ᠴᠤᠭᠪᠤᠶᠠᠨ | | 6 ᠰᠠᠷ᠎ᠠ ᠶᠢᠨ 1 ᠤ ᠡᠲᠦᠷ ᠤᠨ ᠦᠲᠡ ᠶᠢᠨ ᠡᠮᠦᠨ᠎ᠡ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢ | ᠪᠡᠯᠭᠡᠯᠡᠭᠦ ᠠᠯᠠᠱᠠ ᠪᠠᠷᠠᠭᠤᠨ ᠬᠤᠰᠢᠭᠤᠨ ᠤ ᠰᠢᠭᠤᠳ ᠬᠠᠷᠢᠶ᠎ᠠ ᠮᠤᠩᠭᠤᠯ ᠦᠨᠲᠦᠰᠦᠲᠡᠨ ᠤ ᠪᠦᠷᠢᠨ ᠪᠠᠭ᠎ᠠ | ᠰᠤᠷᠭᠠᠭᠤᠯᠢ ᠶᠢᠨ ︽6 · 1︾ ᠤ ᠭᠡᠤᠭᠡᠳ ᠤᠨ ᠪᠠᠶᠠᠷ ᠤᠨ ᠭᠦᠲᠡᠯᠭᠡᠭᠡᠨ ᠤ ᠨᠡᠭᠡᠭᠡᠯᠲᠡ ᠶᠢᠨ ᠶᠤᠰᠤᠯᠠᠯ ᠲᠡᠭᠡᠷ᠎ᠡ | ᠡᠯ᠎ᠡ ᠲᠠᠯ᠎ᠠ ᠪᠠᠷ ᠢᠶᠠᠨ ᠴᠤᠯᠭᠤᠷᠠᠭᠰᠠᠨ ᠮᠠᠰᠢ ᠠᠷᠪᠢᠨ ᠭᠡᠤᠭᠡᠳ ᠤᠳ ᠢ ᠱᠠᠩᠨᠠᠨ ᠭᠦᠭᠢᠭᠦᠯᠦᠨ ᠵᠤᠷᠢᠭᠵᠢᠭᠤᠯᠵᠤ | ᠪᠠᠶᠢᠪᠠ᠃ ᠡᠭᠦᠨ ᠤ ᠲᠤᠳᠤᠷ᠎ᠠ ᠦᠯᠵᠡᠶᠢᠲᠦ ᠡᠪᠦᠭᠡᠨ ᠠᠴᠠ ᠤᠯᠭᠤᠵᠤ ᠪᠠᠶᠢᠭ᠎ᠠ ᠱᠠᠩᠨᠠᠯ ᠨᠢ ᠭᠦᠮᠦᠰ ᠤᠨ | ᠠᠩᠬᠠᠷᠤᠯ ᠢ ᠬᠠᠮᠤᠭ ᠠᠴᠠ ᠢᠯᠡᠭᠦᠦ ᠲᠠᠲᠠᠵᠤ ᠪᠠᠶᠢᠯ᠎ᠠ᠃ | | | | | | | ᠦᠯᠵᠡᠶᠢᠲᠦ ᠭᠤᠸᠠᠢ 1935 ᠤᠨ ᠤ 1 ᠰᠠᠷ᠎ᠠ ᠳᠤ ᠤᠤᠯ ᠤᠨ ᠠᠯᠠᠱᠠ ᠬᠤᠱᠤᠳ ᠬᠤᠰᠢᠭᠤᠨ ᠤ ᠪᠠᠷᠠᠭᠤᠨ | ᠪᠠᠯ ᠪᠠᠭ ᠤᠨ ᠤᠯᠠᠭᠠᠨ ᠭᠦᠲᠦᠯ ᠭᠡᠮᠡᠭᠦ ᠨᠤᠳᠤᠭ ᠲᠤ ᠠᠪᠤ ᠵᠠᠮᠪᠠᠯ᠂ ᠡᠵᠢ ᠮᠠᠨᠳᠤᠯ ᠤᠨ ᠢᠶᠠᠨ ᠭᠦᠪᠡᠭᠦᠨ ᠨᠢ ᠪᠤᠯᠵᠤ | ᠵᠠᠶᠠᠭᠠᠵᠠᠢ᠃ 1945 ᠤᠨ ᠤ ᠬᠠᠪᠤᠷ ᠠᠯᠠᠱᠠ ᠬᠤᠱᠤᠳ ᠬᠤᠰᠢᠭᠤᠨ ᠤ ᠮᠤᠩᠭᠤᠯ ᠤᠳᠬ᠎ᠠ ᠶᠢᠨ ᠪᠠᠭ᠎ᠠ | ᠰᠤᠷᠭᠠᠭᠤᠯᠢ ᠳᠤ ᠤᠷᠤᠵᠤ ᠪᠠᠳᠤᠪᠠᠶᠠᠷ᠂ ᠭᠦᠷᠡᠯᠲᠡᠢ᠂ ᠪᠦᠭᠡ ᠵᠡᠷᠭᠡ ᠪᠠᠭᠰᠢ ᠶᠢᠨ ᠰᠤᠷᠤᠭᠴᠢ ᠪᠤᠯᠵᠤ᠂ ᠴᠠᠭ | ᠲᠦᠷᠦ ᠶᠢᠨ ᠤᠷᠤᠭ᠎ᠠ ᠪᠤᠰᠤᠭ᠎ᠠ ᠠᠴᠠ ᠪᠤᠯᠵᠤ 1948 ᠤᠨ ᠳᠤ ᠲᠦᠷᠪᠡᠲᠦᠭᠡᠷ ᠤᠨ ᠠᠴᠠ ᠪᠠᠨ ᠰᠤᠷᠤᠯᠭ᠎ᠠ ᠪᠠᠨ | ᠵᠤᠭᠰᠤᠵᠠᠢ᠃ ᠲᠡᠷᠡ 1957 ᠤᠨ ᠳᠤ ᠠᠯᠪᠠᠨ ᠠᠵᠢᠯ ᠳᠤ ᠤᠷᠤᠵᠤ᠂ 1959 ᠤᠨ ᠳᠤ ᠲᠤᠮᠳᠠᠳᠤ ᠤᠯᠤᠰ | ᠤᠨ ᠡᠪ ᠬᠠᠮᠳᠤ ᠨᠠᠮ ᠳᠤ ᠤᠷᠤᠵᠤ᠂ ᠰᠤᠷᠭᠠᠭᠤᠯᠢ ᠶᠢᠨ ᠪᠠᠭᠰᠢ᠂ ᠵᠠᠭᠢᠷᠤᠯ᠂ ᠰᠤᠮᠤ ᠱᠠᠳᠤᠨ ᠤ ᠤᠳᠤᠷᠢᠳᠤᠯᠭ᠎ᠠ᠂ | ᠬᠤᠰᠢᠭᠤᠨ ᠤ ᠨᠠᠮ ᠵᠠᠰᠠᠭ ᠤᠨ ᠤᠳᠤᠷᠢᠳᠤᠯᠭ᠎ᠠ ᠶᠢᠨ ᠡᠭᠦᠷᠭᠡ ᠲᠤᠰᠢᠶᠠᠯ ᠢ ᠤᠯᠠᠨ ᠵᠢᠯ ᠬᠠᠷᠢᠭᠤᠴᠠᠵᠤ᠂ 1995 | ᠤᠨ ᠳᠤ ᠤᠯᠤᠰ ᠲᠦᠷᠦ ᠶᠢᠨ ᠵᠦᠪᠯᠡᠯᠭᠡᠨ ᠤ ᠠᠯᠠᠱᠠ ᠪᠠᠷᠠᠭᠤᠨ ᠬᠤᠰᠢᠭᠤᠨ ᠤ ᠬᠤᠷᠢᠶ᠎ᠠ ᠶᠢᠨ ᠲᠡᠷᠢᠭᠦᠯᠡᠭᠴᠢ | ᠠᠴᠠ ᠪᠠᠨ ᠠᠵᠢᠯ ᠤᠨ ᠠᠮᠠᠷᠠᠯᠳᠠ ᠪᠠᠨ ᠠᠪᠴᠠᠢ᠃ ᠲᠡᠷᠡ ᠭᠡᠲᠦᠶᠢᠪᠡᠷ ᠠᠵᠢᠯ ᠠᠴᠠ ᠪᠠᠨ ᠠᠮᠠᠷᠠᠭᠰᠠᠨ ᠴᠦ ︽ | ᠵᠦᠭᠡᠷ ᠢᠶᠠᠷ ᠰᠠᠭᠤᠬᠤ ᠪᠠᠷ ᠢᠶᠠᠨ ᠵᠦᠯᠭᠦᠵᠦ ᠰᠠᠭᠤᠶ᠎ᠠ︾ ᠭᠡᠲᠡᠭ ᠢᠶᠠᠷ ᠠᠷᠠᠳ ᠤᠯᠠᠨ ᠳᠤ ᠶᠠᠭᠤ ᠨᠢᠭᠡ ᠶᠢ ᠭᠢᠵᠦ᠂ | ᠨᠤᠳᠤᠭ ᠤᠰᠤᠨ ᠳᠠᠭᠠᠨ ᠦᠢᠯᠡᠴᠢᠯᠡᠶ᠎ᠡ ᠭᠡᠮᠡᠨ ᠪᠤᠳᠤᠵᠤ᠂ 2004 ᠤᠨ ᠡᠭᠢᠯᠡᠨ ᠬᠤᠰᠢᠭᠤᠨ ᠤ ᠰᠢᠭᠤᠳ | ᠬᠠᠷᠢᠶ᠎ᠠ ᠮᠤᠩᠭᠤᠯ ᠦᠨᠲᠦᠰᠦᠲᠡᠨ ᠤ ᠪᠦᠷᠢᠨ ᠪᠠᠭ᠎ᠠ ᠰᠤᠷᠭᠠᠭᠤᠯᠢ ᠶᠢ ᠬᠠᠯᠠᠮᠵᠢᠯᠠᠨ ᠲᠤᠰᠠᠯᠠᠵᠤ ᠪᠠᠭᠰᠢ ᠨᠠᠷ ᠢ | ᠭᠦᠨᠲᠦᠳᠭᠡᠨ᠂ ᠭᠡᠷ ᠤᠨ ᠠᠬᠠᠮᠠᠳ ᠢ ᠤᠷᠮᠠᠰᠢᠭᠤᠯᠤᠨ ᠪᠠᠶᠠᠷᠯᠠᠭᠤᠯᠵᠤ᠂ ᠰᠤᠷᠤᠭᠴᠢᠳ ᠢ ᠵᠤᠷᠢᠭᠵᠢᠭᠤᠯᠤᠨ | ᠴᠢᠷᠮᠠᠶᠢᠯᠭᠠᠬᠤ ᠪᠠᠷ ᠵᠤᠷᠢᠯᠳᠠ ᠪᠤᠯᠭᠠᠵᠤ᠂ ︽6 · 1︾ ᠤ ᠭᠡᠤᠭᠡᠳ ᠤᠨ ᠪᠠᠶᠠᠷ ᠢ ᠲᠤᠭᠢᠶᠠᠯᠳᠤᠭᠤᠯᠤᠨ ᠬᠤᠪᠢ | ᠶᠢᠨ ᠮᠦᠩᠭᠦ ᠵᠠᠷᠤᠳᠠᠯ ᠢᠶᠠᠷ ᠢᠶᠠᠨ ᠡᠨᠡᠬᠦ ᠱᠠᠩᠨᠠᠯ ᠢ ᠶᠠᠪᠤᠭᠤᠯᠪᠠ᠃ 18 ᠵᠢᠯ ᠤᠨ ᠲᠤᠷᠰᠢ ᠳᠤ᠂ ᠲᠦᠷᠪᠡᠨ ᠨᠡᠷ᠎ᠡ | ᠰᠢᠯᠢᠲᠡᠭ ᠠᠩᠭᠢ ᠶᠢᠨ ᠡᠷᠭᠢᠯᠡᠭᠴᠢ ᠶᠢ ︽ᠤᠶᠤᠨ ᠤ ᠢᠨᠵᠧᠨᠧᠷ︾ ᠢᠶᠠᠷ ᠴᠤᠯᠠᠯᠠᠨ ᠱᠠᠩᠨᠠᠵᠤ᠂ ᠭᠡᠤᠭᠡᠳ ᠢᠶᠠᠨ | ᠭᠦᠮᠦᠵᠢᠭᠦᠯᠭᠦ ᠲᠠᠯ᠎ᠠ ᠪᠠᠷ ᠭᠡᠪ ᠳᠠᠭᠤᠷᠢᠶᠠᠯ ᠦᠵᠡᠭᠦᠯᠦᠭᠰᠡᠨ ᠵᠢᠷᠭᠤᠭᠠᠨ ᠨᠠᠷᠠ ᠡᠭᠡᠴᠦᠦᠯ ᠢ ︽ᠠᠴᠢᠳᠠᠢ ᠡᠵᠢ︾ | ᠪᠠᠷ ᠴᠤᠯᠠᠯᠠᠨ ᠱᠠᠩᠨᠠᠵᠤ᠂ ᠰᠤᠷᠤᠯᠭ᠎ᠠ ᠳᠠᠭᠠᠨ ᠤᠷᠤᠶᠢᠯᠠᠭᠰᠠᠨ 101 ᠨᠠᠷᠠ ᠰᠤᠷᠤᠭᠴᠢ ᠶᠢ ᠭᠦᠭᠢᠭᠦᠯᠦᠨ | ᠵᠤᠷᠢᠭᠵᠢᠭᠤᠯᠤᠨ ᠱᠠᠩᠨᠠᠪᠠ᠃ ᠦᠯᠵᠠᠶᠢᠲᠦ ᠭᠤᠸᠠᠢ ᠶᠢᠨ ᠨᠠᠰᠤᠨ ᠲᠤᠷᠰᠢ ᠨᠠᠮ ᠠᠷᠠᠳ ᠲᠦᠮᠡᠨ ᠤ ᠢᠶᠠᠨ ᠲᠦᠯᠦᠭᠡ | ᠦᠨᠡᠨᠴᠢ ᠰᠢᠳᠤᠷᠭᠤ ᠵᠢᠳᠭᠦᠵᠦ ᠶᠠᠪᠤᠳᠠᠭ ᠡᠷᠭᠢᠮ ᠲᠡᠭᠡᠲᠦ ᠵᠠᠩ ᠴᠢᠨᠠᠷ ᠨᠢ ᠦᠨᠡᠭᠡᠷ ᠪᠢᠰᠢᠷᠡᠭᠦᠰᠢᠲᠡᠢ ᠪᠢᠯᠡ᠃ | ᠲᠡᠷᠡ ᠠᠬᠠᠮᠠᠳ ᠨᠠᠮ ᠤᠨ ᠭᠡᠰᠢᠭᠦᠨ ᠤᠳᠤᠷᠢᠳᠬᠤ ᠺᠠᠳᠠᠷ ᠤᠨ ᠦᠪᠡᠷ ᠤᠨ ᠪᠡᠶ᠎ᠡ ᠪᠠᠷ ᠢᠶᠠᠨ ᠭᠡᠪ ᠳᠠᠭᠤᠷᠢᠶᠠᠯ | ᠪᠤᠯᠵᠤ ᠰᠤᠷᠭᠠᠨ ᠭᠦᠮᠦᠵᠢᠯ ᠢ ᠭᠦᠨᠲᠦᠳᠭᠡᠨ᠂ ᠪᠠᠭᠰᠢ ᠶᠢ ᠭᠦᠨᠲᠦᠳᠭᠡᠨ᠂ ᠠᠪᠤ ᠡᠵᠢ ᠪᠤᠯᠤᠭᠰᠠᠳ ᠢ ᠦᠷ᠎ᠡ | ᠭᠡᠤᠭᠡᠳ ᠢᠶᠠᠨ ᠰᠠᠶᠢᠨ ᠢᠶᠠᠷ ᠭᠦᠮᠦᠵᠢᠭᠦᠯᠭᠦ ᠶᠢ ᠱᠠᠭᠠᠷᠳᠠᠨ᠂ ᠭᠡᠤᠭᠡᠳ ᠪᠠᠭᠠᠴᠤᠳ ᠤᠨ ᠭᠢᠴᠢᠶᠡᠯ ᠰᠤᠷᠤᠯᠭ᠎ᠠ | ᠳᠠᠭᠠᠨ ᠰᠢᠮᠳᠠᠬᠤ ᠶᠢ ᠵᠤᠷᠢᠭᠵᠢᠭᠤᠯᠤᠭᠰᠠᠨ ᠦᠢᠯᠡ ᠠᠵᠢᠯᠯᠠᠭ᠎ᠠ ᠨᠢ ᠭᠦᠮᠦᠨ ᠪᠦᠭᠦᠨ ᠤ ᠰᠡᠳᠭᠢᠯ ᠢ ᠭᠦᠲᠡᠯᠭᠡᠨ᠂ | ᠨᠡᠶᠢᠭᠡᠮ ᠨᠡᠶᠢᠲᠡ ᠪᠠᠷ ᠰᠤᠷᠤᠯᠴᠠᠭᠤᠰᠢᠳᠠᠢ ᠳᠠᠭᠤᠷᠢᠶᠠᠯ ᠪᠤᠯᠤᠭᠰᠠᠨ ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |