ᠡᠷᠲᠡᠨᠢᠴᠢᠮᠡᠭ | | ︽ᠲᠠᠨ ᠳᠤ ᠲᠠᠯᠠᠷᠬᠠᠯ᠎ᠠ ᠰᠢᠤ᠂ ᠬᠠᠮᠢᠭ᠎ᠠ ᠬᠤᠯᠠ ᠮᠢᠩᠭᠠᠨ ᠤ ᠭᠠᠵᠠᠷ ᠠᠴᠠ ᠨᠠᠳᠠ ᠳᠤ ᠡᠨᠡ ᠰᠠᠶᠢᠬᠠᠨ | ᠤᠢᠢᠯᠡᠴᠢᠯᠡᠭᠡ ᠬᠠᠨᠭ᠍ᠭᠠᠬᠰᠠᠨ ᠳᠤ ᠮᠠᠰᠢ ᠪᠠᠶᠠᠷᠯᠠᠯ᠎ᠠ᠂ ᠰᠠᠶ᠋ᠢ ᠪᠠᠷᠠᠭ᠎ᠠ ᠪᠠᠨ ᠠᠪᠬᠤ ᠪᠠᠷ ᠢᠷ᠎ᠠ ᠭᠡᠵᠤ ᠤᠳᠠᠰᠤ ᠢᠷᠡᠯ᠎ᠠ | ᠂ ᠠᠰᠠᠭᠤᠬᠰᠠᠨ ᠢᠶᠠᠷ ᠪᠠᠷᠠᠭ᠎ᠠ ᠵᠠᠮ ᠵᠠᠭᠤᠷ᠎ᠠ ᠪᠠᠨ ᠪᠦᠷᠢᠨ ᠪᠦᠳᠦᠨ ᠢᠷᠡᠭᠰᠡᠨ ᠭᠡᠵᠤ ᠪᠠᠶᠢᠨ᠎ᠠ᠂ ᠬᠤᠶᠢᠰᠢᠳᠡ ᠲᠠᠨ ᠢ | ᠴᠢᠯᠠᠭᠠᠬᠤ ᠤᠴᠢᠷ ᠵᠦᠡᠭᠳᠡᠭᠡᠨ ᠪᠠᠶᠢᠬ᠎ᠠ︾᠃ ᠡᠨᠡ ᠪᠤᠯ ᠠᠯᠠᠱᠠ ᠪᠠᠷᠠᠭᠤᠨ ᠬᠤᠰᠢᠭᠤᠨ ᠤ ᠠᠯᠳᠠᠨᠴᠤᠭ ᠰᠤᠮᠤᠨ | ᠠᠴᠠ ᠪᠠᠶᠠᠨᠬᠤᠳᠠ ᠳᠤ ᠪᠠᠶᠢᠭ᠎ᠠ ᠡᠷᠲᠡᠨᠢᠳᠠᠯᠠᠢ ᠳᠤ ᠢᠷᠡᠭᠦᠯᠦᠭᠰᠡᠨ ᠲᠠᠯᠠᠷᠬᠠᠯ ᠤᠨ ᠤᠳᠠᠰᠤ ᠪᠢᠯᠡ᠃ ᠤᠤᠯ ᠨᠢ 4 | ᠰᠠᠷ᠎ᠠ ᠶᠢᠨ ᠰᠡᠭᠦᠯᠴᠢ ᠶᠢᠨ ᠨᠢᠭᠡᠨ ᠡᠳᠦᠷ ᠠᠯᠠᠱᠠ ᠪᠠᠷᠠᠭᠤᠨ ᠬᠤᠰᠢᠭᠤᠨ ᠤ ᠭᠡᠰᠡᠭ ᠭᠠᠵᠠᠷ ᠤᠷᠤᠨ ᠢᠶᠠᠷ ᠰᠠᠯᠬᠢ | ᠪᠤᠰᠴᠤ᠂ ᠠᠯᠳᠠᠨᠴᠤᠭ ᠰᠤᠮᠤᠨ ᠤ ᠨᠠᠷᠠᠨᠪᠤᠯᠠᠭ ᠭᠠᠴᠠᠭᠠᠨ ᠤ ᠮᠠᠯᠴᠢᠨ ᠪᠤᠤ ᠱᠢ ᠶᠢᠨ ᠬᠢᠨ ᠤ ᠰᠠᠯᠬᠢᠨ ᠬᠦᠷᠳᠦ ᠶᠢᠨ | ᠰᠠᠩᠰᠠ ᠨᠢ ᠬᠤᠭᠤᠷᠠᠭᠰᠠᠨ ᠪᠠᠶᠢᠪᠠ᠃ ︽ᠵᠠ᠂ ᠠᠯᠠᠱᠠ ᠪᠠᠷᠠᠭᠤᠨ ᠬᠤᠰᠢᠭᠤᠨ ᠳᠤ ᠡᠨᠡ ᠰᠠᠩᠰᠠ ᠪᠠᠶᠢᠬᠤ ᠦᠬᠡᠢ | ᠶᠤᠮ ᠪᠠᠶᠢᠨ᠎ᠠ᠂ ᠤᠳᠤ ᠴᠢ ᠮᠢᠨᠢ ᠨᠠᠳᠠ ᠠᠷᠭᠠᠯᠠᠵᠤ ᠠᠯᠠᠱᠠ ᠵᠡᠬᠦᠨ ᠬᠤᠰᠢᠭᠤᠨ ᠠᠴᠠ ᠠᠪᠴᠤ ᠶᠠᠪᠤᠭᠤᠯᠵᠤ | ᠦᠭᠬᠦᠨ᠎ᠠ ᠤᠤ︖︾ ᠭᠡᠵᠦ ᠤᠷᠤᠯᠠᠨ ᠬᠦᠢᠴᠡᠳᠭᠡᠭᠦ ᠦᠢᠯᠡᠴᠢᠯᠡᠭᠡ ᠬᠢᠵᠦ ᠪᠠᠶᠢᠳᠠᠭ ᠡᠷᠲᠡᠨᠢᠳᠠᠯᠠᠢ ᠶᠢ ᠭᠤᠶᠤᠭᠰᠠᠨ | ᠪᠠᠶᠢᠪᠠ᠃ ᠡᠷᠲᠡᠨᠢᠳᠠᠯᠠᠢ ᠡᠨᠡᠬᠦ ᠠᠵᠢᠯ ᠢ ᠬᠠᠷᠢᠭᠤᠴᠠᠯᠭ᠎ᠠ ᠲᠠᠢ ᠰᠠᠶᠢᠬᠠᠨ ᠪᠡᠶᠡᠯᠡᠭᠦᠯᠦᠭᠰᠡᠨ ᠢᠶᠠᠷ ᠨᠦᠬᠦᠭᠡ ᠡᠳᠡᠭᠡᠳ | ᠨᠢ ᠲᠠᠯᠠᠷᠬᠠᠯ ᠲᠡᠪᠰᠢᠭᠦᠯᠵᠦ ᠪᠠᠶᠢᠭ᠎ᠠ ᠨᠢ ᠡᠨᠡ ᠪᠠᠶᠢᠵᠠᠢ᠃ | | | | | | | | | | ᠠᠯᠠᠱᠠ ᠵᠡᠬᠦᠨ ᠬᠤᠰᠢᠭᠤᠨ ᠤ ᠢᠡᠭᠭᠡᠨ ᠰᠤᠮᠤᠨ ᠤ ᠴᠠᠭᠠᠨᠵᠠᠳᠠᠭᠠᠢ ᠭᠠᠴᠠᠭᠠᠨ ᠤ ᠮᠠᠯᠴᠢᠨ ᠡᠷᠳᠡᠨᠢᠳᠠᠯᠠᠢ | 2004 ᠤᠨ ᠳᠤ ᠬᠤᠳᠠ ᠤᠷᠤᠵᠦ᠂ ᠤᠰᠤᠳᠤ᠂ ᠪᠠᠶᠠᠨᠨᠢᠷᠤᠭᠤᠨ ᠵᠡᠷᠭᠡ ᠭᠠᠵᠠᠷ ᠤᠷᠤᠨ ᠤ ᠠᠵᠤ ᠠᠬᠤᠢᠢᠯᠠᠯ | ᠲᠡᠭᠡᠷ᠎ᠠ ᠠᠵᠢᠯᠯᠠᠵᠤ ᠪᠠᠶᠢᠬᠰᠠᠨ ᠢᠶᠠᠨ 2014 ᠤᠨ ᠳᠤ ᠠᠯᠠᠱᠠ ᠮᠤᠩᠭᠤᠯ ᠦᠨᠳᠦᠰᠦᠲᠡᠨ ᠤ ᠪᠦᠷᠢᠨ ᠲᠤᠮᠳᠠᠳᠤ | ᠰᠤᠷᠭᠠᠭᠤᠯᠢ ᠶᠢᠨ ᠠᠮᠤᠷ ᠢ ᠬᠠᠮᠠᠭᠠᠯᠠᠭᠴᠢ ᠶᠢᠨ ᠠᠵᠢᠯ ᠢ ᠬᠢᠵᠤ ᠡᠬᠢᠯᠡᠭᠰᠡᠨ ᠪᠠᠶᠢᠨ᠎ᠠ᠃ ᠪᠡᠯᠴᠢᠭᠡᠷᠯᠡᠬᠦᠯᠬᠦ ᠶᠢ | ᠵᠤᠬᠰᠤᠭᠠᠨ ᠪᠠᠶᠢᠷᠢ ᠪᠡᠯᠴᠢᠭᠡᠷ ᠢ ᠰᠡᠷᠭᠦᠭᠡᠬᠦ ᠲᠦᠷᠦ ᠶᠢᠨ ᠪᠤᠳᠤᠯᠭ᠎ᠠ ᠶᠢᠨ ᠨᠦᠬᠦᠪᠦᠷᠢ ᠮᠦᠡᠭᠬᠦ ᠵᠢᠴᠢ | ᠰᠤᠷᠭᠠᠭᠤᠯᠢ ᠶᠢᠨ ᠠᠮᠤᠷ ᠢ ᠬᠠᠮᠠᠭᠠᠯᠠᠬᠴᠢ ᠶᠢᠨ ᠠᠵᠢᠯ ᠢ ᠬᠢᠵᠤ ᠠᠮᠢᠳᠤᠷᠠᠯ ᠨᠢ ᠬᠠᠨᠭ᠍ᠭᠠᠮᠵᠢᠲᠠᠢ ᠪᠤᠯᠪᠠᠴᠤ | ᠶᠡᠷᠦ ᠠᠴᠠ ᠪᠠᠨ ᠤᠷᠤᠯᠳᠤᠯᠭ᠎ᠠ ᠲᠠᠢ ᠲᠡᠷᠡ ᠨᠡᠶᠢᠬᠡᠮ ᠲᠡᠭᠡᠷ᠎ᠠ᠂ ᠠᠵᠢᠯ ᠠᠮᠢᠳᠤᠷᠠᠯ ᠤᠨ ᠶᠠᠭᠠᠷᠠᠤ ᠠᠴᠠ ᠵᠠᠷᠢᠮ | ᠤᠴᠢᠷ ᠶᠠᠪᠤᠳᠠᠯ ᠢᠶᠠᠨ ᠪᠡᠶᠡᠯᠡᠬᠦᠯᠵᠤ ᠠᠮᠵᠢᠬᠤ ᠦᠬᠡᠢ ᠪᠤᠶᠤ ᠪᠡᠶᠡᠯᠡᠬᠦᠯᠬᠦ ᠳᠤ ᠬᠦᠴᠢᠷ ᠪᠠᠶᠢᠭ᠎ᠠ ᠪᠠᠶᠢᠳᠠᠯ ᠢ ᠠᠵᠢᠵᠦ | ᠵᠠᠬ᠎ᠠ ᠲᠡᠯᠭᠡᠭᠦᠷ ᠤᠨ ᠤᠷᠤᠨ ᠵᠠᠢ ᠲᠠᠢ ᠪᠠᠶᠢᠬᠤ ᠶᠢ ᠤᠯᠵᠦ ᠮᠡᠳᠡᠭᠡᠳ᠂ ᠤᠷᠤᠯᠠᠨ ᠬᠦᠢᠴᠡᠳᠬᠡᠬᠦ ᠤᠢᠢᠯᠡᠴᠢᠯᠡᠭᠡ | ᠬᠢᠪᠠᠯ ᠪᠤᠯᠤᠮᠠᠷ ᠰᠢᠭ᠋ ᠰᠠᠨᠠᠭᠳᠠᠵᠤ᠂ ᠡᠨᠡ ᠵᠢᠯ ᠤᠨ ᠴᠠᠭᠠᠨ ᠰᠠᠷ᠎ᠠ ᠶᠢᠨ ᠲᠠᠷᠠᠭ᠎ᠠ ᠪᠠᠷ ᠡᠨᠡᠬᠦ ᠤᠢᠢᠯᠡᠴᠢᠯᠡᠭᠡᠨ ᠤ | ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃ ︽ᠲᠠᠮᠵᠢᠯᠬᠡ ᠱᠠᠭᠠᠷᠳᠠᠭᠳᠠᠬᠤ ᠬᠦᠮᠦᠰ ᠲᠤ ᠲᠤᠰᠠ ᠪᠤᠯᠤᠶ᠎ᠠ ᠭᠡᠮᠡᠨ ᠡᠨᠡᠬᠦ | ᠤᠢᠢᠯᠡᠴᠢᠯᠡᠭᠡ ᠶᠢ ᠬᠢᠬᠦ ᠪᠠᠷ ᠵᠤᠷᠢᠭ ᠰᠢᠭᠤᠳᠤᠭᠰᠠᠨ︾ ᠭᠡᠵᠤ ᠡᠷᠳᠡᠨᠢᠳᠠᠯᠠᠢ ᠶᠠᠷᠢᠨ᠎ᠠ᠃ ᠲᠡᠭᠦᠨ ᠤ | ᠤᠢᠢᠯᠡᠴᠢᠯᠡᠭᠡ ᠶᠢᠨ ᠬᠦᠷᠢᠶ᠎ᠠ ᠬᠡᠪᠴᠢᠶᠠᠨ ᠳᠤ ᠬᠦᠳᠡᠭᠡ ᠶᠢᠨ ᠮᠠᠯᠴᠢᠳ ᠮᠠᠯ ᠤᠨ ᠡᠮ᠂ ᠮᠤᠲ᠋ᠤᠷ ᠤᠨᠤᠭᠠᠨ ᠤ | ᠰᠡᠯᠪᠢᠭ ᠲᠤᠨᠤᠭ ᠵᠡᠷᠭᠡ ᠵᠦᠢᠯᠡᠰ ᠢ ᠪᠠᠴᠢᠮ ᠱᠠᠭᠠᠷᠳᠠᠭᠳᠠᠬᠤ ᠦᠶᠡᠰ ᠠᠪᠴᠤ ᠶᠠᠪᠤᠭᠤᠯᠵᠦ ᠥᠭᠭᠦ ᠠᠴᠠ ᠭᠠᠳᠠᠨ᠎ᠠ᠂ | ᠪᠠᠶᠠᠨᠬᠤᠳᠠ ᠤᠷᠤᠨ ᠤ ᠬᠡᠪᠴᠢᠶᠠᠨ ᠳᠤ ᠬᠤᠷᠰᠢᠶ᠎ᠠ᠂ ᠵᠠᠬ᠎ᠠ ᠲᠡᠯᠭᠡᠬᠦᠷ ᠪᠤᠶᠤ ᠰᠠᠭᠤᠭᠠᠯᠢ ᠠᠷᠠᠳ ᠤᠨ | ᠬᠤᠷᠢᠶᠠᠯᠠᠯ ᠠᠴᠠ ᠵᠤᠷᠢᠬᠰᠠᠨ ᠭᠠᠵᠠᠷ ᠲᠤᠨᠢ ᠬᠦᠷᠭᠡᠬᠦ᠂ ᠠᠶᠢᠯ ᠳᠤ ᠨᠤᠭᠤᠭ᠎ᠠ ᠴᠠᠭ᠎ᠠ᠂ ᠠᠮᠢᠳᠤᠷᠠᠯ ᠤᠨ ᠬᠡᠷᠡᠭᠴᠡᠭᠡ | ᠪᠦᠬᠦᠢ ᠵᠦᠢᠯ ᠢ ᠬᠦᠷᠭᠡᠵᠤ ᠦᠭᠬᠦ ᠪᠤᠶᠤ ᠲᠤᠰᠴᠤ ᠠᠪᠬᠤ᠂ ᠪᠠᠶᠢᠭᠤᠯᠭ᠎ᠠ ᠪᠠ ᠬᠤᠪᠢ ᠬᠦᠮᠦᠨ ᠤ ᠬᠤᠭᠤᠷᠤᠨᠳᠤ | ᠠᠰᠠᠭᠤᠵᠤ ᠰᠤᠷᠠᠬᠯᠠᠬᠤ᠂ ᠤᠷᠤᠯᠠᠨ ᠬᠦᠢᠴᠡᠳᠬᠡᠵᠤ ᠪᠤᠯᠬᠤ ᠠᠵᠢᠯ ᠢ ᠪᠦᠳᠦᠭᠡᠵᠤ ᠦᠭᠬᠦ ᠮᠡᠳᠦ ᠶᠢᠨ | ᠶᠡᠷᠦᠩᠬᠡᠶᠢᠯᠡᠭᠰᠡᠨ ᠤᠢᠢᠯᠡᠴᠢᠯᠡᠭᠡ ᠬᠠᠨᠭ᠍ᠭᠠᠳᠠᠭ ᠪᠠᠶᠢᠨ᠎ᠠ᠃ ︽ᠮᠢᠨᠦ ᠠᠮᠤᠷ ᠢ ᠬᠠᠮᠠᠭᠠᠯᠠᠬᠴᠢ ᠶᠢᠨ ᠠᠵᠢᠯ 24 ᠴᠠᠭ | ᠠᠵᠢᠯᠯᠠᠪᠠᠯ 48 ᠴᠠᠭ ᠠᠮᠠᠷᠠᠳᠠᠭ᠂ ᠡᠨᠡ ᠴᠢᠯᠦᠭᠡ ᠳᠡᠭᠡᠨ ᠵᠤᠬᠢᠴᠠᠭᠤᠯᠵᠤ ᠪᠠᠶᠢᠭᠠᠳ ᠡᠨᠡᠬᠦ ᠤᠢᠢᠯᠡᠴᠢᠯᠡᠭᠡ ᠪᠠᠨ | ᠬᠢᠬᠦ ᠪᠠᠷ ᠪᠤᠯᠤᠬᠰᠠᠨ᠂ ᠭᠡᠷ ᠤᠨ ᠬᠦᠮᠦᠰ ᠴᠤ ᠨᠠᠮᠠᠢᠢ ᠮᠠᠰᠢ ᠵᠤᠷᠢᠬᠵᠢᠭᠤᠯᠳᠠᠭ᠂ ᠬᠦᠯᠦᠰᠦ ᠬᠤᠷᠢᠶᠠᠬᠤ ᠲᠠᠯ᠎ᠠ ᠪᠠᠷ | ᠪᠢ ᠤᠴᠢᠷ ᠶᠠᠪᠤᠳᠠᠯ ᠤᠨ ᠲᠦᠬᠦᠮ ᠬᠦᠴᠢᠷ᠂ ᠭᠠᠵᠠᠷ ᠵᠠᠢ ᠶᠢᠨ ᠬᠤᠯᠠ ᠤᠢᠢᠷ᠎ᠠ᠂ ᠬᠡᠷᠡᠭᠰᠡᠬᠦ ᠴᠠᠭ ᠬᠤᠭᠤᠴᠠᠭ᠎ᠠ ᠶᠢ | ᠦᠨᠳᠦᠰᠦᠯᠡᠨ 20 ᠠᠴᠠ 50 ᠲᠦᠭᠦᠷᠢᠭ ᠤᠨ ᠰᠦᠢᠳᠬᠡᠯ ᠬᠤᠷᠢᠶᠠᠳᠠᠭ᠂ ᠤᠳᠤᠬᠠᠨ ᠳᠤ ᠲᠡᠭᠰᠢᠳᠬᠡᠭᠡᠳ | ᠡᠳᠦᠷ ᠲᠤ 2 ᠠᠴᠠ 3 ᠵᠠᠬᠢᠶᠠᠯᠠᠭ᠎ᠠ ᠲᠤᠰᠳᠠᠭ︾ ᠭᠡᠵᠤ ᠲᠡᠷᠡ ᠶᠠᠷᠢᠨ᠎ᠠ᠃ ᠲᠡᠷᠡ ᠡᠳᠡᠭᠡᠷ ᠤᠢᠢᠯᠡᠴᠢᠯᠡᠭᠡ ᠶᠢᠨ | ᠲᠠᠭᠠᠤ ᠪᠠᠶᠠᠨᠬᠤᠳᠠ ᠶᠢᠨ ᠦᠨᠢᠶᠠᠨ ᠰᠥ ᠶᠢᠨ ᠲᠠᠯᠠᠪᠠᠢ ᠠᠴᠠ ᠰᠦ ᠠᠶᠢᠷᠠᠭ ᠤᠷᠤᠭᠤᠯᠵᠦ ᠪᠠᠶᠠᠠᠬᠤᠳᠠ ᠶᠢᠨ | ᠰᠠᠭᠤᠠᠭᠠᠯᠢ ᠠᠷᠠᠳ ᠲᠤ ᠵᠠᠬ᠎ᠠ ᠲᠡᠯᠭᠡᠭᠦᠷ ᠤᠨ ᠦᠨ᠎ᠡ ᠪᠠᠷ ᠪᠤᠷᠤᠯᠠᠭᠤᠯᠵᠤ᠂ ᠤᠯᠠᠨ ᠤ ᠲᠠᠭᠠᠰᠢᠶᠠᠯ ᠢ ᠬᠦᠷᠳᠡᠭᠰᠡᠨ | ᠪᠠᠶᠢᠳᠠᠭ᠃ | | | | | | | | | | | | | | | | | | | | ᠬᠡᠳᠤᠨ ᠰᠠᠷ᠎ᠠ ᠶᠢᠨ ᠬᠤᠭᠤᠴᠠᠭᠠᠨ ᠳᠤ ᠬᠢᠭᠰᠡᠨ ᠤᠷᠤᠯᠠᠨ ᠬᠦᠢᠴᠡᠳᠬᠡᠬᠦ ᠤᠢᠢᠯᠡᠴᠢᠯᠡᠭᠡᠨ ᠤ ᠠᠵᠢᠯ ᠨᠢ | ᠬᠡᠷᠡᠭᠯᠡᠭᠴᠢᠳ ᠤᠨ ᠲᠠᠭᠠᠰᠢᠶᠠᠯ ᠢ ᠤᠯᠵᠤ᠂ ᠰᠠᠷ᠎ᠠ ᠲᠦᠡᠭᠭᠡᠵᠢ ᠲᠦᠭᠦᠷᠦᠭᠰᠡᠨ ᠬᠦᠮᠦᠨ ᠳᠤ ᠬᠦᠨᠡᠰᠦ ᠲᠤᠳᠤᠷᠭ᠎ᠠ | ᠬᠦᠷᠭᠡᠬᠦ᠂ ᠢᠯᠢᠯᠭᠡ ᠵᠠᠰᠠᠯ ᠬᠢᠭᠡᠳ ᠴᠡᠭᠡᠷ ᠬᠤᠷᠢᠭ᠎ᠠ ᠲᠠᠢ ᠬᠦᠮᠦᠨ ᠳᠤ ᠠᠮᠢᠳᠤᠷᠠᠯ ᠤᠨ ᠬᠡᠷᠡᠭᠴᠡᠭᠡᠳᠦ ᠪᠤᠳᠠᠰ | ᠬᠦᠷᠭᠡᠭᠦ᠂ ᠠᠵᠢᠯ ᠤᠨ ᠶᠠᠭᠠᠷᠠᠤ ᠠᠴᠠ ᠬᠦᠳᠡᠭᠡ ᠠᠴᠠ ᠬᠦᠷᠭᠡᠵᠤ ᠢᠷᠡᠭᠰᠡᠨ ᠪᠠᠷᠠᠭ᠎ᠠ ᠶᠢ ᠤᠷᠤᠯᠠᠨ ᠲᠤᠰᠬᠤ᠂ | ᠭᠠᠳᠠᠨ᠎ᠠ ᠤᠷᠤᠨ ᠳᠤ ᠶᠠᠪᠤᠬᠰᠠᠨ ᠭᠡᠷ ᠤᠨ ᠡᠵᠡᠨ ᠤ ᠵᠠᠬᠢᠶ᠎ᠠ ᠪᠠᠷ ᠬᠡᠷ ᠤᠷᠤᠨ ᠳᠤᠨᠢ ᠬᠦᠷᠴᠦ ᠤᠰᠤ | ᠴᠠᠬᠢᠯᠭᠠᠨ ᠢᠶᠠᠨ ᠬᠦᠢᠴᠡᠳ ᠬᠠᠭᠠᠬᠰᠠᠨ ᠡᠰᠡᠬᠦ ᠶᠢ ᠦᠵᠡᠬᠦ ᠵᠡᠷᠭᠡ ᠤᠯᠠᠨ ᠶᠠᠩᠵᠤ ᠶᠢᠨ ᠤᠢᠢᠯᠡᠴᠢᠯᠡᠭᠡ ᠶᠢ ᠲᠤᠰᠴᠤ | ᠂ ᠬᠦᠮᠦᠰ ᠲᠤ ᠦᠨᠡᠭᠡᠷ ᠲᠤᠰᠠ ᠪᠤᠯᠤᠬᠰᠠᠨ ᠪᠠᠶᠢᠨ᠎ᠠ᠃ ᠲᠡᠬᠦᠨ ᠤ ᠨᠤᠳᠤᠭ ᠤᠨ ᠲᠠᠨᠢᠯ ᠤᠶᠤᠨᠪᠢᠯᠢᠭ᠌ ᠶᠠᠷᠢᠬᠤ | ᠳᠠᠭᠠᠨ ︽ᠤᠢᠢᠷ᠎ᠠ ᠶᠢᠨ ᠬᠤᠭᠤᠴᠠᠭᠠᠨ ᠳᠤ ᠪᠢ ᠦᠪᠡᠷ ᠲᠡᠭᠡᠨ ᠴᠡᠬᠡᠷ ᠲᠠᠢ ᠪᠤᠯᠬᠤᠷ ᠭᠡᠷ ᠠᠴᠠ ᠭᠠᠷᠴᠤ ᠪᠤᠯᠬᠤ | ᠦᠬᠡᠢ᠂ ᠠᠮᠢᠳᠤᠷᠠᠯ ᠤᠨ ᠬᠡᠷᠡᠭᠴᠡᠭᠡᠨ ᠤ ᠵᠦᠢᠯ᠂ ᠡᠮ ᠲᠠᠩ᠂ ᠲᠦᠷᠭᠡᠨ ᠪᠤᠭᠤᠯᠳᠠ ᠵᠡᠷᠭᠡ ᠪᠠᠨ ᠪᠦᠷ | ᠡᠷᠳᠡᠨᠢᠳᠠᠯᠠᠢ ᠪᠠᠷ ᠠᠪᠤᠭᠤᠯᠳᠠᠭ᠂ ᠶᠠᠷᠢᠶ᠎ᠠ ᠬᠡᠯᠡᠯᠴᠡᠭᠡ ᠤᠯᠬᠤ ᠳᠤ ᠠᠮᠤᠷ ᠮᠦᠷᠳᠡᠭᠡᠨ ᠤᠪᠤᠷ ᠰᠠᠶᠢᠳᠠᠢ ᠦᠨᠡᠬᠡᠷ | ᠲᠤᠰᠠ ᠪᠤᠯᠵᠤ ᠪᠠᠶᠢᠨ᠎ᠠ᠂ ᠶᠠᠳᠠᠷᠠᠵᠤ ᠵᠦᠳᠡᠷᠡᠵᠤ ᠪᠠᠶᠢᠭ᠎ᠠ ᠴᠠᠭ ᠲᠤ ᠮᠢᠨᠢ ᠲᠤᠰᠠᠯᠠᠬᠰᠠᠨ ᠳᠤ ᠲᠠᠯᠠᠷᠬᠠᠯ᠎ᠠ︾ ᠭᠡᠵᠤ | ᠪᠠᠶᠢᠯ᠎ᠠ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |