ᠬᠦᠳᠡᠭᠡ ᠶᠢᠨ ᠮᠠᠯᠴᠢᠨ ᠤ ᠬᠤᠳᠠ ᠤᠷᠤᠭᠰᠨᠨ ᠰᠢᠨᠡᠬᠡᠨ ᠠᠮᠢᠳᠤᠷᠠᠯ
ᠨᠡᠶᠢᠲᠡᠯᠡᠭᠰᠡᠨ ᠴᠠᠭ᠄
2021/7/1
ᠡᠷᠳᠡᠨᠢᠴᠢᠮᠡᠭ    ᠪᠠᠶᠠᠨᠬᠤᠳᠠ ᠪᠠᠯᠭᠠᠰᠤᠨ ᠤ ᠲᠤᠯᠠᠭᠠᠨ ᠰᠠᠭᠤᠭᠠᠯᠢ ᠠᠷᠠᠳ ᠤᠨ ᠬᠤᠷᠢᠶᠠᠯᠠᠯ ᠤᠨ ᠡᠬᠦᠳᠡᠨ ᠤ ᠡᠰᠡᠷᠬᠦ ᠲᠠᠯ᠎ᠠ ᠳᠤ ᠪᠠᠶᠢᠷᠢᠯᠠᠵᠤ ᠪᠠᠶᠢᠭ᠎ᠠ  ︽ᠨᠤᠮᠢᠨ ᠨᠤᠭᠤᠭᠠᠨ ᠲᠠᠯ᠎ᠠ ᠨᠤᠳᠤᠭ︾ ᠮᠤᠩᠭᠤᠯ ᠴᠠᠢ ᠶᠢᠨ ᠮᠤᠬᠤᠯᠠᠭ ᠦᠷᠯᠦᠭᠡᠨ ᠤ 6 ᠴᠠᠭ ᠠᠴᠠ ᠡᠬᠢᠯᠡᠨ ᠨᠢᠭᠡ ᠡᠳᠦᠷ ᠤᠨ ᠵᠤᠴᠢᠳ ᠢᠶᠠᠨ ᠤᠬᠳᠤᠳᠠᠭ ᠪᠢᠯᠠ᠃ ᠡᠵᠡᠨ ᠪᠦᠬᠡᠴᠢᠯᠠᠭᠤ ᠰᠠᠷᠠᠨ ᠬᠤᠶᠠᠭᠤᠯᠠ ᠪᠤᠯ 2020 ᠤᠨ ᠳᠤ ᠲᠤᠬᠳᠠᠭᠤᠨ ᠢᠶᠠᠷ ᠶᠠᠳᠠᠭᠤ ᠠᠴᠠ ᠠᠩᠬᠢᠵᠢᠷᠠᠬᠰᠠᠨ ᠡᠷᠦᠬᠡ ᠪᠤᠯᠤᠨ᠎ᠠ᠃
  ᠪᠦᠬᠡᠴᠢᠯᠠᠭᠤ ᠰᠠᠷᠠᠨ ᠬᠤᠶᠠᠭᠤᠯᠠ ᠪᠤᠯ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠵᠠᠬ᠎ᠠ ᠲᠤᠯᠤᠭᠠᠨ  ᠭᠠᠴᠠᠭᠠᠨ ᠤ ᠮᠠᠯᠴᠢᠨ ᠪᠤᠯᠤᠨ᠎ᠠ᠃ 2008 ᠤᠨ ᠳᠤ ᠨᠠᠮ ᠵᠠᠰᠠᠭ ᠤᠨ ᠲᠦᠷᠦ ᠶᠢᠨ ᠪᠤᠳᠤᠯᠭ᠎ᠠ ᠶᠢᠨ ᠤᠷᠢᠶᠠᠯᠠᠭ᠎ᠠ ᠲᠤᠤᠷ᠎ᠠ ᠪᠡᠯᠴᠢᠭᠡᠷᠯᠡᠬᠦ ᠶᠢ ᠵᠤᠬᠰᠤᠭᠠᠨ ᠨᠤᠳᠤᠭ ᠪᠡᠯᠴᠢᠭᠡᠷ ᠢ ᠰᠡᠷᠭᠦᠭᠡᠬᠦ ᠲᠦᠷᠦ ᠶᠢᠨ ᠪᠤᠳᠤᠯᠭ᠎ᠠ ᠳᠤ ᠢᠳᠡᠪᠬᠢᠲᠠᠢ ᠤᠷᠤᠯᠴᠠᠨ᠂ ᠲᠦᠷᠦ ᠶᠢᠨ ᠪᠤᠳᠤᠯᠭ᠎ᠠ ᠶᠢᠨ ᠨᠦᠬᠦᠪᠦᠷᠢ ᠠᠴᠠ ᠭᠠᠳᠠᠨ᠎ᠠ ᠬᠦᠯᠦᠰᠦᠨ ᠠᠵᠢᠯ ᠬᠢᠵᠤ ᠠᠮᠢᠳᠤᠷᠠᠯ ᠳᠠᠭᠠᠨ ᠲᠡᠮ ᠪᠤᠯᠭᠠᠵᠡᠢ᠃ 2001 ᠤᠨ ᠳᠤ ᠨᠡᠬᠦᠯᠭᠡᠨ ᠲᠦᠪᠬᠢᠨᠡᠬᠦᠯᠬᠦ ᠲᠦᠷᠦ ᠶᠢᠨ ᠪᠤᠳᠤᠯᠭ᠎ᠠ ᠪᠠᠷ ᠠᠯᠠᠱᠠ ᠵᠡᠬᠦᠨ ᠬᠤᠰᠢᠭᠤᠨ ᠤ ᠰᠢ ᠬᠤᠸᠠ ᠶᠤᠸᠠᠨ ᠰᠠᠭᠤᠭᠠᠯᠢ ᠠᠷᠠᠳ ᠤᠨ ᠬᠤᠷᠢᠶᠠᠯᠠᠯ ᠳᠤ 12 ᠲᠦᠮᠡᠨ ᠲᠦᠬᠦᠷᠢᠭ ᠢᠶᠠᠷ 100 ᠲᠡᠭᠰᠢ ᠲᠦᠷᠪᠡᠯᠵᠢᠨ ᠮᠧᠲᠷ ᠤᠨ ᠤᠷᠤᠨ ᠰᠠᠭᠤᠴᠠ ᠬᠤᠳᠠᠯᠳᠤᠨ ᠠᠪᠴᠤ᠂ ᠰᠢᠨᠡᠬᠡᠨ ᠠᠮᠢᠳᠤᠷᠠᠯ ᠢᠶᠠᠨ ᠡᠬᠢᠯᠡᠬᠦᠯᠬᠦ ᠪᠠᠷ ᠪᠠᠶᠠᠷᠳᠠᠶᠢᠬᠠᠨ ᠪᠠᠶᠢᠵᠡᠢ᠃ ᠬᠠᠷᠢᠨ ᠮᠦᠨ ᠲᠡᠷᠡ ᠵᠢᠯ ᠬᠡᠷᠭᠡᠢ ᠰᠠᠷᠠᠨ ᠨᠢ ᠬᠦᠬᠦᠨ ᠪᠤᠯᠴᠢᠷᠬᠠᠢ ᠶᠢᠨ ᠬᠤᠤᠷᠳᠤ ᠬᠠᠪᠤᠳᠠᠷ ᠢᠶᠠᠷ ᠤᠨᠤᠰᠢᠯᠠᠬᠳᠠᠨ ᠬᠦᠨᠳᠦ ᠲᠠᠷᠤᠭᠠᠰᠤ ᠠᠪᠴᠢᠷᠡᠵᠡᠢ᠃ ᠬᠡᠳᠦᠨ ᠵᠢᠯ ᠤᠨ ᠲᠤᠷᠰᠢ ᠨᠠᠮ ᠵᠠᠰᠠᠭ ᠤᠨ ᠬᠠᠶᠢᠷ᠎ᠠ ᠬᠠᠯᠠᠮᠵᠢ ᠬᠦᠷᠳᠡᠭᠰᠡᠨ ᠢᠶᠠᠷ 2014 ᠤᠨ ᠳᠤ ᠭᠠᠴᠠᠭᠠᠨ ᠤ ᠬᠢᠨ ᠲᠡᠳᠡᠨᠡᠶᠢᠬᠢᠨ ᠢ ᠶᠠᠳᠠᠭᠤ ᠬᠦᠴᠢᠷᠳᠠᠯᠳᠠᠢ ᠡᠷᠦᠬᠡ ᠪᠠᠷ ᠲᠠᠩᠰᠠᠯᠠᠵᠤ ᠠᠮᠢᠳᠤᠷᠠᠯ ᠢ ᠨᠢ ᠲᠡᠳᠬᠦᠪᠡ᠃ ︽ᠨᠠᠮ ᠵᠠᠰᠠᠭ ᠠᠴᠠ ᠡᠨᠡ ᠬᠡᠳᠦᠨ ᠵᠢᠯ ᠤᠨ ᠲᠤᠷᠰᠢ  ᠪᠢᠳᠡᠨ ᠤ ᠬᠦᠷᠳᠡᠵᠤ ᠪᠤᠯᠬᠤ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠪᠦᠬᠦᠨ ᠢ ᠬᠦᠷᠳᠡᠭᠡᠭᠰᠡᠨ᠂ ᠨᠠᠳᠠ ᠲᠠᠯᠠᠷᠬᠠᠯ ᠠᠴᠠ ᠤᠨᠳᠤᠤ ᠶᠠᠷᠢᠬᠤ ᠵᠦᠢᠯ ᠦᠬᠡᠢ︾ ᠭᠡᠮᠡᠨ ᠪᠦᠬᠡᠴᠢᠯᠠᠭᠤ ᠶᠠᠷᠢᠨ᠎ᠠ᠃
  ᠲᠡᠳᠡᠨᠡᠶᠢᠬᠢᠨ ᠤ ᠬᠠᠪᠰᠤᠷᠤᠨ ᠲᠡᠳᠬᠦᠬᠦ ᠭᠠᠷ ᠲᠠᠪᠳᠡᠷ ᠢ ᠡᠷᠬᠢᠭᠦᠯᠦᠨ ᠦᠵᠡᠪᠡᠯ᠂ 2014 ᠤᠨ ᠠᠴᠠ 2020 ᠪᠤᠯᠳᠠᠯᠡᠬᠢ ᠬᠠᠪᠰᠤᠷᠤᠨ ᠲᠡᠳᠬᠦᠭᠰᠡᠨ ᠠᠷᠭ᠎ᠠ ᠪᠠᠷᠢᠯ ᠨᠢ ᠨᠠᠷᠢᠨ ᠲᠤᠳᠤᠷᠬᠠᠢ ᠪᠢᠴᠢᠭᠡᠰᠦ ᠲᠠᠢ ᠪᠠᠶᠢᠯ᠎ᠠ᠃ ᠲᠤᠷᠠᠳᠪᠠᠯ ᠬᠤᠷᠰᠢᠶᠠᠵᠢᠯ ᠳᠤ ᠬᠤᠪᠢ ᠤᠷᠤᠭᠤᠯᠤᠨ ᠨᠦᠬᠦᠪᠦᠷᠢ᠂ ᠰᠢᠨ᠎ᠠ ᠬᠡᠯᠪᠡᠷᠢ ᠶᠢᠨ ᠬᠤᠷᠰᠢᠬᠰᠠᠨ ᠡᠮᠨᠡᠯᠡᠭᠡ ᠶᠢᠨ ᠲᠠᠭᠠᠳᠬᠠᠯ᠂ ᠡᠪᠦᠯ ᠤᠨ ᠤᠯᠠᠷᠢᠯ ᠤᠨ ᠲᠤᠯᠠᠭᠠᠯᠠᠭ᠎ᠠ ᠶᠢᠨ ᠨᠦᠬᠦᠪᠦᠷᠢ᠂ ᠠᠮᠢᠳᠤᠷᠠᠯ ᠤᠢᠢᠯᠡᠳᠪᠦᠷᠢᠯᠡᠯ ᠤᠨ ᠨᠦᠬᠦᠪᠦᠷᠢ ᠠᠪᠤᠭᠰᠠᠨ ᠵᠡᠷᠭᠡ ᠨᠢ ᠨᠠᠷᠢᠨ ᠲᠤᠳᠤᠷᠬᠠᠢ ᠪᠢᠴᠢᠵᠤ ᠪᠠᠶᠢᠪᠠ᠃     2016 ᠤᠨ ᠳᠤ ᠭᠠᠴᠠᠭᠠᠨ ᠲᠠᠷᠤᠭ᠎ᠠ ᠮᠦᠡᠭᠬᠡᠴᠢᠯᠡᠭᠤ ᠠᠴᠠ ᠨᠢᠭᠡ ᠰᠠᠶᠢᠨ ᠴᠢᠮᠡᠭᠡ ᠢᠷᠡᠬᠦᠯᠵᠦ ᠲᠠᠷᠢᠶᠠᠯᠠᠩ ᠤᠨ ᠪᠠᠩᠬᠢ ᠶᠢᠨ ᠠᠵᠢᠯ ᠤᠯᠭᠤᠯᠳᠠ ᠶᠢ ᠲᠡᠳᠬᠦᠬᠦ ᠬᠦᠤ ᠮᠦᠡᠭᠬᠦ ᠨᠢ ᠲᠤᠤᠷ᠎ᠠ ᠵᠢᠭᠡᠯᠡᠯᠭᠡ ᠪᠠᠶᠢᠨ᠎ᠠ ᠭᠡᠪᠡ ᠃ ᠬᠡᠳᠦᠨ ᠵᠢᠯ ᠤᠨ ᠲᠤᠷᠰᠢ ᠬᠦᠯᠦᠰᠦᠨ ᠠᠵᠢᠯ ᠬᠢᠭᠰᠡᠨ ᠪᠦᠬᠡᠴᠢᠯᠡᠭᠤ ᠬᠡᠷᠭᠡᠢ ᠲᠠᠢ ᠪᠠᠨ ᠵᠦᠪᠳᠡᠯᠴᠡᠵᠤ ᠪᠠᠶᠢᠭᠠᠳ ᠦᠪᠡᠷ ᠢᠶᠠᠨ ᠨᠢᠭᠡ ᠤᠢᠢᠯᠡᠰ ᠪᠤᠰᠬᠠᠬᠤ ᠪᠠᠷ ᠰᠢᠢᠳᠴᠤ᠂ ᠲᠤᠰ ᠵᠢᠭᠡᠯᠡᠯᠭᠡ ᠶᠢ ᠠᠪᠴᠤ 2017 ᠤᠨ ᠤ 2 ᠰᠠᠷ ᠎ᠠ ᠳᠤ ᠤᠳᠤ ᠶᠢᠨ ᠡᠵᠡᠩᠨᠡᠵᠤ ᠪᠠᠶᠢᠭ᠎ᠠ ︽ᠨᠤᠮᠢᠨ ᠨᠤᠭᠤᠭᠠᠨ ᠲᠠᠯ᠎ᠠ ᠨᠤᠳᠤᠭ︾ ᠮᠤᠩᠭᠤᠯ ᠴᠠᠢ ᠶᠢᠨ ᠮᠤᠬᠤᠯᠠᠭ ᠎ ᠢᠶᠠᠨ ᠨᠡᠭᠡᠭᠡᠵᠡᠢ᠃ ᠡᠨᠡ ᠨᠢ ᠬᠡᠳᠦ᠋ᠢᠪᠡᠷ ᠦᠨᠳᠦᠷ ᠤᠷᠤᠯᠭ᠎ᠠ ᠲᠠᠢ ᠤᠢᠢᠯᠡᠰ ᠪᠢᠰᠢ ᠪᠤᠯᠪᠠᠴᠤ ᠡᠳᠡᠨᠡᠶᠢᠬᠢᠨ ᠳᠤ ᠬᠠᠨᠭ᠍ᠭᠠᠮᠵᠢᠲᠠᠢ ᠬᠦᠢᠴᠡᠵᠤ᠂ ᠬᠦᠯᠦᠰᠦᠨ ᠠᠵᠢᠯ ᠬᠢᠭᠰᠡᠨ ᠲᠠᠢ ᠤᠷᠤᠯᠭ᠎ᠠ ᠨᠢ ᠤᠢᠢᠷᠠᠯᠴᠠᠭ᠎ᠠ ᠮᠦᠷᠳᠡᠭᠡᠨ ᠬᠠᠮᠤᠭ ᠴᠢᠬᠤᠯᠠ ᠨᠢ ᠪᠡᠶ᠎ᠠ ᠳᠤ ᠶᠠᠳᠠᠷᠠᠭ᠎ᠠ ᠪᠠᠭ᠎ᠠ ᠲᠠᠢ ᠪᠤᠯᠬᠤᠷ ᠬᠡᠷᠭᠡᠢ ᠰᠠᠷᠠᠨ ᠤ ᠪᠠᠶ᠎ᠠ ᠶᠢᠨ ᠪᠠᠶᠢᠳᠠᠯ ᠳᠤ ᠲᠤᠬᠢᠷᠠᠬᠰᠠᠨ ᠪᠠᠶᠢᠨ᠎ᠠ᠃
     ︽ᠪᠢᠳᠡ ᠦᠷᠯᠦᠭᠡ ᠶᠢᠨ 4 ᠴᠠᠭ ᠬᠠᠭᠠᠰ ᠲᠤ ᠲᠡᠯᠭᠡᠬᠦᠷ ᠲᠡᠭᠡᠨ ᠢᠷᠡᠳᠡᠭ᠂ 6 ᠴᠠᠭ ᠪᠤᠯᠬᠤ ᠳᠤ ᠰᠤᠷᠤᠬᠴᠢᠳ ᠢᠷᠡᠵᠤ ᠬᠤᠭᠤᠯᠠ ᠢᠳᠡᠳᠡᠭ᠂ ᠪᠢᠳᠡᠨ ᠤ ᠬᠢᠵᠤ ᠪᠠᠶᠢᠭ᠎ᠠ ᠬᠤᠭᠤᠯᠠ ᠨᠢ ᠭᠤᠤᠯᠳᠠᠭᠤ ᠭᠡᠷ ᠤᠨ ᠬᠤᠭᠤᠯᠠ ᠪᠤᠳᠠᠭ᠎ᠠ᠂ ᠦᠷᠯᠦᠭᠡ ᠶᠢᠨ ᠴᠠᠢ ᠠᠴᠠ ᠭᠠᠳᠠᠨ᠎ᠠ ᠨᠤᠬᠤᠬᠰᠠᠨ ᠭᠤᠯᠢᠷ ᠢᠶᠠᠷ ᠭᠡᠷ ᠤᠨ ᠠᠮᠳᠠ ᠲᠠᠢ ᠲᠦᠭᠦᠮᠬᠡᠨ ᠬᠤᠭᠤᠯᠠ ᠵᠠᠭᠤᠰᠢ ᠶᠢ ᠬᠢᠳᠡᠭ᠂ ᠮᠦᠨ ᠴᠤ ᠴᠢᠳᠠᠬᠤ ᠶᠢᠨ ᠬᠢᠷᠢ ᠪᠠᠷ ᠠᠮᠳᠠᠳᠠᠢ ᠬᠢᠬᠦ ᠪᠠᠷ ᠴᠢᠷᠮᠠᠶᠢᠳᠠᠭ︾ ᠭᠡᠵᠤ ᠪᠦᠬᠡᠴᠢᠯᠠᠭᠤ ᠰᠠᠷᠠᠨ ᠬᠤᠶᠠᠭᠤᠯᠠ ᠢᠨᠢᠶᠡᠮᠰᠦᠭᠯᠡᠨ ᠶᠠᠷᠢᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号