠢᠯᠤᠭᠤᠳᠤᠭᠰᠠᠨ ᠮᠠᠯᠴᠢᠨ ᠴᠦᠬᠡᠨ ᠪᠠᠶᠢᠬ᠎ᠠ᠃ ᠠᠯᠠᠱᠠ ᠳᠤ ᠪᠤᠤ ᠬᠡᠯᠡ᠂ ᠪᠦᠬᠦ ᠦᠪᠦᠷ ᠮᠤᠩᠭᠤᠯ ᠤᠷᠤᠨ ᠳᠤ ᠴᠤ ᠬᠤᠪᠤᠷᠬᠠᠨ ᠪᠠᠶᠢᠵᠦ ᠲᠠᠭᠠᠷᠠᠨ᠎ᠠ᠃ ᠬᠠᠳᠠ ᠪᠤᠯ ᠲᠡᠬᠦᠨ ᠤ ᠨᠢᠭᠡ ᠨᠢ ᠶᠤᠮ᠃ ᠲᠡᠷᠡ 1979 ᠤᠨ ᠳᠤ ᠴᠢᠯᠦᠭᠡᠯᠡᠬᠦ ᠳᠡᠮᠳᠡᠭᠳᠤ ᠠᠴᠢᠶᠠᠨ ᠤ ᠮᠠᠰᠢᠨ ᠲᠡᠷᠭᠡ ᠠᠪᠴᠤ ᠵᠢᠯᠤᠭᠤᠳᠤᠨ ᠤᠶᠢᠷ᠎ᠠ ᠤᠷᠴᠢᠮ ᠎ ᠤᠨ ᠮᠠᠯᠴᠢᠳ ᠲᠠᠭᠠᠨ ᠦᠢᠯᠡᠴᠢᠯᠡᠵᠦ᠂ ᠨᠤᠳᠤᠭ ᠤᠰᠤᠨ ᠳᠠᠭᠠᠨ ᠬᠠᠷᠢᠨ ᠬᠠᠮᠤᠭ ᠠᠩᠬ᠎ᠠ ᠲᠤᠮᠤ ᠮᠠᠰᠢᠨ ᠲᠡᠷᠭᠡ ᠠᠪᠴᠤ ᠵᠢᠯᠤᠭᠤᠳᠤᠭᠰᠠᠨ ᠮᠠᠯᠴᠢᠨ ᠪᠤᠯᠤᠭᠰᠠᠨ ᠪᠠᠶᠢᠨ᠎ᠠ᠃
  ᠡᠨᠡ ᠵᠢᠯ ᠳᠠᠯᠠᠠ ᠲᠥᠷᠪᠡᠲᠠᠢ ᠬᠠᠳᠠ ᠪᠤᠯ ᠠᠯᠠᠱᠠ ᠵᠡᠬᠦᠨ ᠬᠤᠰᠢᠭᠤᠨ ᠤ ᠤᠤᠯ ᠤᠨ ᠲᠥᠬᠦᠮ ᠰᠤᠮᠤᠨ ᠤ ︵ᠤᠳᠤ ᠶᠢᠨ ᠤᠯᠠᠨᠪᠤᠯᠠᠭ ᠪᠠᠯᠭᠠᠰᠤᠨ︶᠎ ᠤ ᠰᠢᠨ᠋ᠬᠤᠰᠤ ᠭᠠᠴᠠᠭᠠᠠ ᠤ ᠮᠠᠯᠴᠢᠨ᠃ ᠲᠠᠪᠢ ᠭᠠᠷᠤᠢ ᠵᠢᠯ ᠮᠠᠰᠢᠨ ᠲᠡᠷᠭᠡ ᠵᠢᠯᠤᠭᠤᠳᠴᠤ᠂ ᠤᠳᠤ ᠲᠡᠷᠡ ᠲᠠᠪᠤᠳᠤᠭᠠᠷ ᠮᠠᠰᠢᠨ ᠲᠡᠷᠭᠡ ᠪᠤᠯᠬᠤ ᠪᠢᠶᠤᠤ ᡁᠢ ᠳᠡᠮᠳᠡᠭᠳᠤ ᠮᠠᠰᠢᠨ ᠲᠡᠷᠭᠡ ᠪᠠᠨ ᠵᠢᠯᠤᠭᠤᠳᠴᠤ ᠪᠠᠶᠢᠭ᠎ᠠ ᠪᠢᠯᠡ᠃   ᠥᠪᠡᠷ ᠤᠨ ᠬᠤᠪᠢᠨ ᠤ ᠮᠠᠰᠢᠨ ᠲᠡᠷᠭᠡᠨ ᠤ ᠵᠠᠯᠠᠭᠤᠷ ᠢ ᠪᠠᠷᠢᠭᠠᠳ ᠱᠤᠮᠳᠠᠢ ᠰᠠᠭᠤᠵᠤ ᠮᠠᠰᠢᠨ ᠵᠢᠯᠤᠭᠤᠳᠴᠤ ᠶᠠᠪᠤᠨ᠎ᠠ ᠭᠡᠭᠴᠢ ᠳᠡᠭᠡᠷ᠎ᠠ ᠵᠠᠭᠤᠨ ᠤ ᠳᠠᠯᠠᠭᠠᠳ ᠤᠨ ᠳᠤ ᠠᠪᠴᠤ ᠭᠡᠯᠡᠪᠠᠯ ᠡᠳᠦᠷ ᠤᠨ ᠤᠳᠤ ᠰᠢᠬ ᠤᠴᠢᠷ᠂ ᠮᠠᠰᠢᠨ ᠲᠡᠷᠭᠡ ᠪᠢᠳᠡᠭᠡᠢ ᠭᠡᠯᠡ᠂ ᠲᠤᠭᠤᠢ ᠲᠡᠷᠭᠡ ᠲᠠᠢ ᠬᠥᠮᠦᠨ ᠴᠤ ᠴᠥᠭᠡᠨ ᠪᠠᠶᠢᠬᠰᠠᠠ ᠨᠢ ᠥᠨᠡᠡ᠃ ᠮᠠᠰᠢᠨ ᠲᠡᠷᠭᠡ ᠵᠢᠯᠤᠭᠤᠳᠴᠤ ᠱᠤᠤᠬᠢᠭᠤᠯᠵᠤ ᠪᠠᠶᠢᠨ᠎ᠠ ᠭᠡᠵᠤ ᠵᠡᠬᠦᠳᠤᠯᠡᠳᠡᠭ ᠬᠦᠮᠦᠰ ᠲᠤᠶᠢᠯ ᠤᠨ ᠠᠷᠪᠢᠨ ᠪᠠᠶᠢᠬᠰᠠᠠ ᠮᠠᠭᠠᠳ᠂ ᠤᠳᠤ ᠪᠠᠷ ᠠᠪᠴᠤ ᠪᠤᠳᠤᠪᠠᠯ ᠪᠠᠷᠤᠬ ᠨᠢᠰᠭᠡᠯ ᠠᠪᠤᠬᠰᠠᠠ ᠲᠠᠢ ᠲᠡᠩᠴᠡᠨ᠎ᠠ᠃ ᠭᠡᠪᠡᠴᠤ ᠨᠢᠭᠡ ᠮᠠᠰᠢᠨ ᠲᠡᠷᠭᠡ ᠶᠢ ᠬᠤᠪᠢᠨ ᠤ ᠵᠤᠭᠤᠰ ᠢᠶᠠᠷ ᠢᠶᠠᠨ ᠬᠤᠳᠠᠯᠳᠤᠨ ᠠᠪᠤᠨ᠎ᠠ ᠭᠡᠳᠡᠭ ᠨᠢ ᠲᠤᠮᠤ ᠪᠠᠶᠠᠨ ᠪᠢᠰᠢ ᠪᠤᠯ ᠠᠪᠴᠤ ᠬᠦᠴᠦᠷᠡᠭᠦ ᠥᠬᠡᠢ ᠮᠥᠷᠳᠡᠭᠡᠨ ᠮᠠᠰᠢ ᠶᠡᠭᠡ ᠬᠥᠳᠡᠯᠮᠤᠷᠢ ᠵᠠᠷᠤᠴᠠᠭᠤᠯᠬᠤ ᠥᠬᠡᠢ ᠪᠤᠯ ᠰᠠᠨᠠᠳᠠᠬ ᠭᠡᠷᠡᠭ ᠪᠢᠰᠢ ᠠᠵᠢ᠃
  ᠬᠥᠮᠦᠨ ᠪᠤᠯᠭᠠᠠ ᠥᠪᠡᠷ ᠤᠨ ᠬᠥᠰᠡᠯ ᠮᠥᠷᠦᠭᠡᠳᠤᠯ ᠲᠠᠢ᠃ ᠴᠢᠨᠠᠬᠰᠢᠯᠠᠪᠠᠯ ᠠᠯᠢᠪᠠ ᠪᠥᠬᠦᠨ ᠲᠤᠷ᠎ᠠ ᠰᠤᠨᠢᠷᠬᠠᠯ ᠠᠴᠠ ᠡᠬᠢᠯᠡᠬᠦ ᠶᠤᠰᠤᠳᠠᠢ᠃ ᠬᠠᠳᠠ ᠬᠤᠷᠸ᠎ᠠ ᠶᠢᠨ ᠠᠭᠤᠳᠠᠮ ᠵᠠᠢ ᠳᠤ ᠠᠮᠢᠳᠤᠷᠠᠵᠤ ᠲᠡᠮᠡᠤᠯᠡᠵᠤ ᠶᠠᠪᠤᠬᠤ ᠳᠠᠭᠠᠨ ᠮᠠᠰᠢ ᠶᠡᠭᠡ ᠰᠥᠰᠤ ᠵᠤᠷᠢᠬ ᠲᠠᠢ᠂ ᠥᠪᠡᠷ ᠲᠡᠭᠡᠨ ᠬᠤᠯᠠ ᠶᠢ ᠤᠬᠠᠭᠠᠷᠠᠬᠤ ᠪᠤᠳᠤᠯ ᠢᠶᠠᠨ ᠲᠡᠯᠡᠵᠦ ᠰᠤᠷᠴᠤ ᠰᠤᠳᠤᠯᠬᠤ ᠵᠤᠷᠢᠬ ᠰᠠᠨᠠᠭ᠎ᠠ ᠪᠠᠨ ᠪᠠᠷᠢᠮᠳᠠᠯᠠᠳᠠᠬ᠃ ᠲᠤᠷ᠎ᠠ ᠳᠤ ᠰᠢᠷ᠎ᠠ ᠥᠬᠡᠢ ᠭᠡᠭᠴᠢ ᠪᠠᠷ ᠭᠡᠨ ᠴᠤ ᠭᠡᠳ ᠥᠪᠡᠷ ᠤᠨ ᠲᠤᠷ᠎ᠠ ᠪᠠᠭ᠋ᠠᠳᠠᠢ ᠵᠦᠢᠯ ᠳᠡᠭᠡᠨ ᠮᠠᠰᠢ ᠴᠢᠷᠮᠠᠶᠢᠳᠠᠬ ᠨᠢ ᠲᠠᠮᠵᠢᠭ ᠦᠭᠡᠢ᠃ ᠬᠠᠳᠠ ᠶᠢᠨ ᠮᠠᠰᠢᠨ ᠲᠡᠷᠭᠡ ᠵᠢᠯᠤᠭᠤᠳᠬᠤ ᠲᠤᠷᠠᠳᠠᠢ ᠭᠡᠳᠡᠭ ᠶᠢ ᠶᠠᠭᠤ ᠬᠡᠯᠡᠬᠦ ᠪᠤᠢ︖ 1965 ᠤᠨ ᠳᠤ ᠬᠠᠳᠠ ᠶᠢᠨ ᠤᠤᠯ ᠤᠨ ᠬᠥᠳᠡᠭᠡ ᠭᠡᠷ ᠨᠢ ᠰᠢᠨ᠋ᠬᠤᠰᠤ ᠭᠠᠴᠠᠭᠠᠠ ᠤ ᠤᠯᠠᠭᠠᠨᠳᠠᠯ ᠭᠡᠳᠡᠭ ᠭᠠᠵᠠᠷ ᠲᠤ ᠨᠤᠳᠤᠬᠰᠢᠨ ᠰᠠᠭᠤᠵᠤ᠂ ᠵᠠᠰᠠᠮᠠᠯ ᠵᠠᠮ ᠠᠴᠠ 15 ᠺᠢᠯᠦᠮᠧᠲᠷ ᠵᠠᠶᠢᠳᠠᠢ ᠪᠠᠶᠢᠵᠠᠢ᠃ ᠲᠡᠷᠡ 15 ᠺᠢᠯᠦᠮᠧᠲᠷ ᠭᠠᠵᠠᠷ ᠢ ᠨᠢᠭᠡ ᠯᠡ ᠴᠠᠬ ᠬᠥᠶᠦᠭᠡᠳ ᠵᠠᠮ ᠤᠨ ᠬᠦᠪᠡᠭᠡᠨ ᠎ ᠳᠤ ᠬᠦᠷᠴᠦ ᠠᠶᠠᠨᠴᠢᠳ ᠤᠨ ᠡᠭᠡᠯᠵᠢᠨ ᠤ ᠮᠠᠰᠢᠨ ᠲᠡᠷᠭᠡᠨ ᠤ ᠵᠢᠯᠤᠭᠤᠴᠢ ᠶᠢ ᠭᠤᠶᠤᠵᠤ ᠪᠠᠶᠢᠭᠠᠳ ᠱᠤᠪᠤᠩ ᠭᠡᠳᠡᠭ ᠭᠠᠵᠠᠷ ᠠᠴᠠ ᠬᠤᠷᠢᠭᠠᠳ ᠭᠠᠵᠠᠷ ᠤᠨ ᠵᠠᠶᠢᠳᠠᠢ ᠰᠢᠨ᠋ᠬᠤᠰᠤ ᠭᠠᠴᠠᠭ᠎ᠠ ᠬᠥᠷᠳᠡᠯ᠎ᠠ ᠲᠡᠷᠭᠡ ᠵᠢᠯᠤᠭᠤᠳᠴᠤ᠂ ᠮᠠᠰᠢᠨ ᠲᠡᠷᠭᠡ ᠵᠢᠯᠤᠭᠤᠳᠴᠤ ᠰᠤᠷᠬᠤ ᠬᠦᠰᠡᠯ ᠢᠶᠠᠨ ᠪᠡᠶᠡᠯᠡᠬᠦᠯᠵᠦ ᠪᠠᠶᠢᠭᠰᠠᠨ ᠤᠳᠠᠭ᠎ᠠ ᠲᠠᠢ᠃ ᠲᠡᠷᠡ ᠦᠶ᠎ᠡ ᠳᠤ ᠮᠠᠰᠢᠨ ᠲᠡᠷᠭᠡ ᠬᠤᠪᠤᠷᠬᠠᠨ ᠪᠠᠶᠢᠭᠰᠠᠨ ᠴᠠᠭ᠂ ᠵᠦᠪᠬᠡᠨ ᠠᠶᠠᠨᠴᠢᠳ ᠤᠨ ᠡᠭᠡᠯᠵᠢᠨ ᠤ ᠮᠠᠰᠢᠨ ᠲᠡᠷᠭᠡ ᠨᠠᠭᠠᠰᠢ ᠴᠠᠭᠠᠰᠢ ᠵᠤᠷᠴᠢᠵᠦ ᠬᠠᠷᠠᠭᠳᠠᠳᠠᠭ᠃ ᠬᠠᠳᠠ ᠲᠡᠷᠡ ᠥᠶ᠎ᠡ ᠳᠤ ᠴᠤ ᠭᠡᠰᠡᠡ ᠬᠢᠳᠡᠳ ᠭᠡᠯᠡ ᠳᠡᠭᠡᠨ ᠨᠡᠯᠢᠶᠡᠳ ᠰᠠᠶᠢᠨ᠂ ᠬᠢᠳᠠᠳ ᠵᠢᠯᠤᠭᠤᠴᠢ ᠲᠠᠢ ᠬᠡᠯᠡᠯᠴᠡᠭᠡ ᠤᠯᠳᠠᠨ ᠵᠠᠷᠢᠮ ᠳᠠᠭᠠᠨ ᠬᠠᠶᠠ ᠨᠢᠭᠡ ᠪᠥᠰ ᠤᠨ ᠫᠢᠶᠤᠤ ︵ᠲᠤᠯᠤᠭ᠎ᠠ ᠨᠠᠢᠮᠠᠠ ᠲᠤᠬᠤᠢ ᠪᠥᠰᠡ ᠰᠤᠯᠢᠵᠤ ᠠᠪᠴᠦ ᠪᠤᠯᠳᠠᠭ︶᠎ ᠪᠠᠷ ᠠᠷᠭᠠᠳᠠᠵᠦ ᠪᠠᠶᠢᠭᠠᠳ ᠵᠠᠯᠠᠭᠤᠷ ᠢ ᠨᠢ ᠪᠠᠷᠢᠴᠢᠬᠠᠳᠠᠭ᠃ ᠢᠩᠬᠢᠭᠡᠳ ᠯᠡ ᠵᠠᠮ ᠤᠨ ᠵᠡᠬᠦᠨ ᠲᠠᠯ᠎ᠠ ᠳᠤ ᠨᠢᠭᠡ ᠭᠠᠷᠤᠭᠠᠳ ᠵᠠᠮ ᠤᠨ ᠪᠠᠷᠠᠭᠤᠨ ᠲᠠᠯ᠎ᠠ ᠵᠦᠭ ᠨᠢᠭᠡ ᠮᠤᠷᠦ᠋ᠢᠭᠠᠳ ᠭᠡᠳᠤ ᠤᠳᠠᠭ᠎ᠠ ᠵᠢᠯᠤᠭᠤᠳᠴᠤ ᠪᠠᠶᠢᠭᠠᠳ ᠠᠮᠠᠷᠬᠠᠠ ᠡᠪ ᠢ ᠨᠢ ᠤᠯᠴᠢᠬᠠᠬᠰᠠᠠ ᠪᠠᠶᠢᠯ᠎ᠠ᠃
  ᠬᠠᠳᠠ 1975 ᠤᠨ ᠳᠤ ᠠᠶᠢᠯ ᠡᠷᠦᠭᠡ ᠪᠠᠨ ᠪᠤᠰᠠᠬᠵᠤ᠂ 1979 ᠤᠨ ᠳᠤ ᠪᠠᠩᠬᠢ ᠠᠴᠠ ᠲᠥᠮᠡᠡ ᠲᠥᠬᠦᠷᠢᠭ ᠤᠨ ᠵᠢᠭᠡᠯᠡᠯᠭᠡ ᠠᠪᠴᠦ᠂ ᠯᠢᠨ ᠾᠧ ᠬᠤᠳᠠ ᠶᠢᠨ 279 ᠴᠡᠷᠢᠭ ᠤᠨ ᠡᠮᠨᠡᠯᠭᠡ ᠶᠢᠨ ᠬᠤᠷᠢᠶᠠᠨ ᠤ ᠬᠠᠭᠤᠴᠢᠨ ᠴᠢᠯᠦᠭᠡᠯᠡᠬᠦ ᠳᠡᠮᠳᠡᠭᠳᠤ ᠠᠴᠢᠶᠠᠨ ᠤ ᠮᠠᠰᠢᠨ ᠲᠡᠷᠭᠡ ᠶᠢ ᠬᠤᠳᠠᠯᠳᠤᠨ ᠠᠪᠴᠡᠢ᠃ ᠲᠡᠷᠡ ᠨᠤᠳᠤᠭ ᠲᠠᠭᠠᠨ ᠬᠠᠷᠢᠵᠤ ᠢᠷᠡᠭᠡᠳ ᠮᠠᠯ ᠢᠶᠠᠨ ᠮᠠᠯᠵᠢᠬᠤ ᠶᠢᠨ ᠳᠠᠭᠠᠤ ᠡᠳᠦᠷ ᠰᠥᠨᠢ ᠥᠬᠡᠢ ᠴᠢᠷᠮᠠᠶᠢᠨ ᠬᠤᠪᠢ ᠠᠶᠢᠯ ᠪᠤᠶᠤ ᠰᠤᠮᠤ ᠭᠠᠴᠠᠭᠠᠠ ᠳᠤ ᠴᠢᠯᠠᠭᠤ ᠮᠤᠳᠤ ᠲᠠᠳᠠᠬᠤ ᠵᠡᠷᠭᠡ ᠠᠵᠢᠯ ᠬᠢᠵᠦ᠂ ᠬᠤᠶᠠᠷ ᠵᠢᠯ ᠤᠨ ᠲᠤᠳᠤᠷ᠎ᠠ ᠥᠷᠢ ᠪᠠᠨ ᠲᠥᠯᠦᠵᠤ ᠪᠠᠷᠠᠴᠢᠬᠠᠭᠠᠳ ᠪᠠᠰᠠ ᠨᠡᠯᠢᠶᠡᠳ ᠵᠤᠭᠤᠰ ᠬᠠᠳᠠᠭᠠᠯᠠᠬᠰᠠᠠ ᠪᠠᠶᠢᠨ᠎ᠠ᠃ ᠨᠤᠳᠤᠭ ᠤᠨ ᠬᠥᠮᠦᠰ ᠨᠢ ᠵᠢᠯ ᠴᠠᠭᠠᠠ ᠰᠠᠷ᠎ᠠ ᠪᠤᠯᠬᠤ ᠳᠤ ᠰᠤᠮᠤᠨ ᠳᠤ ᠲᠡᠮᠡᠭᠡ ᠤᠨᠤᠨ ᠬᠥᠷᠴᠤ ᠪᠠᠭ᠎ᠠ ᠰᠠᠭ᠎ᠠ ᠴᠠᠭᠠᠠ ᠰᠠᠷ᠎ᠠ ᠶᠢᠨ ᠶᠠᠭᠤᠮ᠎ᠠ ᠬᠡᠤᠮ᠎ᠠ ᠪᠠᠨ ᠠᠪᠬᠤ ᠳᠤ ᠬᠠᠳᠠ ᠬᠠᠷᠢᠨ ᠭᠡᠷ ᠢᠶᠠᠷ ᠢᠶᠠᠨ ᠪᠠᠶᠠᠨᠬᠤᠳᠠ᠂ ᠵᠢᠷᠠᠳᠠᠢ᠂ ᠯᠢᠨ ᠾᠧ ᠵᠡᠷᠭᠡ ᠭᠠᠵᠠᠷ ᠲᠤ ᠮᠠᠰᠢᠨ ᠢᠶᠠᠨ ᠵᠢᠯᠤᠭᠤᠳᠤᠨ ᠬᠥᠷᠴᠤ ᠴᠠᠭ᠎ᠠ ᠨᠤᠭᠤᠭ᠎ᠠ ᠶᠢᠨ ᠶᠠᠭᠤᠮ᠎ᠠ ᠪᠠᠨ ᠠᠪᠳᠠᠬ ᠪᠠᠶᠢᠯ᠎ᠠ᠃ ᠡᠨᠡ ᠨᠢ ᠲᠡᠬᠦᠨ ᠤ ᠠᠮᠢᠳᠤᠷᠠᠯ ᠪᠠ ᠦᠵᠡᠯᠳᠡ ᠲᠠᠨᠢᠯᠳᠠ ᠳᠤ ᠮᠠᠰᠢ ᠶᠡᠭᠡ ᠬᠤᠪᠢᠷᠠᠯᠳᠠ ᠶᠢ ᠠᠪᠴᠢᠷᠠᠬᠰᠠᠠ ᠨᠢ ᠦᠨᠡᠨ᠃ ᠥᠭᠡᠷ᠎ᠠ ᠬᠥᠮᠦᠰ ᠬᠤᠤᠷ ᠡᠪᠡᠰᠤ ᠲᠡᠬᠦᠭᠡᠳ ᠭᠡᠳᠤᠨ ᠠᠷᠪᠠᠨ ᠵᠤᠭᠤᠰ ᠤᠯᠵᠦ ᠪᠠᠶᠢᠬᠤ ᠳᠤ ᠬᠠᠳᠠ ᠬᠠᠷᠢᠨ ᠪᠥᠳᠦᠨ ᠵᠢᠯ ᠢᠶᠠᠷ ᠲᠥᠬᠦᠮ ᠰᠤᠮᠤ᠂ ᠢᠡᠭᠭᠡᠨ ᠰᠤᠮᠤ᠂ ᠥᠯᠵᠡᠢ ᠰᠤᠮᠤ᠂ ᠬᠤᠨᠭ᠍ᠭᠤᠷᠠᠦ᠋ᠯᠥᠩ ᠰᠤᠮᠤᠨ ᠤ ᠡᠯ᠎ᠠ ᠪᠠᠶᠢᠭᠤᠯᠭ᠎ᠠ ᠶᠢᠨ ᠨᠡᠬᠦᠷᠡᠰᠤ᠂ ᠮᠤᠳᠤ᠂ ᠲᠤᠭᠤᠰᠬ᠎ᠠ ᠵᠡᠷᠭᠡ ᠡᠯᠳᠡᠪ ᠵᠦᠢᠯ ᠤᠨ ᠡᠳ᠋ ᠪᠠᠷᠠᠭ᠎ᠠ ᠵᠥᠭᠡᠭᠡᠪᠤᠷᠢᠯᠡᠵᠤ᠂ ᠤᠨᠳᠠᠬᠤ ᠪᠠᠨ ᠮᠠᠷᠳᠠᠨ ᠥᠷ ᠢ ᠳᠡᠮᠳᠡᠷᠢᠭᠰᠡᠡ ᠤᠳᠠᠭ᠎ᠠ ᠴᠤ ᠵᠥᠡᠭᠳᠡᠭᠡᠨ ᠤᠯᠠᠠ ᠪᠠᠶᠢᠵᠠᠢ᠃
  ᠬᠠᠳᠠ᠄ ︽ᠲᠠᠷᠠ ᠥᠶ᠎ᠡ ᠳᠤ ᠬᠦᠯᠳᠡᠬᠦ ᠠᠴᠠ ᠰᠡᠷᠭᠡᠶᠢᠯᠡᠬᠦ ᠤᠰᠤ ᠭᠡᠰᠡᠡ ᠶᠠᠭᠤᠮ᠎ᠠ ᠪᠠᠶᠢᠬᠤ ᠥᠬᠡᠢ᠂ ᠵᠠᠷᠢᠮ ᠳᠠᠭᠠᠨ ᠡᠪᠤᠯ ᠤᠨ ᠬᠦᠢᠳᠡᠨ ᠳᠤ ᠤᠰᠤ ᠪᠤᠴᠠᠯᠭᠠᠵᠤ ᠬᠢᠨ᠎ᠡ᠂ ᠭᠠᠯ ᠲᠥᠯᠡᠵᠤ ᠲᠡᠷᠭᠡ ᠪᠠᠨ ᠨᠤᠴᠤᠭᠠᠬᠤ ᠤᠴᠢᠷ ᠪᠠᠶᠢᠡᠭᠭᠤ ᠲᠤᠬᠢᠶᠠᠯᠳᠤᠨ᠎ᠠ᠃ ᠤᠳᠤᠬᠢ ᠰᠢᠬ ᠲᠡᠷᠭᠡᠨ ᠪᠤᠯᠤ ᠬᠠᠯᠠᠬᠤ ᠪᠤᠶᠤ ᠲᠡᠷᠭᠡ ᠮᠠᠰᠢᠨ ᠡᠪᠳᠡᠷᠡᠪᠠᠯ ᠵᠠᠰᠠᠬᠤ ᠭᠠᠵᠠᠷ ᠤᠴᠢᠳᠠᠭ ᠰᠠᠶᠢᠬᠠᠨ ᠤᠴᠢᠷ ᠪᠠᠶᠢᠬᠰᠠᠠ ᠥᠬᠡᠢ᠂ ᠪᠥᠷ ᠯᠡ ᠥᠪᠡᠷ ᠎ ᠢᠶᠠᠨ ᠨᠤᠴᠤᠯᠳᠤᠵᠤ ᠪᠠᠶᠢᠭᠠᠳ ᠯᠡ ᠰᠠᠯᠪᠢᠨ ᠵᠠᠰᠠᠵᠤ ᠲᠤᠳᠤᠮᠳᠠᠵᠤ ᠠᠪᠳᠠᠭ︾ ᠭᠡᠵᠤ ᠪᠠᠶᠢᠪᠠ᠃ ᠬᠠᠳᠠ ᠲᠠᠢ ᠨᠢᠭᠡ ᠭᠠᠴᠠᠭᠠᠠ ᠤ ᠮᠠᠯᠴᠢᠨ ᠳᠠᠯᠠᠨᠳᠠᠢ ᠢᠩᠬᠢᠵᠦ ᠶᠠᠷᠢᠵᠦ ᠪᠢᠯᠡ᠄ ︽ᠲᠡᠷᠡ ᠥᠶ᠎ᠡ ᠳᠤ ᠮᠠᠠ ᠤ ᠭᠠᠴᠠᠭᠠᠨ ᠳᠤ ᠪᠢᠳᠡᠭᠡᠢ ᠭᠡᠯᠡ᠂ ᠮᠡᠡ ᠤ ᠠᠯᠠᠱᠠ ᠳᠤ ᠴᠤ ᠭᠡᠰᠡᠡ ᠬᠤᠪᠢ ᠪᠠᠷ ᠢᠶᠠᠨ ᠲᠤᠮᠤ ᠮᠠᠰᠢᠨ ᠲᠡᠷᠭᠡ ᠵᠢᠯᠤᠭᠤᠳᠤᠬᠰᠠᠠ ᠬᠥᠮᠦᠨ ᠠᠯᠠᠭ᠎ᠠ ᠪᠠᠶᠢᠬᠤ ᠳᠤ ᠬᠠᠳᠠ ᠠᠩᠬ᠎ᠠ ᠡᠬᠢᠯᠡᠵᠤ ᠲᠤᠮᠤ ᠮᠠᠰᠢᠨ ᠲᠡᠷᠭᠡ ᠵᠢᠯᠤᠭᠤᠳᠴᠤ ᠮᠠᠯᠴᠢᠨ ᠲᠥᠮᠡᠡ ᠤ ᠨᠠᠬᠦᠷᠡᠰᠤ᠂ ᠮᠤᠳᠤ᠂ ᠴᠢᠯᠠᠭᠤ ᠲᠠᠳᠠᠳᠠᠭ ᠪᠠᠶᠢᠭᠰᠠᠨ᠃ ᠪᠠᠶᠠᠨᠬᠤᠳᠠ᠂ ᠵᠢᠷᠠᠳᠠᠢ᠂ ᠥᠯᠵᠡᠢ ᠂ ᠱᠠᠮᠪᠠ ᠵᠡᠷᠭᠡ ᠭᠠᠵᠠᠷ ᠢᠶᠠᠷ ᠨᠠᠭᠠᠰᠢ ᠴᠠᠭᠠᠰᠢ ᠶᠠᠪᠤᠬᠤ ᠳᠤ ᠪᠠᠷᠤᠬ ᠤᠳᠠᠭ᠎ᠠ ᠪᠤᠯᠭᠠᠠ ᠠᠷᠪᠠᠨ ᠭᠡᠳᠤ ᠪᠤᠶᠤ ᠬᠤᠷᠢᠭᠠᠳ ᠬᠥᠮᠦᠨ ᠢ ᠥᠨ᠎ᠡ ᠲᠥᠯᠦᠪᠤᠷᠢ ᠥᠬᠡᠢ ᠪᠠᠷ ᠠᠴᠢᠶᠠᠨ ᠤ ᠪᠠᠨ ᠳᠡᠭᠡᠷ᠎ᠠ ᠰᠠᠭᠤᠯᠭᠠᠭᠠᠳ ᠶᠠᠪᠤᠳᠠᠭ᠃ ᠪᠢ ᠴᠤ ᠭᠡᠰᠡᠡ ᠭᠡᠷ ᠤᠨ ᠠᠬᠠᠮᠠᠳ ᠲᠠᠢ ᠪᠠᠨ ᠱᠠᠮᠪᠠ᠂ ᠵᠢᠷᠠᠳᠠᠢ ᠳᠤ ᠶᠠᠪᠤᠬᠤ ᠳᠤ ᠬᠠᠳᠠ ᠶᠢᠨ ᠲᠡᠷᠭᠡᠨ ᠳᠤ ᠭᠡᠳᠤ ᠤᠳᠠᠭ᠎ᠠ ᠰᠠᠭᠤᠬᠰᠠᠠ ᠰᠢᠤ︾ ᠭᠡᠵᠤ ᠦᠩᠭᠡᠷᠡᠯᠳᠡ ᠪᠠᠨ ᠶᠠᠷᠢᠵᠦ ᠪᠠᠶᠢᠪᠠ᠃   1982 ᠤᠨ ᠳᠤ ᠬᠠᠳᠠ ᠭᠤᠷᠪᠠᠨ ᠵᠢᠯ ᠵᠢᠯᠤᠭᠤᠳᠤᠬᠰᠠᠠ ᠮᠠᠰᠢᠨ ᠲᠡᠷᠭᠡ ᠪᠠᠨ ᠡᠵᠡᠨ᠎ᠠ ᠬᠤᠰᠢᠭᠤᠨ ᠤ ᠨᠢᠭᠡ ᠬᠥᠮᠦᠨ ᠳᠤ 15000 ᠲᠥᠬᠦᠷᠢᠭ ᠢᠶᠠᠷ ᠬᠤᠳᠠᠯᠳᠤᠨ ᠥᠭᠴᠠᠢ᠃ 1983 ᠤᠨ ᠳᠤ ᠬᠤᠶᠠᠳᠤᠭᠠᠷ ᠴᠢᠯᠦᠭᠡᠯᠡᠬᠦ ᠳᠡᠮᠳᠡᠭᠳᠤ ᠰᠢᠨ᠎ᠡ ᠮᠠᠰᠢᠨ ᠲᠡᠷᠭᠡ ᠪᠠᠨ 15370 ᠲᠥᠬᠦᠷᠢᠭ ᠢᠶᠠᠷ ᠬᠤᠳᠠᠯᠳᠤᠨ ᠠᠪᠴᠤ ᠶᠢᠰᠤᠨ ᠵᠢᠯ ᠡᠳ᠋ᠯᠡᠭᠡᠳ 1992 ᠤᠨ ᠳᠤ 35000 ᠲᠥᠬᠦᠷᠢᠭ ᠢᠶᠠᠷ ᠪᠤᠷᠤᠯᠠᠭᠤᠯᠵᠤ᠂ ᠭᠤᠷᠪᠠᠳᠤᠭᠠᠷ ᠮᠠᠰᠢᠨ ᠲᠡᠷᠭᠡ ᠪᠠᠨ 11000 ᠲᠥᠬᠦᠷᠢᠭ ᠢᠶᠠᠷ ᠬᠤᠳᠠᠯᠳᠤᠨ ᠠᠪᠴᠤ ᠭᠤᠷᠪᠠᠨ ᠵᠢᠯ ᠡᠳ᠋ᠯᠡᠭᠡᠳ 1995 ᠤᠨ ᠳᠤ ᠪᠤᠰᠤᠳ ᠲᠤ ᠬᠤᠳᠠᠯᠳᠤᠨ ᠥᠭᠴᠡᠢ᠃ 2012 ᠤᠨ ᠳᠤ ᠲᠥᠷᠪᠡᠳᠤᠭᠡᠷ ᠮᠠᠰᠢᠨ ᠲᠡᠷᠭᠡ ᠪᠠᠨ 10000 ᠭᠠᠷᠤᠢ ᠲᠥᠬᠦᠷᠢᠭ ᠢᠶᠠᠷ ᠬᠤᠳᠠᠯᠳᠤᠨ ᠠᠪᠴᠤ᠂ 2016 ᠤᠨ ᠳᠤ ᠲᠠᠪᠤᠳᠤᠭᠠᠷ ᠮᠠᠰᠢᠨ ᠲᠡᠷᠭᠡ ᠪᠤᠯᠬᠤ ᠪᠢᠶᠤᠤ ᡁᠢ ᠳᠡᠮᠳᠡᠭᠳᠤ ᠲᠡᠷᠭᠡ ᠪᠠᠨ 30000 ᠭᠠᠷᠤᠢ ᠲᠥᠬᠦᠷᠢᠭ ᠢᠶᠠᠷ ᠬᠤᠳᠠᠯᠳᠤᠨ ᠠᠪᠴᠤ ᠤᠳᠤ ᠪᠤᠯᠳᠠᠯ᠎ᠠ ᠵᠢᠯᠤᠭᠤᠳᠴᠤ ᠪᠠᠶᠢᠨ᠎ᠠ᠃
  ᠬᠠᠳᠠ ᠲᠠᠪᠢᠨ ᠵᠢᠷᠭᠤᠭᠠᠠ ᠵᠢᠯ ᠮᠠᠰᠢᠨ ᠲᠡᠷᠭᠡ ᠵᠢᠯᠤᠭᠤᠳᠬᠤ ᠲᠤᠮᠳᠠ ᠮᠠᠰᠢ ᠤᠯᠠᠠ ᠲᠤᠷᠰᠢᠯᠭ᠎ᠠ ᠰᠤᠷᠭᠠᠮᠵᠢ ᠬᠤᠷᠠᠮᠳᠤᠭᠤᠯᠵᠡᠢ᠃ ︽ᠮᠠᠰᠢᠨ ᠲᠡᠷᠭᠡ ᠶᠢ ᠵᠢᠯᠤᠭᠤᠳᠬᠤ ᠳᠤ ᠮᠠᠰᠢᠨ ᠤ ᠭᠤᠯᠭᠤᠭᠤᠷ ᠲᠤᠰᠤ ᠶᠢ ᠨᠢ ᠴᠠᠬ ᠲᠤᠬᠠᠢ ᠎ ᠳᠤᠨᠢ ᠰᠤᠯᠢᠬᠤ ᠪᠤᠯ ᠨᠢᠭᠡ ᠴᠢᠬᠤᠯᠠ ᠶᠠᠪᠤᠳᠠᠯ᠃ ᠶᠡᠷᠤᠨᠢ ᠮᠠᠰᠢᠨ ᠲᠡᠷᠭᠡ ᠶᠢ ᠠᠭᠠᠵᠢᠭᠤ ᠰᠢᠬ ᠵᠢᠯᠤᠭᠤᠳᠴᠤ ᠶᠠᠪᠤᠪᠠᠯ ᠠᠮᠢ ᠨᠠᠰᠤ ᠨᠢ ᠤᠷᠳᠤ ᠪᠠᠶᠢᠵᠤ᠂ ᠵᠢᠯᠤᠭᠤᠳᠤᠬᠰᠠᠠ ᠬᠥᠮᠦᠨ ᠨᠢ ᠴᠤ ᠠᠮᠤᠷ ᠲᠥᠪᠰᠢᠨ ᠪᠠᠶᠢᠳᠠᠬ ᠪᠤᠯᠬᠤᠷ ᠵᠠᠯᠠᠭᠤᠴᠤᠳ ᠢᠳᠡᠷᠴᠤᠳ ᠮᠠᠨᠢ ᠮᠠᠰᠢᠨ ᠲᠡᠷᠭᠡ ᠪᠠᠨ ᠯᠠᠪᠳᠠᠭᠤᠨ ᠪᠤᠯᠭᠤᠮᠵᠢᠳᠠᠢ ᠪᠠᠷ ᠠᠭᠠᠵᠢᠭᠤ ᠵᠢᠯᠤᠭᠤᠳᠪᠠᠯ ᠵᠤᠬᠢᠨ᠎ᠠ︾  ᠭᠡᠮᠡᠨ ᠪᠤᠰᠤᠳ ᠲᠤ ᠰᠠᠨᠠᠭᠤᠯᠵᠦ ᠪᠠᠶᠢᠯ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号