ᠪᠦᠭᠡ ᠱᠠᠯᠪᠢᠩ ᠤᠨ ᠣᠯᠠ ᠮᠦᠷ
ᠨᠡᠶᠢᠲᠡᠯᠡᠭᠰᠡᠨ ᠴᠠᠭ᠄
2021/9/29
ᠡᠷᠳᠡᠨᠢᠠᠠᠭᠤᠯᠠ  ᠨᠠᠷᠠᠨ᠎ᠠ  ᠡᠷᠳᠡᠨᠢᠬᠦᠦ           ᠪᠦᠭᠡ ᠱᠠᠯᠪᠢᠩ ᠤᠨ ᠣᠯᠠ ᠮᠦᠷ                  — ᠴᠢᠯᠠᠭᠤᠨ ᠤᠩᠭᠤᠴᠠ ᠪᠠ ᠦᠭᠡᠷ ᠴᠢᠯᠠᠭᠤᠵᠣᠨ ᠤ ᠳᠡᠯᠭᠡᠷ ᠴᠠᠭ ᠢᠶᠠᠷ ᠮᠠᠨᠠᠶᠢᠬᠢᠨ ᠰᠣᠷᠪᠣᠯᠵᠢᠯᠠᠭ᠎ᠠ ᠶᠢᠨ ᠠᠶᠠᠨ ᠢᠶᠠᠷ ᠣᠨᠳᠣᠷᠣᠯᠳᠣ ᠪᠠᠯᠭᠠᠰᠣᠨ ᠤ ᠵᠠᠬᠠᠳᠣᠯᠣᠭᠠᠨ ᠭᠠᠴᠠᠭᠠᠨ ᠳᠤ ᠪᠠᠶᠢᠭ᠎ᠠ ᠪᠦᠭᠡ ᠱᠠᠯᠪᠢᠩ ᠤᠨ ᠣᠯᠠ ᠮᠦᠷ ᠢ ᠮᠦᠷᠳᠡᠨ᠂  ᠴᠢᠯᠠᠭᠤᠨ ᠤᠩᠭᠤᠴᠠ ᠪᠤᠶᠤ ᠦᠭᠡᠷ ᠴᠢᠯᠠᠭᠤ ᠶᠢ ᠰᠤᠨᠢᠷᠬᠠᠭᠰᠠᠨ ᠪᠢᠯᠡ  ᠃ ᠴᠢᠯᠠᠭᠤᠨ ᠣᠩᠭᠤᠴᠠᠳᠠᠢ ᠭᠡᠮᠡᠬᠦ ᠭᠠᠵᠠᠷ ᠲᠤ ᠬᠦᠷᠴᠦ  ᠦᠶᠡᠷ  ᠎ ᠤᠨ  ᠭᠤᠤᠯ ᠳᠤ ᠪᠠᠶᠢᠷᠢᠯᠠᠬᠤ ᠬᠤᠳᠳᠤᠭ ᠤᠨ  ᠳᠡᠷᠬᠡᠳᠡ  ᠦᠯᠢᠬᠡᠷ ᠳᠤᠮᠤᠭ ᠲᠤ ᠭᠠᠷᠳᠠᠭ ᠴᠢᠯᠠᠭᠤᠨ ᠤᠩᠭᠤᠴᠠ ᠲᠠᠢ ᠳᠠᠭᠠᠷᠠᠯᠳᠤᠯ᠎ᠠ᠃  ᠵᠠᠮ ᠳᠠᠭᠠᠭᠤᠯᠵᠤ ᠬᠦᠷᠦᠭᠰᠡᠨ ᠰᠤᠮᠤᠨ ᠤ  ᠺᠠᠳ᠋ᠷ ᠪᠢᠳᠡᠨ ᠳᠤ ᠪᠦᠭᠡ ᠱᠠᠯᠪᠢᠩ ᠎ ᠤᠨ ᠣᠣᠭᠤᠵᠣ ᠣᠮᠳᠠᠯᠠᠵᠣ ᠪᠠᠶᠢᠭᠰᠠᠨ ᠬᠤᠳᠳᠤᠭ ᠨᠢ ᠪᠠᠷᠠᠭᠤᠨᠳᠠᠢ ᠭᠤᠤᠯ ᠳᠤ ᠪᠤᠢ ᠬᠡᠬᠦᠯᠡᠷ  ᠳᠡᠶᠢᠰᠢ ᠴᠢᠭᠯᠡᠪᠡ᠃  ᠬᠤᠳᠳᠤᠭ ᠤᠨ  ᠬᠠᠵᠠᠭᠤ ᠳᠤ ᠳᠤᠮᠤ ᠮᠤᠳᠤ ᠤᠷᠭᠤᠵᠤ᠂ ᠬᠤᠳᠳᠤᠭ ᠤᠨ ᠠᠮᠠᠰᠠᠷ ᠢ ᠳᠣᠰᠬᠠᠢ ᠣᠩᠭᠤᠴᠠ ᠬᠢᠳᠡᠭ ᠴᠢᠯᠠᠭᠤ ᠪᠠᠷ  ᠪᠠᠬᠢᠯᠡᠨ ᠵᠡᠷᠭᠡᠯᠡᠬᠦᠯᠵᠡᠢ᠂  ᠣᠳᠣ ᠪᠣᠯᠳᠠᠯ᠎ᠠ ᠮᠠᠯᠴᠢᠳ ᠡᠨᠡᠬᠦ ᠬᠤᠳᠳᠤᠭ ᠤᠨ ᠣᠰᠣ ᠶᠢ ᠣᠮᠳᠠᠯᠠᠨ᠂ ᠮᠠᠯ ᠳᠡᠮᠡᠭᠡ ᠪᠠᠨ ᠣᠰᠣᠯᠠᠭᠰᠠᠭᠠᠷ ᠪᠠᠶᠢᠬᠤ ᠠᠵᠢ᠃ ᠳᠠᠬᠢᠨ ᠡᠷᠬᠢᠵᠦ ᠪᠦᠭᠡ ᠱᠠᠯᠪᠢᠩ ᠤᠨ ᠳᠡᠪᠡᠷᠢᠵᠣ ᠳᠠᠯᠪᠢᠭᠰᠠᠨ ᠦᠭᠡᠷ ᠤᠨ ᠴᠢᠨᠡᠭᠡᠨ ᠴᠢᠯᠠᠭᠤ ᠪᠠᠶᠢᠬᠤ ᠭᠠᠵᠠᠷ  ᠎ ᠲᠤ ᠬᠦᠷᠪᠡ᠃  ᠭᠤᠣᠯ ᠤᠨ ᠬᠦᠪᠡᠭᠡᠨ ᠤ ᠡᠭᠴᠠ  ᠡᠷᠬᠢ ᠶᠢᠨ ᠳᠡᠭᠡᠷ᠎ᠠ ᠳᠠᠯᠪᠢᠭᠠᠰᠣᠳᠠᠢ ᠪᠠᠶᠢᠪᠠ᠃ ᠴᠢᠯᠠᠭᠤ ᠶᠢᠨ ᠬᠠᠵᠠᠭᠤ ᠳᠤ ᠪᠦᠭᠡ ᠱᠠᠯᠪᠢᠩ ᠤᠨ ᠴᠢᠯᠠᠭᠤ ᠭᠡᠮᠡᠬᠦ ᠬᠦᠰᠢᠶ᠎ᠡ ᠰᠦᠨᠳᠡᠷᠯᠡᠨ᠎ᠡ᠃
ᠪᠦᠭᠡ ᠱᠠᠯᠪᠢᠩ ᠪᠣᠯ ᠠᠯᠠᠱᠠ ᠬᠤᠱᠣᠳ ᠬᠤᠰᠢᠭᠤᠨ ᠤ ᠡᠷᠭᠡᠬᠠᠰᠢᠬ᠎ᠠ ᠶᠢᠨ ᠬᠦᠮᠣᠨ  ᠂ ᠡᠴᠢᠭᠡ ᠨᠢ ᠰᠡᠷᠮᠣᠳ ᠣᠪᠣᠭᠳᠠᠢ ᠡᠭᠡ ᠨᠢ ᠪᠠᠭᠠᠳᠣᠳ ᠣᠪᠣᠭ ᠲᠠᠢ᠃ ᠳᠡᠷᠡ18 ᠳ᠋ᠣᠭᠠᠷ ᠵᠠᠭᠤᠨ ᠤ ᠡᠬᠢᠨ ᠤ ᠦᠶ᠎ᠡ ᠠᠴᠠ18 ᠳ᠋ᠣᠭᠠᠷ ᠵᠠᠭᠤᠨ ᠤ ᠳᠣᠮᠳᠠᠴᠢ ᠦᠶ᠎ᠡ ᠪᠣᠯᠳᠠᠯ᠎ᠠ ᠠᠮᠢᠳᠣᠷᠠᠵᠣ ᠪᠠᠶᠢᠪᠠ᠃1766 ᠣᠨ ᠳᠤ ᠠᠯᠠᠱᠠ ᠶᠢᠨ ᠭᠤᠷᠪᠠᠳᠣᠭᠠᠷ ᠨᠣᠶᠠᠨ ᠯᠣᠪᠰᠠᠩᠳᠣᠷᠵᠢ ᠴᠢᠨ ᠸᠠᠩ ᠵᠡᠷᠭᠡ ᠳᠤ ᠳᠡᠪᠰᠢᠭᠰᠡᠨ‌‍ᠪᠠᠶᠠᠷ ᠲᠤ ᠵᠣᠷᠢᠭᠤᠯᠣᠨ ᠶᠡᠭᠡ ᠦᠷᠡᠰ ᠳᠠᠯᠪᠢᠭᠰᠠᠨ ᠪᠠᠶᠢᠪᠠ᠂  ᠡᠨᠡ ᠦᠷᠡᠰ ᠲᠤ ᠪᠦᠭᠡ ᠱᠠᠯᠪᠢᠩ ᠪᠦᠭᠡ ᠶᠢᠨ ᠮᠠᠩᠯᠠᠢ ︽ᠸᠠᠩ ᠤᠨ ᠳᠠᠷᠬᠠᠨ ᠪᠦᠭᠡ︾ ᠭᠡᠮᠡᠬᠦ ᠴᠣᠯᠠ ᠬᠦᠷᠳᠡᠪᠡ᠃ ᠨᠣᠳᠤᠭ ᠤᠨ ᠠᠪᠣᠷᠭᠤ ᠪᠦᠭᠡ ᠱᠠᠯᠪᠢᠩ ᠵᠠᠬᠠᠳᠣᠯᠣᠭᠠᠨ ᠪᠠᠭ ᠤᠨ ᠴᠢᠯᠠᠭᠤᠨ ᠣᠩᠭᠤᠴᠠᠳᠠᠢ ᠳᠤ ᠨᠣᠳᠣᠭᠯᠠᠨ ᠰᠠᠭᠤᠵᠣ ᠪᠠᠶᠢᠬᠤ ᠳᠠᠭᠠᠨ ᠵᠠᠬ᠎ᠠ ᠨᠣᠳᠤᠭ ᠢᠶᠠᠨ ᠬᠠᠮᠠᠭᠠᠯᠠᠵᠣ᠂ ᠬᠠᠷᠢ ᠶᠢᠨ ᠬᠦᠮᠣᠰ ᠢ ᠰᠣᠴᠢᠭᠠᠬᠤ ᠪᠠᠷ ᠦᠭᠡᠷ ᠤᠨ ᠴᠢᠨᠡᠭᠡᠨ ᠳᠣᠮᠣ ᠴᠢᠯᠠᠭᠤ ᠶᠢ ᠡᠷᠬᠦᠵᠣ ︽ᠵᠠᠭᠤᠨ  ᠬᠤᠨᠢᠨ ᠤ ᠨᠦᠮᠦᠷᠢ ᠪᠣᠯᠳᠣᠭᠠᠢ᠂ ᠮᠢᠩᠭᠠᠨ ᠣᠨ ᠤ ᠠᠯᠳᠠᠷ ᠪᠣᠯᠳᠣᠭᠠᠢ︾ ᠭᠡᠮᠡᠨ ᠡᠨᠡ ᠭᠠᠵᠠᠷ ᠲᠤ ᠳᠠᠯᠪᠢᠭᠰᠠᠨ ᠪᠠᠶᠢᠨ᠎ᠠ᠃ ᠳᠡᠷᠡ ᠴᠠᠭ ᠠᠴᠠ  ᠨᠠᠭᠠᠰᠢ ᠡᠨᠡ ᠳᠣᠮᠣ ᠴᠢᠯᠠᠭᠤ ᠨᠣᠳᠤᠭ ᠤᠨ ᠵᠠᠬ᠎ᠠ ᠶᠢ ᠰᠠᠬᠢᠨ  ᠬᠠᠮᠠᠭᠠᠯᠠᠬᠤ ᠣᠩᠭᠤᠨ ᠰᠠᠬᠢᠶ᠎ᠠ ᠪᠣᠯᠵᠣ᠂ ᠠᠳᠡ  ᠰᠦᠷᠯᠢᠬᠦᠨ ᠰᠠᠭᠠᠳᠠᠭᠰᠠᠭᠠᠷ ᠬᠤᠶᠠᠷ ᠵᠠᠭᠤ ᠭᠠᠷᠦᠢ ᠵᠢᠯ ᠤᠨ ᠳᠡᠣᠭᠡ ᠲᠠᠢ ᠪᠣᠯᠵᠡᠢ᠃ ᠬᠦᠴᠦᠨ ᠴᠢᠳᠠᠯ ᠤᠨ ᠪᠦᠷᠢᠯᠸ᠎ᠠ ᠪᠣᠯᠣᠭᠰᠠᠨ ᠡᠨᠡ ᠴᠢᠯᠠᠭᠤ ᠨᠣᠳᠤᠭ ᠤᠨ ᠠᠷᠠᠳ ᠲᠤ ᠳᠦᠰᠢᠭ ᠪᠣᠯᠵᠣ ᠳᠡᠣᠭᠡ ᠰᠣᠶᠣᠯ ᠤᠨ ᠬᠦᠰᠢᠶ᠎ᠡ ᠪᠣᠯᠣᠨ ᠮᠦᠩᠭᠡᠷᠡᠳᠦᠭᠡᠢ  ᠃
ᠪᠢᠳᠠ  ᠨᠣᠳᠤᠭ ᠤᠨ ᠪᠣᠭᠤᠷᠣᠯᠴᠣᠳ ᠠᠴᠠ ᠦᠣᠭᠡ ᠳᠡᠣᠭᠡ ᠶᠢ ᠨᠢ ᠣᠶᠢᠯᠠᠭᠠᠵᠣ ᠶᠠᠪᠣᠯ᠎ᠠ᠃
 ᠦᠯᠢᠭᠡᠷ ᠨᠢᠭᠡ᠄   ᠪᠦᠭᠡ ᠱᠠᠯᠪᠢᠩ ᠤᠨ ᠦᠬᠢᠨ ᠪᠤᠶᠤ ᠴᠢᠯᠠᠭᠤᠨ  ᠤᠩᠭᠤᠴᠠᠨ ᠤ ᠦᠯᠢᠬᠡᠷᠡᠷᠳᠡ ᠣᠷᠢᠳᠣ ᠶᠢᠨ ᠴᠠᠭ ᠲᠤ ᠠᠭᠤᠯᠠᠨ ᠡᠩᠭᠡᠷ ᠲᠤ ᠴᠢᠯᠠᠭᠤᠨ ᠳᠠᠷᠬᠠᠨ ᠪᠦᠳᠦᠬᠦᠨ ᠴᠢᠯᠠᠭᠤ ᠪᠠᠷ ᠣᠩᠭᠤᠴᠠ ᠮᠠᠯᠳᠠᠵᠣ ᠬᠦᠮᠣᠨ ᠮᠠᠯ ᠤᠨ ᠣᠣᠭᠤᠬᠤ ᠣᠰᠣ ᠭᠠᠷᠭᠠᠨ ᠬᠤᠳᠳᠤᠭ ᠮᠠᠯᠳᠠᠵᠣ ᠳᠠᠯᠪᠢᠭᠰᠠᠨ ᠢᠶᠠᠷ ︽ᠴᠢᠯᠠᠭᠤᠨ ᠣᠩᠭᠤᠴᠠᠳᠠᠢ︾ ᠭᠡᠵᠣ ᠨᠡᠷᠡᠶᠢᠳᠴᠡᠢ᠃ ᠨᠢᠭᠡᠨ ᠡᠳᠣᠷ ᠪᠦᠭᠡ ᠱᠠᠯᠪᠢᠩ ᠤᠨ ᠦᠬᠢᠨ ᠳᠠᠷᠢᠮ᠎ᠠ ᠮᠠᠯ ᠢᠶᠠᠨ ᠬᠠᠷᠢᠭᠤᠯᠵᠣ ᠶᠠᠪᠣᠭᠠᠳ ᠴᠢᠯᠠᠭᠤᠨ ᠣᠩᠭᠤᠴᠠᠳᠠᠢ ᠎ ᠶᠢᠨ ᠬᠤᠳᠳᠤᠭ ᠳᠡᠭᠡᠷ᠎ᠠ ᠮᠠᠯ ᠢᠶᠠᠨ ᠣᠰᠣᠯᠠᠬᠤ ᠪᠣᠯᠵᠡᠢ᠃ ᠳᠡᠭᠡᠬᠦ ᠳᠤ ᠬᠤᠶᠠᠷ ᠠᠳᠣᠭᠤᠴᠢᠨ ᠵᠠᠯᠠᠭᠤ ᠠᠳᠣᠭᠤ ᠎ ᠪᠠᠨ ᠣᠰᠣᠯᠠᠬᠤ ᠪᠠᠷ ᠢᠷᠡᠭᠡᠳ ᠳᠠᠷᠢᠮ᠎ᠠ ᠲᠠᠢ ᠨᠠᠭᠠᠳᠣᠮ ᠢᠨᠢᠶᠡᠳᠣᠮ ᠭᠡᠯᠡᠵᠣ ᠮᠠᠯ ᠢ ᠨᠢ ᠣᠰᠣ ᠣᠣᠭᠤᠯᠭᠠᠬᠤ ᠦᠭᠡᠢ ᠣᠷᠣᠯᠳᠣᠭᠠᠳ ᠪᠠᠶᠢᠵᠣ ᠭᠡᠨ᠎ᠡ᠃ ᠦᠬᠢᠨ ᠠᠭᠤᠷᠯᠠᠬᠤ ᠳᠠᠭᠠᠨ᠄ ︽ᠳᠠᠨᠣᠰ ᠮᠠᠷᠭᠠᠰᠢ ᠢᠷᠡᠭᠡᠳ ᠠᠳᠣᠭᠤ ᠎ ᠪᠠᠨ ᠣᠰᠣᠯᠠᠬᠤ ᠶᠢ ᠴᠢᠨᠢ ᠦᠵᠡᠶ᠎ᠡ ᠳ᠋ᠠ︕︾ ᠭᠡᠳ ᠶᠦᠭᠡ ᠳᠡᠭᠡᠭᠡ ᠲᠠᠢ ᠦᠭᠡ ᠭᠡᠯᠡᠵᠣ ᠭᠡᠨ᠎ᠡ᠃ ᠳᠡᠭᠡᠭᠡᠳ ᠬᠤᠶᠠᠷ ᠵᠠᠯᠠᠭᠤ ᠡᠷ᠎ᠠ ᠬᠤᠶᠠᠷ ᠡᠳᠣᠷ ᠤᠨ ᠳᠠᠷᠠᠭ᠎ᠠ ᠴᠢᠯᠠᠭᠤᠨ ᠣᠩᠭᠤᠴᠠᠳᠠᠢ ᠶᠢᠨ ᠬᠤᠳᠳᠤᠭ ᠳᠡᠭᠡᠷ᠎ᠠ ᠠᠳᠣᠭᠤ ᠎ ᠪᠠᠨ ᠣᠰᠣᠯᠠᠬᠤ ᠪᠠᠷ ᠢᠷᠡᠭᠰᠡᠨ ᠳᠤ ᠦᠨᠣ ᠭᠡᠣᠭᠡᠨ ᠴᠢᠯᠠᠭᠤᠨ ᠣᠩᠭᠤᠴᠠ ᠶᠢ ᠳᠣᠷᠣᠭᠰᠢ ᠨᠢ ᠬᠠᠨᠳᠣᠭᠤᠯᠵᠣ᠂ ᠬᠤᠳᠳᠤᠭ ᠤᠨ ᠠᠮᠠ ᠶᠢ ᠪᠦᠭᠯᠡᠵᠣ ᠳᠠᠯᠪᠢᠭᠠᠳ  ᠤᠳᠭᠤᠴᠠ︵ᠬᠤᠪᠣᠭᠤ︶᠎ ᠪᠠᠨ ᠠᠪᠣᠭᠠᠳ ᠶᠠᠪᠣᠭᠰᠠᠨ ᠪᠠᠶᠢᠵᠡᠢ᠃ ᠬᠤᠶᠠᠷ ᠡᠷ᠎ᠠ ᠶᠡᠭᠡᠯ᠎ᠡ ᠳᠣᠭᠤᠮᠵᠢ ᠦᠭᠡᠢ ᠴᠢᠯᠠᠭᠤᠨ ᠣᠩᠭᠤᠴᠠ ᠶᠢ ᠡᠷᠬᠦᠬᠦ ᠳᠤ ᠳᠠᠮᠨᠠᠵᠣ ᠳᠠᠶᠢᠯᠦᠭᠰᠡᠨ ᠦᠭᠡᠢ᠂ ᠬᠦᠴᠣ ᠴᠢᠳᠠᠯ ᠢᠶᠠᠨ ᠪᠠᠷᠠᠳᠠᠯ᠎ᠠ  ᠬᠦᠳᠡᠯᠭᠡᠵᠣ ᠴᠢᠳᠠᠭᠰᠠᠨ ᠦᠭᠡᠢ᠃ ᠬᠤᠶᠠᠷ ᠵᠠᠯᠠᠭᠤ ᠠᠷᠭ᠎ᠠ ᠶᠠᠳᠠᠬᠤ  ᠎ ᠳᠠᠭᠠᠨ ᠦᠨᠣ ᠭᠡᠣᠭᠡᠨ ᠢ ᠡᠷᠢᠵᠣ ᠣᠯᠣᠭᠠᠳ ᠭᠤᠶᠣᠵᠡᠢ᠄  ᠪᠢᠳᠠ ᠠᠳᠣᠭᠤ ᠪᠠᠨ ᠣᠰᠣᠯᠠᠬᠤ ᠪᠠᠷ ᠢᠷᠡᠪᠡ᠂ ᠣᠩᠭᠤᠴᠠ ᠎ ᠪᠠᠨ ᠠᠪᠴᠣ ᠬᠤᠳᠳᠤᠭ ᠤᠨ ᠠᠮᠠ ᠶᠢ ᠳᠠᠯᠪᠢᠵᠣ ᠦᠭᠬᠦ ᠪᠣᠯᠪᠠᠣ᠂ ᠳᠠᠬᠢᠵᠣ ᠱᠣᠭᠯᠠᠨ  ᠨᠠᠭᠠᠳᠬᠤ ᠦᠭᠡᠢ ᠭᠡᠵᠣ  ᠰᠠᠶᠢᠬᠠᠨ ᠵᠠᠩᠨᠠᠵᠦ ᠮᠠᠶᠢᠬᠠᠨ ᠳᠣᠯᠣᠭᠠᠶᠢᠯᠠᠵᠣ ᠰᠠᠶᠢᠨ ᠦᠭᠡ ᠪᠠᠨ ᠳᠠᠬᠢᠨ ᠳᠠᠪᠳᠠᠨ ᠭᠡᠯᠡᠵᠣ ᠭᠡᠨ᠎ᠡ᠃ ᠳᠡᠭᠡᠭᠡᠳ ᠳᠡᠷᠡ ᠦᠬᠢᠨ᠄  ᠡᠷ᠎ᠡ ᠬᠦᠮᠣᠨ ᠪᠠᠶᠢᠵᠣ ᠪᠠᠶᠢᠭᠠᠳ ᠡᠭᠡᠨᠡᠷ ᠬᠦᠮᠣᠨ ᠢ ᠬᠦᠷᠬᠦ ᠦᠭᠡᠢ᠂ ᠶᠠᠮᠠᠷ ᠡᠷ᠎ᠠ ᠭᠡᠬᠦ ᠪᠣᠢ᠂ ᠳᠠᠬᠢᠵᠣ ᠬᠤᠳᠳᠤᠭ ᠳᠡᠭᠡᠷ᠎ᠠ ᠢᠷᠡᠳᠡᠭ ᠪᠣᠯ ᠮᠢᠨᠣ ᠮᠠᠯ ᠣᠰᠣᠯᠠᠬᠤ ᠶᠢ ᠬᠠᠷᠰᠢᠯᠠᠵᠣ ᠪᠣᠯᠬᠤ ᠦᠭᠡᠢ ᠭᠡᠳ ᠴᠢᠯᠠᠭᠤᠨ ᠣᠩᠭᠤᠴᠠ ᠪᠠᠨ ᠳᠠᠪᠡᠷᠢᠭᠡᠳ ᠠᠪᠴᠣ ᠬᠤᠳᠳᠤᠭ ᠤᠨ ᠠᠮᠠ ᠶᠢ ᠭᠠᠷᠭᠠᠨ ᠦᠭᠴᠡᠢ ᠭᠡᠨ᠎ᠡ᠃
  ᠦᠯᠢᠭᠡᠷ ᠬᠤᠶᠠᠷ  ᠄ ᠪᠦᠭᠡ ᠱᠠᠯᠪᠢᠩ  ᠎ ᠤᠨ ᠳᠠᠯᠪᠢᠭᠰᠠᠨ ᠦᠬᠡᠷ ᠤᠨ  ᠴᠢᠨᠡᠬᠡᠨ ᠴᠢᠯᠠᠭᠤᠨ ᠤ  ᠦᠯᠢᠬᠡᠷ    ᠱᠠᠯᠪᠢᠩ ᠠᠷᠣ ᠬᠠᠯᠬ᠎ᠠ ᠠᠴᠠ ᠠᠯᠠᠱᠠ ᠨᠣᠳᠤᠭ ᠲᠠᠭᠠᠨ ᠬᠠᠷᠢᠵᠣ ᠢᠷᠡᠭᠰᠡᠨ ᠠᠴᠠ ᠬᠤᠶᠢᠰᠢ ᠨᠠᠶᠢᠷ ᠨᠠᠭᠠᠳᠣᠮ ᠎ ᠳᠤ ᠳᠠᠬᠢᠵᠣ ᠭᠠᠷᠣᠭᠰᠠᠨ ᠦᠭᠡᠢ᠂ ᠠᠪᠠᠭᠠᠢ ᠭᠡᠣᠭᠡᠳ ᠲᠠᠢ ᠪᠠᠨ ᠬᠠᠮᠳᠣ ᠣᠨᠳᠣᠷᠣᠯᠳᠣ ᠪᠣᠯᠠᠭ ᠭᠡᠳᠡᠭ ᠵᠠᠬ᠎ᠠ ᠬᠢᠵᠠᠭᠠᠷ ᠲᠤ ᠮᠠᠯ ᠮᠠᠯᠵᠢᠨ ᠠᠮᠣᠷ ᠳᠦᠪᠰᠢᠨ ᠰᠠᠭᠤᠵᠡᠢ᠃ ᠪᠦᠭᠡ ᠱᠠᠯᠪᠢᠩ ᠡᠮᠣᠨ᠎ᠡ ᠬᠠᠭᠠᠰ ᠨᠠᠰᠣᠨ ᠤ ᠶᠠᠪᠣᠭᠰᠠᠨ ᠰᠠᠭᠤᠭᠰᠠᠨ ᠣᠴᠢᠷ ᠶᠠᠪᠣᠳᠠᠯ ᠢᠶᠠᠨ ᠡᠷᠬᠢᠴᠡᠬᠦᠯᠣᠨ ᠪᠣᠳᠣᠵᠣ᠂ ᠬᠦᠮᠣᠨ ᠤ ᠶᠢᠷᠳᠢᠨᠴᠣ ᠶᠢᠨ ᠬᠦᠢᠳᠡᠨ ᠬᠠᠯᠠᠭᠤᠨ ᠤ ᠳᠡᠭᠰᠢ ᠪᠣᠰᠣ ᠣᠴᠢᠷ ᠤᠳ ᠲᠤ ᠭᠤᠮᠣᠳᠠᠨ᠂ ᠡᠵᠡᠨ ᠬᠠᠭᠠᠨ ᠡᠷᠭᠡᠳᠡᠨ ᠰᠦᠷᠳᠡᠨ ᠤ ᠬᠠᠪᠴᠢᠯᠭ᠎ᠠ ᠬᠤᠣᠷᠯᠠᠯ ᠳᠤ ᠬᠤᠷᠣᠰᠴᠣ᠂ ᠳᠠᠬᠢᠵᠣ ᠯᠠ ᠬᠦᠮᠣᠨ ᠤ ᠡᠮᠣᠨ᠎ᠡ ᠬᠦᠴᠣ ᠪᠠᠨ ᠵᠠᠷᠣᠵᠣ᠂ ᠪᠠᠶᠠᠳ ᠨᠣᠶᠠᠳ ᠤᠨ ᠪᠠᠬ᠎ᠠ ᠶᠢ ᠨᠢ ᠬᠠᠩᠭᠠᠬᠤ ᠶᠠᠪᠣᠳᠠᠯ ᠬᠢᠬᠦ ᠦᠬᠡᠢ ᠭᠡᠵᠣ ᠳᠡᠭᠷᠢ ᠪᠣᠷᠬᠠᠨ ᠳᠠᠭᠠᠨ ᠳᠠᠭᠠᠳᠬᠠᠯ ᠳᠠᠩᠭᠠᠷᠢᠭ ᠳᠠᠯᠪᠢᠭᠰᠠᠨ ᠪᠠᠶᠢᠵᠡᠢ᠃ ᠭᠡᠪᠡᠴᠣ ᠪᠠᠰᠠ ᠨᠢᠭᠡ ᠪᠣᠳᠣᠬᠤ ᠳᠤ᠂ ᠡᠴᠢᠭᠡ ᠡᠭᠡ ᠠᠴᠠ ᠵᠠᠶᠠᠭᠠᠭᠰᠠᠨ ᠡᠨᠡ ᠰᠠᠶᠢᠬᠠᠨ ᠪᠡᠶ᠎ᠡ ᠪᠠ ᠡᠵᠡᠨ ᠬᠠᠭᠠᠨ ᠢ ᠰᠣᠴᠢᠭᠠᠭᠰᠠᠨ ᠳᠡᠷᠡ ᠭᠠᠶᠢᠬᠠᠮᠰᠢᠭᠳᠣ ᠨᠡᠷ᠎ᠡ ᠪᠠᠨ ᠡᠯᠡᠰᠣᠨ ᠬᠤᠳᠣᠭᠤᠷ ᠲᠤ ᠠᠨᠢᠷ ᠴᠢᠮᠡᠭᠡ ᠦᠭᠡᠢ ᠪᠣᠯᠠᠭᠳᠠᠭᠤᠯᠵᠣ ᠣᠷᠬᠢᠬᠤ ᠨᠢ ᠳᠠᠩᠴᠣ ᠬᠠᠶᠢᠷᠠᠨ ᠮᠡᠳᠣ ᠰᠠᠨᠠᠭᠳᠠᠬᠤ ᠳᠣᠯᠠ᠂ ᠡᠷ᠎ᠠ ᠴᠢᠳᠠᠯ ᠤᠨ ᠢᠶᠠᠨ ᠭᠡᠷᠡᠴᠢ ᠪᠣᠯᠭᠠᠵᠣ ᠬᠤᠶᠢᠴᠢ ᠦᠶ᠎ᠡ ᠶᠢᠨ ᠬᠦᠮᠣᠰ ᠲᠤ ᠡᠶᠢᠮᠣ ᠨᠢᠭᠡ ᠬᠦᠮᠣᠨ ᠪᠠᠶᠢᠵᠡᠢ ᠭᠡᠰᠡᠨ ᠢ  ᠮᠡᠳᠡᠬᠦᠯᠳᠦᠬᠡᠢ ᠭᠡᠵᠣ ᠳᠡᠮᠳᠡᠭ ᠦᠯᠡᠳᠡᠭᠡᠶ᠎ᠡ ᠭᠡᠳ ᠨᠢᠭᠡ ᠳᠣᠯᠣᠭᠠᠢ ᠶᠢᠨ ᠣᠷᠦᠢ ᠳᠡᠭᠡᠷ᠎ᠠ ᠬᠤᠨᠢᠨ ᠴᠢᠨᠡᠭᠡᠨ ᠭᠤᠷᠪᠠᠨ ᠪᠦᠳᠦᠬᠦᠨ ᠴᠢᠯᠠᠭᠤ ᠶᠢ ᠳᠣᠯᠭ᠎ᠠ ᠪᠣᠯᠭᠠᠨ ᠵᠠᠰᠠᠨ ᠳᠠᠯᠪᠢᠵᠣ᠂ ᠪᠠᠰᠠ ᠰᠠᠶᠢᠨ ᠪᠦᠳᠦᠬᠦᠨ ᠦᠭᠡᠷ ᠤᠨ ᠬᠢᠷᠢᠳᠡᠢ ᠨᠢᠭᠡᠨ ᠳᠣᠮᠣ ᠴᠢᠯᠠᠭᠤ ᠳᠠᠪᠡᠷᠢᠵᠣ ᠠᠪᠴᠣ ᠢᠷᠡᠭᠡᠳ ᠳᠡᠭᠡᠷ᠎ᠠ ᠨᠢ ᠬᠦᠨᠳᠡᠢ ᠳᠠᠮᠨᠠᠨ ᠳᠠᠯᠪᠢᠵᠡᠢ᠃ ᠦᠭᠡᠷ ᠤᠨ ᠴᠢᠨᠡᠭᠡᠨ ᠴᠢᠯᠠᠭᠤ ᠪᠠᠶᠢᠬᠤ ᠭᠠᠵᠠᠷ ᠪᠣᠯ ᠣᠭ ᠤᠨ ᠠᠯᠠᠱᠠ ᠵᠡᠬᠦᠨ ᠬᠤᠰᠢᠭᠤᠨ ᠤ ᠵᠠᠬᠠᠳᠣᠯᠣᠭᠠᠨ ᠤ ᠪᠠᠭ ᠤᠨ ᠴᠢᠯᠠᠭᠤᠨ ᠣᠩᠭᠤᠴᠠᠳᠠᠢ ᠶᠢᠨ ᠵᠡᠬᠦᠨ ᠬᠤᠶᠢᠨ᠎ᠡ ᠪᠠᠶᠢᠭ᠎ᠠ ᠭᠤᠣᠯ ᠤᠨ ᠬᠦᠪᠡᠭᠡ ᠳᠤ ᠪᠣᠢ᠃ ᠣᠳᠣ ᠠᠯᠠᠱᠠ ᠵᠡᠬᠦᠨ ᠬᠤᠰᠢᠭᠤᠨ ᠤ ᠵᠠᠰᠠᠭ ᠤᠨ ᠣᠷᠳᠣᠨ ᠬᠢᠭᠡᠳ ᠣᠨᠳᠣᠷᠣᠯᠳᠣ ᠪᠠᠯᠭᠠᠰᠣᠨ ᠠᠴᠠ ᠱᠠᠯᠪᠢᠩ ᠢ ᠳᠣᠷᠠᠰᠬᠠᠵᠣ ᠳᠡᠷᠡᠬᠦ ᠦᠭᠡᠷ ᠤᠨ ᠴᠢᠨᠡᠭᠡᠨ ᠪᠦᠳᠦᠬᠦᠨ ᠴᠢᠯᠠᠭᠤ ᠶᠢ ᠬᠠᠮᠠᠭᠠᠯᠠᠨ ᠳᠠᠬᠢᠵᠣ ᠪᠣᠢ᠃ ᠮᠥᠨ ᠴᠦ ᠳᠣᠰ ᠪᠠᠯᠭᠠᠰᠣᠨ ᠤ ᠦᠵᠡᠮᠣᠷᠢ ᠶᠢᠨ ᠭᠠᠵᠠᠷ ᠪᠣᠯᠭᠠᠨ᠂ ᠵᠣᠭᠠᠴᠠᠯ ᠤᠨ ᠬᠦᠮᠣᠰ ᠤᠨ ᠰᠣᠨᠢᠷᠬᠠᠯ ᠢ ᠳᠠᠳᠠᠵᠣ ᠪᠠᠶᠢᠭ᠎ᠠ ᠶᠤᠮ᠃
    ᠪᠦᠭᠡ ᠱᠠᠯᠪᠢᠩ ᠦᠭᠡᠷ ᠤᠨ ᠴᠢᠨᠡᠭᠡᠨ ᠳᠣᠮᠣ ᠴᠢᠯᠠᠭᠤ ᠶᠢ ᠳᠡᠪᠡᠷᠢᠵᠣ ᠳᠠᠯᠪᠢᠭᠰᠠᠨ ᠤ ᠬᠤᠶᠢᠨ᠎ᠠ ᠪᠠᠰᠠ ᠳᠡᠬᠦᠨ ᠳᠤ ᠨᠢᠭᠡᠨ ᠳᠦᠪᠡᠭᠳᠡᠢ ᠣᠴᠢᠷ ᠳᠣᠯᠭᠠᠷᠠᠵᠢ᠃ ᠨᠢᠭᠡ ᠪᠠᠶᠠᠨ  ᠮᠠᠶᠢᠮᠠᠶᠢᠴᠢᠨ ᠬᠢᠳᠡᠳ ᠪᠦᠭᠡ ᠱᠠᠯᠪᠢᠩ ᠦᠭᠡᠷ ᠤᠨ ᠴᠢᠨᠡᠭᠡ ᠳᠣᠮᠣ ᠴᠢᠯᠠᠭᠤ ᠶᠢ ᠳᠡᠪᠡᠷᠢᠵᠣ ᠳᠠᠯᠪᠢᠭᠰᠠᠨ ᠢ ᠦᠬᠦᠪᠡᠴᠣ ᠢᠳᠡᠭᠡᠬᠦ ᠦᠭᠡᠢ ᠬᠠᠶᠢᠵᠣ ᠢᠷᠡᠵᠡᠢ᠃ ᠪᠦᠭᠡ ᠱᠠᠯᠪᠢᠩ ᠶᠢ ᠵᠢᠷᠭᠤᠭᠠᠨ ᠯᠠᠭᠤᠰᠠ ᠶᠢ  ᠳᠠᠳᠠᠭᠠᠳ ᠵᠣᠭᠰᠣᠭᠠᠵᠣ ᠴᠢᠳᠠᠪᠠᠯ ᠮᠢᠩᠭᠠᠨ ᠴᠠᠭᠠᠨ ᠵᠣᠭᠤᠰ᠂ ᠳᠡᠬᠦᠨ ᠠᠴᠠ ᠴᠠᠭᠠᠰᠢ ᠨᠡᠩ ᠠᠷᠪᠢᠨ ᠵᠣᠭᠤᠰᠣᠨ ᠤ ᠮᠦᠷᠦᠢ ᠳᠠᠯᠪᠢᠭᠰᠠᠨ ᠴᠦ ᠪᠣᠯᠣᠨ᠎ᠠ ᠭᠡᠵᠣ ᠭᠡᠯᠡᠵᠡᠢ᠃ ᠪᠦᠭᠡ ᠱᠠᠯᠪᠢᠩ  ᠄ ︽ᠴᠢᠨᠣ ᠳᠡᠷᠡ ᠪᠣᠵᠠᠷ  ᠵᠣᠭᠤᠰᠣᠨ ᠳᠤ ᠴᠢᠨᠢ ᠳᠣᠷᠠᠯᠠᠬᠤ ᠪᠠᠷ ᠬᠦᠮᠣᠨ ᠪᠢᠰᠢ ᠡ᠂ ᠬᠠᠷᠢᠨ ᠴᠢᠨᠣ ᠳᠡᠷᠡ ᠠᠮᠠ ᠶᠢ ᠯᠠ ᠬᠦᠮᠣᠨ ᠤ ᠠᠮᠠᠨ ᠤ ᠳᠣᠭᠠᠨ ᠠᠴᠠ ᠬᠠᠶᠠᠶ᠎ᠠ᠂ ᠯᠠᠭᠤᠰᠠ ᠪᠠᠨ ᠠᠪᠣᠭᠠᠳ ᠢᠷ᠎ᠠ︕︾ ᠭᠡᠵᠣ ᠣᠮᠤᠭ ᠲᠠᠢ ᠪᠠᠷ ᠮᠦᠷᠦᠢ ᠳᠠᠯᠪᠢᠬᠤ ᠪᠠᠷ ᠪᠣᠯᠵᠡᠢ᠃ ᠱᠠᠯᠪᠢᠩ ᠭᠠᠭᠴᠠᠭᠠᠷ ᠢᠶᠠᠨ ᠪᠦᠬᠡᠷᠢᠭ ᠦᠭᠰᠦᠬᠦᠯᠣᠨ ᠵᠢᠷᠭᠤᠭᠠᠨ ᠯᠠᠭᠤᠰᠠ ᠶᠢ ᠬᠤᠶᠢᠰᠢ ᠨᠢ ᠳᠠᠳᠠᠵᠣ᠂ ᠬᠤᠶᠠᠷ ᠡᠳᠡᠭᠡᠳ ᠬᠦᠴᠣ ᠳᠡᠩᠴᠡᠨ ᠳᠠᠮᠡᠴᠡᠯᠳᠣᠵᠣ ᠡᠬᠢᠯᠡᠵᠡᠢ᠃ ᠳᠡᠭᠡᠭᠰᠡᠭᠡᠷ ᠪᠠᠶᠢᠳᠠᠯ᠎ᠠ᠂ ᠱᠠᠯᠪᠢᠩ ᠤᠨ ᠰᠣᠳᠠᠰᠣ ᠨᠢ ᠬᠦᠷᠡᠶᠢᠨ ᠪᠣᠯᠴᠢᠩ ᠨᠢ ᠵᠠᠩᠭᠢᠷᠠᠵᠣ᠂  ᠭᠡᠨᠡᠳᠳᠡᠭᠡᠨ ︽ᠬᠠᠢ︕︾ ᠭᠡᠵᠣ ᠭᠠᠵᠠᠷ ᠳᠣᠷᠬᠢᠮ᠎ᠡ ᠴᠢᠩᠭ᠎ᠠ ᠳᠠᠭᠤ ᠪᠠᠷ ᠨᠢᠭᠡ ᠯᠠ ᠰᠦᠷᠡᠭᠡᠢ ᠬᠠᠰᠬᠢᠷᠣᠨ ᠣᠭᠵᠠᠷᠠᠬᠤ ᠳᠤ ᠦᠨᠣ ᠳᠡᠷᠡ ᠵᠢᠷᠭᠤᠭᠠᠨ ᠯᠠᠭᠤᠰᠠ ᠨᠢ ᠪᠣᠯᠵᠤᠭ᠎ᠠ ᠲᠠᠢ ᠶᠤᠮ ᠰᠢᠭ᠋ ᠨᠢᠭᠡ ᠵᠡᠷᠭᠡ ᠪᠠᠷ ᠬᠤᠶᠢᠰᠢ ᠪᠠᠨ ᠨᠢᠭᠡ ᠨᠢᠭᠡ ᠠᠯᠬᠤᠮ ᠣᠬᠤᠷᠢᠵᠣ ᠠᠮᠢᠰᠬᠤᠭᠠᠳᠠᠨ ᠵᠣᠭᠰᠣᠵᠠᠭᠠᠵᠣ ᠪᠠᠶᠢᠵᠡᠢ ᠭᠡᠨ᠎ᠡ᠃ ᠳᠡᠬᠦᠨ ᠠᠴᠠ ᠬᠤᠶᠢᠰᠢ ᠱᠠᠯᠪᠢᠩ ᠤᠨ ᠴᠡᠭᠡᠵᠢ ᠨᠢ ᠬᠠᠳᠬᠤᠯᠠᠨ ᠠᠮᠢᠰᠬᠤᠯ ᠨᠢ ᠳᠡᠭᠡᠷᠡᠳᠡᠵᠣ ᠳᠠᠮᠢᠷ ᠰᠦᠯᠳᠡ ᠨᠢ ᠮᠠᠭᠤᠳᠠᠭᠰᠠᠭᠠᠷ ᠪᠠᠶᠢᠭᠠᠳ ᠴᠠᠭᠠᠰᠢ ᠨᠢ ᠭᠡᠪᠳᠡᠷᠢ ᠳᠤ ᠣᠷᠣᠵᠡᠢ᠃ ᠳᠡᠷᠡ ᠠᠪᠠᠭᠠᠢ ᠳᠠᠭᠠᠨ᠄ ︽ᠪᠢ ᠵᠠᠯᠢᠳᠣ ᠬᠦᠮᠣᠨ ᠤ ᠠᠷᠭᠠᠨ ᠳᠤ ᠣᠷᠣᠵᠣ ᠭᠡᠷᠡᠭ ᠦᠭᠡᠢ ᠮᠠᠯᠵᠢᠶ᠎ᠠ ᠳᠠᠯᠪᠢᠭᠠᠳ ᠪᠠᠶ᠎ᠠ ᠪᠠᠨ ᠦᠭᠡᠢ ᠬᠢᠵᠣ ᠣᠷᠬᠢᠯ᠎ᠠ᠃ ᠬᠦᠣ ᠮᠢᠨᠢ ᠣᠳᠣ  ᠭᠤᠷᠪᠠ ᠳᠦᠷᠪᠡᠨ ᠨᠠᠰᠣ ᠲᠠᠢ ᠪᠠᠶᠢᠵᠣ ᠪᠠᠶᠢᠭᠠᠳ ᠴᠢᠯᠠᠭᠤᠨ ᠳᠡᠭᠡᠷᠮ᠎ᠠ ᠶᠢ ᠨᠢᠭᠡ ᠨᠢᠭᠡ ᠭᠠᠷ ᠲᠠᠭᠠᠨ ᠪᠠᠷᠢᠭᠠᠳ ᠬᠦᠶᠦᠵᠣ ᠪᠠᠶᠢᠨ᠎ᠠ᠃  ᠮᠢᠨᠣ ᠵᠠᠮ ᠢᠶᠠᠷ ᠶᠠᠪᠣᠭᠤᠯᠵᠣ ᠪᠣᠯᠬᠤ ᠦᠭᠡᠢ᠂ ᠡᠰᠡ ᠳᠠᠶᠢᠮᠣ ᠪᠣᠯ ᠪᠢ ᠬᠦᠣ ᠪᠠᠨ ᠠᠪᠣᠭᠠᠳ ᠶᠠᠪᠣᠨ᠎ᠠ︕︾ ᠭᠡᠵᠡᠢ᠃ ᠳᠡᠭᠡᠭᠡᠳ ᠪᠦᠭᠡ ᠱᠠᠯᠪᠢᠩ ᠬᠦᠣ ᠪᠠᠨ ᠢᠯᠡᠬᠦᠣ ᠵᠣᠪᠠᠯᠠᠩ ᠠᠮᠰᠠᠬᠤ ᠶᠢᠨ ᠣᠷᠣᠨ ᠳᠤ ᠬᠦᠮᠣᠨ ᠤ ᠶᠢᠷᠳᠢᠨᠴᠣ ᠠᠴᠠ ᠰᠠᠯᠣᠶ᠎ᠠ ᠭᠡᠳ ᠴᠤᠷ ᠤᠨ ᠭᠠᠭᠴᠠ ᠬᠦᠣ ᠪᠠᠨ ᠬᠦᠨᠣᠭᠡᠭᠰᠡᠨ ᠪᠠᠶᠢᠨ᠎ᠠ᠃ ᠪᠦᠭᠡ ᠱᠠᠯᠪᠢᠩ ᠡᠪᠡᠳᠴᠢᠨ ᠳᠤ ᠨᠡᠷᠪᠡᠭᠳᠡᠭᠡᠳ ᠣᠨᠳᠣᠷᠣᠯᠳᠣ ᠰᠣᠮᠣᠨ ᠤ ᠳᠠᠯᠠᠢ ᠴᠢᠷᠠᠭ᠎ᠠ ᠭᠡᠳᠡᠭ ᠭᠠᠵᠠᠷ 60 ᠭᠠᠷᠦᠢ ᠨᠠᠰᠣᠨ ᠰᠡᠬᠦᠳᠡᠷ ᠲᠠᠢ ᠳᠠᠭᠠᠯᠠᠯ ᠳᠡᠬᠦᠰᠦᠨ ᠨᠠᠷᠠ ᠳᠠᠰᠢᠶᠠᠯᠠᠪᠠ ᠭᠡᠨ᠎ᠠ᠃    ᠳᠤᠮᠤᠭ ᠦᠯᠢᠬᠡᠷ ᠢ ᠹᠧᠩ ᠪᠠᠳᠤᠮᠠᠩᠯᠠᠢ ᠶᠢᠨ ᠪᠢᠴᠢᠭᠰᠡᠨ       ︽ ᠠᠯᠠᠱᠠ ᠪᠦᠬᠡ ᠱᠠᠯᠪᠢᠡᠭ ᠤᠨ  ᠨᠠᠮᠳᠠᠷ ᠳᠤᠮᠤᠭ︾                          ᠎ ᠠᠴᠠ ᠨᠠᠶᠢᠷᠠᠭᠤᠯᠤᠨ ᠠᠪᠤᠪᠠᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号