ᠡᠷᠳᠡᠨᠢᠠᠠᠭᠤᠯᠠ ᠨᠠᠷᠠᠨ᠎ᠠ ᠡᠷᠳᠡᠨᠢᠬᠦᠦ | ᠬᠥᠰᠡᠯ ᠵᠢᠳᠬᠦᠯ ᠢᠶᠠᠷ ᠠᠮᠢᠳᠤᠷᠠᠯ ᠢᠶᠠᠨ ᠴᠢᠮᠡᠭᠰᠡᠨ ᠠᠬᠠᠮᠠᠳ ᠳᠠᠷᠤᠭ᠎ᠠ | ᠪᠢᠳᠠ ᠠᠯᠳ᠋ᠬᠠᠠᠭᠤᠯᠠ ᠶᠢᠨ ᠳᠤ ᠬᠦᠷᠬᠦ ᠳᠤ ᠳᠠᠷᠠ ᠠᠭᠤᠵᠢᠮ ᠰᠠᠷᠠᠭᠤᠯ ᠦᠭᠡᠷ ᠤᠨ ᠬᠠᠰᠢᠶᠠᠨ ᠳᠠᠭᠠᠨ ᠰᠢᠨᠡᠭᠡᠨ | ᠠᠪᠴᠢᠷᠠᠭᠰᠠᠨ ᠡᠪᠡᠰᠣ ᠪᠠᠷ ᠦᠭᠡᠷ ᠢᠶᠠᠨ ᠳᠡᠵᠢᠭᠡᠵᠣ ᠪᠠᠶᠢᠯ᠎ᠠ᠃ ᠳᠡᠳᠡᠨ ᠤ ᠦᠬᠡᠷ ᠳᠡᠵᠢᠬᠡᠬᠦ ᠬᠡᠳᠡᠭ ᠨᠢ | ᠬᠦᠮᠦᠷᠬᠡ ᠳᠤ ᠡᠪᠡᠰᠦ ᠪᠤᠷᠳᠤᠭ᠎ᠠ ᠶᠢ ᠵᠤᠬᠢᠬᠤ ᠬᠠᠷᠢᠴᠠᠯ ᠢᠶᠠᠷ ᠮᠠᠰᠢᠨ ᠢᠶᠠᠷ ᠨᠠᠶᠢᠷᠠᠭᠤᠯᠵᠤ ᠳᠠᠬᠢᠨ ᠵᠦᠬᠡᠬᠡᠪᠦᠷᠢ ᠶᠢᠨ | ᠮᠠᠰᠢᠨ ᠢᠶᠠᠷ ᠳᠡᠳᠡᠵᠦ ᠠᠪᠴᠢᠷᠠᠨ ᠤᠩᠭᠤᠴᠠᠨ ᠳᠤ ᠳᠡᠭᠰᠢ ᠵᠢᠮ᠎ᠠ ᠪᠠᠷ ᠬᠢᠵᠦ ᠦᠭᠳᠡᠭ ᠶᠤᠮ ᠪᠠᠶᠢᠨ᠎ᠠ᠃ ᠡ᠊ᠨᠳᠡ | ᠬᠡᠳᠦᠨ ᠵᠠᠭᠤᠨ ᠦᠬᠡᠷ᠂ ᠮᠢᠩᠭ᠎ᠠ ᠭᠠᠷᠤᠢ ᠬᠤᠨᠢ ᠢᠮᠠᠭᠠᠨ ᠳᠤ ᠡᠪᠡᠰᠦ ᠪᠤᠷᠳᠤᠭ᠎ᠠ ᠳᠡᠵᠢᠬᠡᠬᠦ᠂ ᠤᠰᠤᠯᠠᠬᠤ᠂ | ᠬᠠᠰᠢᠶ᠎ᠠ ᠬᠤᠷᠤᠭ᠎ᠠ ᠶᠢ ᠴᠡᠪᠡᠷᠯᠡᠵᠦ ᠳᠤᠳᠤᠮᠳᠠᠬᠤ ᠶᠢ ᠬᠡᠳᠦᠬᠡᠨ ᠠᠵᠢᠯᠳᠠᠨ ᠠᠮᠵᠢᠭᠤᠯᠤᠨ ᠬᠢᠵᠦ ᠪᠠᠶᠢᠳᠠᠭ ᠠᠵᠢ᠃ | ᠮᠠᠰᠢᠨᠴᠢᠯᠠᠯᠳᠠ ᠶᠢᠨ ᠰᠠᠶᠢᠨ ᠢ ᠪᠢᠰᠢᠷᠡᠬᠦ ᠦᠬᠡᠢ ᠪᠠᠶᠢᠬᠤ ᠶᠢᠨ ᠠᠷᠭ᠎ᠠ ᠦᠬᠡᠢ᠃ ᠦᠳᠡ ᠶᠢᠨ ᠨᠠᠷᠠ ᠭᠤᠣᠯ | ᠳᠡᠭᠡᠷ᠎ᠠ ᠠᠴᠠ ᠳᠣᠰᠣᠭᠠᠳ ᠢᠷᠡᠬᠦ ᠪᠠᠷ ᠨᠢ ᠪᠣᠮᠪᠠᠶᠢᠳᠠᠯᠠ ᠳᠣᠰᠣᠨ ᠳᠠᠷᠭᠤ ᠠᠪᠣᠭᠰᠠᠨ ᠦᠭᠡᠷ ᠤᠨ ᠰᠦᠷᠦᠭ | ᠭᠡᠪᠢᠬᠦ ᠨᠢ ᠭᠡᠪᠢᠵᠣ᠂ ᠭᠡᠪᠳᠡᠬᠦ ᠨᠢ ᠭᠡᠪᠳᠡᠨ᠂ ᠬᠤᠳᠠ ᠬᠤᠷᠣᠭᠠᠨ ᠤ ᠠᠮᠣᠭᠤᠯᠠᠩ ᠪᠠᠶᠢᠳᠠᠯ ᠢ ᠦᠵᠡᠬᠦᠯᠦᠠ ᠤᠬᠠᠭᠠᠨ | ᠬᠦᠳᠡᠯᠮᠦᠷᠢ ᠬᠤᠤᠰᠯᠠᠭᠤᠯᠤᠭᠰᠠᠨ ᠡᠵᠡᠨ ᠤ ᠪᠠᠨ ᠦᠭᠡᠳᠡᠷᠭᠡᠭ ᠰᠠᠶᠢᠬᠠᠨ ᠦᠩᠭᠡ ᠳᠦᠷᠬᠦ ᠶᠢ ᠬᠠᠷᠠᠭᠤᠯᠤᠨ᠎ᠠ᠃ | ᠠᠯᠳ᠋ᠬᠠᠠᠭᠤᠯᠠ ᠪᠣᠯ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠳᠠᠪᠤᠨᠬᠤᠳᠳᠤᠭ ᠭᠠᠴᠠᠭᠠᠨ ᠤ | ᠮᠠᠯᠴᠢᠨ᠂ ᠭᠠᠴᠠᠭᠠᠨ ᠳᠠᠷᠤᠭ᠎ᠠ᠂ ᠭᠠᠴᠠᠭᠠᠨ ᠱᠦᠵᠢ ᠶᠢᠨ ᠡᠬᠦᠷᠭᠡ ᠳᠤᠰᠢᠶᠠᠯ ᠢ 21 ᠵᠢᠯ ᠭᠠᠷᠳᠠᠨ ᠬᠢᠵᠣ ᠮᠠᠯᠴᠢᠨ | ᠳᠦᠮᠡᠨ ᠤ ᠬᠠᠶᠢᠷ᠎ᠠ ᠬᠦᠨᠳᠦᠳᠬᠡᠯ ᠢ ᠤᠯᠤᠭᠰᠠᠨ ᠦᠨᠳᠦᠰᠦᠨ ᠱᠠᠳᠤᠨ ᠤ ᠠᠬᠠᠮᠠᠳ ᠳᠠᠷᠤᠭ᠎ᠠ ᠶᠤᠮ᠃ | ᠤᠶᠢᠷ᠎ᠠ ᠶᠢᠨ ᠵᠢᠯ ᠳᠤ ᠳᠡᠷᠡ ᠮᠠᠰᠢᠨᠴᠢᠯᠠᠭᠰᠠᠨ ᠳᠡᠵᠢᠬᠡᠨ ᠦᠷᠡᠵᠢᠬᠦᠯᠬᠦ ᠬᠤᠷᠰᠢᠶᠠᠵᠢᠯ ᠢ ᠪᠠᠶᠢᠭᠤᠯᠵᠤ᠂ ᠮᠠᠯᠴᠢᠨ | ᠳᠠᠷᠢᠶᠠᠴᠢᠨ ᠤ ᠤᠷᠤᠯᠭ᠎ᠠ ᠶᠢ ᠰᠠᠶᠢᠵᠢᠷᠠᠭᠤᠯᠬᠤ ᠪᠠᠷ ᠪᠤᠳᠤᠯ ᠴᠢᠳᠠᠯ ᠢᠶᠠᠨ ᠰᠤᠷᠢᠨ᠂ ᠶᠠᠭᠠᠷᠠᠯᠳᠠᠢ ᠠᠵᠢᠯᠯᠠᠵᠦ ᠪᠤᠢ᠃ | | | | | | | | | | ᠬᠤᠷᠰᠢᠶᠠᠵᠢᠯ ᠨᠢ ᠵᠢᠯ ᠳᠡᠭᠡᠨ 60 ᠳᠦᠮᠡᠨ ᠳᠦᠬᠦᠷᠢᠭ ᠤᠨ ᠴᠡᠪᠡᠷ ᠣᠷᠣᠯᠭ᠎ᠠ ᠲᠠᠢ | ᠠᠯᠳ᠋ᠬᠠᠠᠭᠤᠯᠠ 2007 ᠣᠨ ᠳᠤ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠳᠠᠪᠤᠨᠬᠤᠳᠳᠤᠭ | ᠭᠠᠴᠠᠭᠠᠨ ᠤ ᠮᠠᠯᠴᠢᠨ ᠳᠠᠷᠢᠶᠠᠴᠢᠨ ᠤ ᠮᠠᠯᠵᠢᠨ ᠳᠡᠵᠢᠭᠡᠬᠦ ᠮᠠᠰᠢᠨ ᠳᠣᠨᠤᠭ ᠤᠨ ᠳᠣᠰᠬᠠᠶᠢᠵᠢᠭᠰᠠᠨ ᠬᠤᠷᠰᠢᠶᠠᠵᠢᠯ ᠢ | ᠪᠠᠶᠢᠭᠤᠯᠵᠣ᠂ 2011 ᠣᠨ ᠠᠴᠠ ᠬᠠᠮᠤᠭ ᠠᠩᠬ᠎ᠠ 80 ᠭᠠᠷᠦᠢ ᠮᠢᠬᠠᠨ ᠦᠭᠡᠷ᠂ 400 ᠬᠦᠷᠬᠦ ᠬᠠᠷ᠎ᠠ | ᠳᠣᠯᠣᠭᠠᠶᠢᠳᠣ ᠬᠤᠨᠢ ᠠᠪᠴᠢᠷᠠᠨ ᠮᠠᠯᠯᠠᠵᠤ᠂ ᠣᠳᠣ ᠪᠣᠯᠬᠤ ᠳᠤ 500 ᠭᠠᠷᠦᠢ ᠦᠭᠡᠷ ᠲᠠᠢ᠂ 1600 ᠭᠠᠷᠦᠢ | ᠬᠤᠨᠢ ᠢᠮᠠᠭ᠎ᠠ ᠲᠠᠢ᠂ 130 ᠭᠠᠷᠦᠢ ᠳᠡᠮᠡᠭᠡ ᠲᠠᠢ᠂ 20 ᠭᠠᠷᠦᠢ ᠠᠳᠣᠭᠤ ᠲᠠᠢ ᠪᠣᠯᠵᠣ᠂ ᠬᠤᠷᠰᠢᠶᠠᠵᠢᠯ ᠨᠢ | ᠭᠤᠣᠯᠳᠠᠭᠤ ᠵᠢᠯ ᠳᠡᠭᠡᠨ ᠨᠢᠩᠰᠢᠶᠠ᠂ ᠭᠠᠨᠰᠣ ᠵᠡᠷᠭᠡ ᠭᠠᠵᠠᠷ ᠣᠷᠣᠨ ᠢᠶᠠᠷ ᠳᠣᠭᠤᠯ ᠬᠤᠷᠠᠭ᠎ᠠ ᠪᠠᠨ ᠬᠤᠳᠠᠯᠳᠣᠵᠣ | ᠤᠷᠤᠯᠭ᠎ᠠ ᠣᠯᠳᠠᠭ ᠶᠤᠮ᠃ ᠰᠢᠮᠧᠨ᠋ᠲᠧᠷ ᠦᠭᠡᠷ ᠨᠢ ᠮᠢᠬ᠎ᠠ ᠰᠠᠶᠢᠨ᠂ ᠰᠦ ᠰᠠᠶᠢᠨ ᠤᠨᠴᠠᠯᠢᠭ ᠲᠠᠢ᠃ | ᠬᠤᠷᠰᠢᠶᠠᠵᠢᠯ ᠨᠢ ᠵᠢᠯ ᠪᠦᠷᠢ 300 ᠭᠠᠷᠦᠢ ᠳᠣᠭᠤᠯ ᠢ ᠬᠤᠳᠠᠯᠳᠣᠵᠣ᠂ ᠨᠢᠭᠡ ᠳᠣᠭᠤᠯ ᠤᠨ ᠦᠨ᠎ᠠ ᠨᠢ ᠨᠢᠭᠡ | ᠳᠦᠮᠡᠨ ᠳᠦᠬᠦᠷᠢᠭ ᠬᠦᠷᠳᠡᠭ᠃ ᠳᠠᠭᠠᠣ ᠳᠤ ᠨᠢ ᠪᠠᠰᠠ 1600 ᠵᠢᠩ ᠬᠦᠷᠬᠦ ᠭᠡᠳᠦᠨ ᠬᠦᠭᠰᠢᠨ ᠡᠮ᠎ᠡ ᠦᠭᠡᠷ ᠢ | ᠠᠮᠢᠳᠣ ᠪᠠᠷ ᠨᠢ ᠬᠤᠳᠠᠯᠳᠤᠵᠤ᠂ ᠰᠦᠷᠦᠭ ᠤᠨ ᠪᠦᠳᠦᠴᠠ ᠪᠠᠨ ᠰᠢᠯᠢᠳᠡᠭᠵᠢᠬᠦᠯᠳᠡᠭ ᠠᠵᠢ᠃ ᠨᠢᠭᠡ ᠡᠮ᠎ᠡ | ᠦᠭᠡᠷ ᠢᠶᠠᠨ ᠨᠢᠭᠡ ᠵᠢᠯ ᠳᠡᠵᠢᠬᠡᠬᠡᠳ ᠬᠤᠳᠠᠯᠳᠤᠪᠠᠯ 5000 ᠳᠦᠬᠦᠷᠢᠭ ᠤᠨ ᠴᠡᠪᠡᠷ ᠣᠷᠣᠯᠭ᠎ᠠ ᠣᠯᠳᠠᠭ ᠬᠡᠨ᠎ᠠ᠃ | ᠨᠢᠳᠣᠨᠣᠨ ᠠᠴᠠ ᠡᠬᠢᠯᠡᠨ ᠣᠶᠢᠷ᠎ᠠ ᠵᠠᠭᠤᠷ᠎ᠠ ᠶᠢᠨ ᠮᠠᠯᠴᠢᠳ ᠳᠣᠭᠤᠯ ᠬᠤᠳᠠᠯᠳᠣᠨ ᠠᠪᠴᠣ ᠮᠠᠯᠯᠠᠬᠤ ᠨᠢ | ᠠᠷᠪᠢᠳᠣᠭᠰᠠᠨ ᠬᠡᠨ᠎ᠠ᠃ ᠡᠶᠢᠨᠬᠦ ᠡᠳᠡᠭᠡᠷ ᠣᠷᠣᠯᠭ᠎ᠠ ᠪᠠᠷ ᠠᠯᠳ᠋ᠬᠠᠠᠭᠤᠯᠠ ᠬᠤᠷᠰᠢᠶᠠᠵᠢᠯ ᠤᠨ ᠭᠡᠰᠢᠬᠦᠳ ᠲᠠᠢ ᠪᠠᠨ | ᠬᠠᠮᠳᠣ ᠠᠰᠢᠭ ᠬᠦᠷᠳᠡᠵᠣ ᠶᠠᠪᠣᠨ᠎ᠠ᠃ | ᠬᠤᠷᠰᠢᠶᠠᠵᠢᠯ ᠢ ᠠᠩᠬ᠎ᠠ ᠪᠠᠶᠢᠭᠤᠯᠬᠤ ᠳᠤ 9 ᠡᠷᠦᠭᠡ ᠶᠢᠨ 9 ᠬᠦᠮᠣᠨ ᠲᠠᠢ ᠪᠠᠶᠢᠭᠰᠠᠨ ᠢᠶᠠᠨ ᠣᠳᠣ ᠪᠣᠯᠬᠤ ᠳᠤ | 140 ᠡᠷᠦᠭᠡ ᠶᠢᠨ 400 ᠭᠠᠷᠦᠢ ᠬᠦᠮᠣᠨ ᠲᠠᠢ ᠪᠣᠯᠵᠣ᠂ ᠡᠨᠡ ᠨᠢ ᠣᠨᠳᠣᠷᠣᠯᠳᠣ ᠪᠠᠯᠭᠠᠰᠣᠨ ᠤ ᠳᠣᠯᠣᠭᠠᠨ | ᠭᠠᠴᠠᠭᠠᠨ ᠤ ᠮᠠᠯᠴᠢᠳ ᠢᠶᠠᠷ ᠪᠦᠷᠢᠯᠳᠦᠭᠰᠡᠨ ᠪᠠᠶᠢᠳᠠᠭ᠃ ᠡᠬᠦᠨ ᠳᠤ ᠶᠠᠳᠠᠭᠤ ᠬᠦᠴᠢᠷᠳᠡᠯᠳᠡᠢ ᠡᠷᠦᠭᠡ 80 ᠭᠠᠷᠦᠢ | ᠪᠠᠶᠢᠵᠣ᠂ ᠪᠣᠰᠣᠳ ᠡᠷᠦᠭᠡ ᠨᠢ ᠳᠠᠪᠤᠨᠬᠤᠳᠳᠤᠭ ᠭᠠᠴᠠᠭᠠᠨ ᠤ ᠮᠠᠯᠴᠢᠳ ᠢᠶᠠᠷ ᠪᠦᠷᠢᠯᠳᠦᠵᠡᠢ᠃ ᠣᠯᠣᠰ ᠠᠴᠠ | ᠦᠭᠬᠦᠭᠰᠡᠨ ᠪᠦᠬᠦᠯᠢ ᠳᠣᠰᠬᠤᠨ ᠢᠶᠠᠷ ᠠᠬᠢᠭᠤᠯᠬᠤ ᠳᠦᠷᠦᠯ ᠵᠦᠢᠯ ᠪᠣᠯᠣᠨ ᠶᠠᠳᠠᠭᠤ ᠬᠦᠴᠢᠷᠳᠡᠯᠳᠡᠢ ᠡᠷᠦᠭᠡ ᠶᠢ | ᠳᠡᠳᠬᠦᠬᠦ ᠳᠦᠷᠦᠯ ᠵᠦᠢᠯ ᠤᠨ ᠪᠡᠯᠡ ᠮᠦᠩᠭᠦ ᠶᠢ ᠣᠨᠳᠣᠷᠣᠯᠳᠣ ᠪᠠᠯᠭᠠᠰᠣ ᠪᠣᠯᠣᠨ ᠭᠠᠴᠠᠭᠠᠨ ᠠᠴᠠ ᠳᠣᠰ | ᠬᠤᠷᠰᠢᠶᠠᠵᠢᠯ ᠳᠤ ᠳᠠᠯᠪᠢᠵᠣ᠂ ᠬᠤᠶᠠᠷ ᠳᠦᠷᠦᠯ ᠵᠦᠢᠯ ᠤᠨ ᠬᠤᠷᠰᠢᠶᠠᠵᠢᠯ ᠳᠤ ᠣᠷᠣᠭᠤᠯᠬᠤ ᠵᠣᠭᠤᠰᠣᠨ ᠤ ᠳᠤᠭ᠎ᠠ | ᠠᠳᠠᠯᠢ ᠦᠭᠡᠢ ᠪᠣᠯᠪᠠᠴᠣ ᠬᠤᠪᠢᠶᠠᠬᠤ ᠣᠷᠣᠯᠭ᠎ᠠ ᠨᠢ ᠠᠳᠠᠯᠢ ᠪᠠᠶᠢᠵᠣ᠂ ᠮᠠᠯᠴᠢᠳ ᠤᠨ ᠣᠷᠣᠭᠤᠯᠣᠭᠰᠠᠨ | ᠵᠣᠭᠤᠰᠣᠨ ᠤ ᠳᠤᠭ᠎ᠠ ᠪᠠᠷ ᠣᠷᠣᠯᠭ᠎ᠠ ᠶᠢ ᠨᠢ 12% ᠢᠶᠠᠷ ᠪᠣᠳᠣᠵᠣ ᠦᠭᠳᠡᠭ᠃ ᠵᠢᠱᠢᠶᠡᠯᠡᠪᠡᠯ ᠨᠢᠭᠡ ᠳᠦᠮᠡᠨ | ᠳᠦᠬᠦᠷᠢᠭ ᠢ ᠬᠤᠷᠰᠢᠶᠠᠵᠢᠯ ᠳᠤ ᠣᠷᠣᠭᠤᠯᠣᠭᠰᠠᠨ ᠪᠠᠶᠢᠪᠠᠯ ᠵᠢᠯ ᠳᠤ 1200 ᠳᠦᠬᠦᠷᠢᠭ ᠤᠨ ᠤᠷᠤᠯᠭ᠎ᠠ ᠶᠢᠨ | ᠬᠤᠪᠢᠶᠠᠷᠢᠯᠠᠯᠳᠠ ᠪᠣᠳᠣᠵᠣ ᠦᠭᠬᠦᠨ᠎ᠡ᠃ ᠬᠤᠷᠰᠢᠶᠠᠵᠢᠯ ᠳᠤ ᠪᠦᠬᠦᠯᠢ ᠳᠣᠰᠬᠤᠨ ᠢᠶᠠᠷ ᠠᠬᠢᠭᠤᠯᠬᠤ ᠳᠦᠷᠦᠯ | ᠵᠦᠢᠯ ᠤᠨ ᠮᠦᠩᠭᠦ ᠶᠢ ᠬᠦᠷᠳᠡᠵᠣ ᠪᠠᠶᠢᠭ᠎ᠠ 62 ᠡᠷᠦᠭᠡ ᠲᠠᠢ᠂ ᠶᠠᠳᠠᠭᠤ ᠬᠦᠴᠢᠷᠳᠡᠯᠳᠡᠢ ᠡᠷᠦᠭᠡ ᠶᠢ ᠳᠡᠳᠬᠦᠬᠦ | ᠳᠦᠷᠦᠯ ᠵᠦᠢᠯ ᠤᠨ ᠮᠦᠩᠭᠦ ᠶᠢ ᠬᠦᠷᠳᠡᠵᠣ ᠪᠠᠶᠢᠭ᠎ᠠ ᠨᠢ 78 ᠡᠷᠦᠭᠡ ᠪᠠᠶᠢᠳᠠᠭ᠃ ᠠᠯᠳ᠋ᠬᠠᠠᠭᠤᠯᠠ ᠳᠠᠩ ᠭᠠᠭᠴᠠ | ᠳᠠᠪᠤᠨᠬᠤᠳᠳᠤᠭ ᠭᠠᠴᠠᠭᠠᠨ ᠤ ᠮᠠᠯᠴᠢᠳ ᠢ ᠶᠠᠳᠠᠭᠤ ᠠᠴᠠ ᠠᠩᠭᠢᠵᠢᠷᠠᠭᠤᠯᠣᠭᠰᠠᠨ ᠪᠢᠰᠢ᠂ ᠤᠨᠳᠤᠷᠤᠯᠳᠤ | ᠪᠠᠯᠭᠠᠰᠤᠨ ᠤ ᠳᠣᠯᠣᠭᠠᠨ ᠭᠠᠴᠠᠭᠠᠨ ᠤ ᠶᠠᠳᠠᠭᠤ ᠡᠷᠦᠭᠡ ᠶᠢᠨ ᠶᠠᠳᠠᠭᠤ ᠠᠴᠠ ᠠᠩᠭᠢᠵᠢᠷᠠᠭᠤᠯᠬᠤ ᠳᠤ ᠬᠦᠴᠦᠨ ᠢᠶᠠᠨ | ᠡᠷᠬᠦᠭᠰᠡᠨ ᠪᠠᠶᠢᠳᠠᠭ᠃ | ᠬᠤᠷᠰᠢᠶᠠᠵᠢᠯ ᠢ ᠠᠩᠬ᠎ᠠ ᠪᠠᠶᠢᠭᠤᠯᠬᠤ ᠳᠤ ᠳᠠᠯᠠᠪᠡᠢ ᠨᠢ 46000 ᠭᠠᠷᠦᠢ ᠳᠡᠭᠰᠢ ᠳᠦᠷᠪᠡᠯᠵᠢᠨ ᠮᠧᠲᠷ | ᠪᠠᠶᠢᠭᠰᠠᠨ ᠢᠶᠠᠨ ᠣᠳᠣ ᠪᠣᠯᠬᠤ ᠳᠤ 66000 ᠳᠡᠭᠰᠢ ᠳᠦᠷᠪᠡᠯᠵᠢᠨ ᠮᠧᠲᠷ ᠪᠤᠯᠤᠠ ᠦᠷᠭᠡᠳᠴᠣ᠂ 2012 | ᠣᠨ ᠠᠴᠠ ᠨᠠᠭᠠᠰᠢ ᠦᠭᠡᠷ ᠬᠤᠨᠢ ᠪᠠᠨ ᠪᠣᠳᠣᠵᠣ ᠣᠷᠣᠭᠤᠯᠣᠯ ᠦᠭᠡᠢ ᠪᠠᠷ ᠦᠨᠳᠦᠰᠦᠨ ᠪᠦᠳᠦᠬᠡᠨ | ᠪᠠᠶᠢᠭᠤᠯᠤᠯᠳᠠ ᠶᠢᠨ ᠶᠡᠷᠦᠩᠭᠡᠢ ᠪᠡᠯᠡ ᠣᠷᠣᠭᠤᠯᠣᠯᠳᠠ ᠨᠢ 1200 ᠳᠦᠮᠡᠨ ᠳᠦᠬᠦᠷᠢᠭ ᠲᠤ ᠬᠦᠷᠴᠡᠢ᠃ | ᠬᠤᠷᠰᠢᠶᠠᠵᠢᠯ ᠤᠨ ᠳᠣᠨᠤᠭ ᠳᠦᠬᠦᠭᠡᠷᠦᠮᠵᠢ ᠶᠢ ᠪᠦᠷ ᠮᠠᠰᠢᠨᠴᠢᠯᠠᠵᠣ᠂ ᠦᠭᠡᠷ ᠬᠤᠨᠢ ᠪᠠᠨ ᠳᠡᠵᠢᠭᠡᠬᠦ ᠳᠤ ᠡᠪᠡᠰᠣ ᠪᠠᠨ | ᠮᠠᠰᠢᠨ ᠣᠷᠣᠭᠤ ᠪᠠᠨ ᠣᠷᠣᠭᠤᠯᠪᠠᠯ ᠪᠦᠬᠦ ᠠᠵᠢᠯ ᠢ ᠮᠠᠰᠢᠨᠴᠢᠯᠠᠨ ᠶᠠᠪᠣᠭᠳᠠᠭᠤᠯᠳᠠᠭ᠃ ᠳᠣᠨᠤᠭ ᠳᠦᠬᠦᠭᠡᠷᠣᠮᠵᠢ | ᠬᠠᠮᠢᠶᠠᠷᠬᠤ᠂ ᠦᠭᠡᠷ ᠳᠣᠳᠣᠮᠳᠠᠬᠤ᠂ ᠬᠤᠨᠢ ᠳᠣᠳᠣᠮᠳᠠᠬᠤ ᠳᠣᠯᠣᠭᠠᠨ ᠠᠵᠢᠯᠴᠢᠨ ᠲᠠᠢ᠃ ᠳᠡᠶᠢᠨᠬᠦ | ᠬᠤᠷᠰᠢᠶᠠᠵᠢᠯ ᠨᠢ ᠳᠦᠷᠦᠯ ᠵᠦᠢᠯ ᠤᠨ ᠮᠦᠩᠭᠦ᠂ ᠰᠠᠭᠤᠷᠢ ᠳᠦᠬᠦᠭᠡᠷᠣᠮᠵᠢ ᠶᠢᠨ ᠮᠦᠩᠬᠦ ᠠᠴᠠ ᠪᠠᠨ ᠪᠠᠩᠭᠢ ᠶᠢᠨ | ᠵᠢᠭᠡᠯᠡᠯᠭᠡ᠂ ᠵᠠᠷᠣᠳᠠᠯ᠂ ᠮᠠᠯᠴᠢᠳ ᠲᠤ ᠠᠰᠢᠭ ᠬᠤᠪᠢᠶᠠᠬᠤ᠂ ᠠᠵᠢᠯᠴᠢᠨ ᠤ ᠮᠦᠩᠬᠦ ᠵᠣᠭᠤᠰ ᠢᠶᠠᠨ ᠪᠣᠳᠣᠵᠣ | ᠣᠷᠣᠭᠤᠯᠣᠭᠠᠳ ᠬᠤᠷᠰᠢᠶᠠᠵᠢᠯ ᠤᠨ ᠵᠢᠯ ᠤᠨ ᠴᠡᠪᠡᠷ ᠣᠷᠣᠯᠭ᠎ᠠ 60 ᠳᠦᠮᠡᠨ ᠳᠦᠬᠦᠷᠢᠭ ᠬᠦᠷᠴᠣ ᠪᠠᠶᠢᠳᠠᠭ ᠠᠵᠢ᠃ | ᠠᠯᠳ᠋ᠬᠠᠠᠭᠤᠯᠠ ᠡᠳᠡᠭᠡᠷ ᠵᠢᠯ ᠤᠳ ᠲᠤ ᠬᠦᠴᠣ ᠬᠦᠳᠡᠯᠮᠣᠷᠢ ᠣᠬᠠᠭᠠᠨ ᠰᠢᠨᠳᠠᠰᠣ ᠪᠠᠨ ᠪᠦᠬᠦᠨ ᠢ | ᠬᠤᠷᠰᠢᠶᠠᠵᠢᠯ ᠳᠠᠭᠠᠨ ᠡᠷᠬᠦᠨ᠂ ᠳᠣᠰ ᠬᠤᠷᠰᠢᠶᠠᠵᠢᠯ ᠨᠢ 2017 ᠣᠨ ᠳᠤ ᠣᠯᠣᠰ ᠤᠨ ᠳᠡᠰ ᠤᠨ ᠵᠢᠱᠢᠶ᠎ᠡ | ᠦᠵᠡᠬᠦᠯᠬᠦ ᠬᠤᠷᠰᠢᠶᠠᠵᠢᠯ ᠪᠤᠯᠵᠠᠢ᠃ | | | | | | | | | | | | ᠣᠯᠠᠨ ᠳᠠᠭᠠᠨ ᠬᠦᠷᠢᠶᠡᠯᠡᠯ ᠲᠠᠢ 21 ᠵᠢᠯ ᠤᠨ ᠭᠠᠴᠠᠭᠠᠨ ᠳᠠᠷᠤᠭ᠎ᠠ | ᠠᠯᠳ᠋ᠬᠠᠠᠭᠤᠯᠠ ᠦᠨᠣ ᠵᠢᠯ 51 ᠨᠠᠰᠣᠳᠠᠢ᠂ 1997 ᠣᠨ ᠠᠴᠠ 2017 ᠣᠨ ᠪᠣᠯᠳᠠᠯ᠎ᠠ ᠳᠠᠪᠤᠨᠬᠤᠳᠳᠤᠭ | ᠭᠠᠴᠠᠭᠠᠨ ᠤ ᠭᠠᠴᠠᠭᠠᠨ ᠳᠠᠷᠤᠭ᠎ᠠ᠂ ᠱᠦᠵᠢ ᠶᠢᠨ ᠳᠣᠰᠢᠶᠠᠯ ᠢ ᠡᠬᠦᠷᠭᠡᠯᠡᠭᠰᠡᠭᠡᠷ ᠢᠷᠡᠵᠡᠢ᠃ ᠳᠡᠷᠡᠪᠡᠷ ᠠᠩᠬ᠎ᠠ | ᠭᠠᠴᠠᠭᠠᠨ ᠤ ᠠᠵᠢᠯ ᠢ ᠭᠠᠷᠳᠠᠵᠣ ᠬᠢᠬᠦ ᠳᠤ ᠭᠠᠴᠠᠭᠠᠨ ᠳᠤ 3 ᠳᠦᠮᠡᠨ ᠳᠦᠬᠦᠷᠢᠭ ᠤᠨ ᠦᠷᠢ ᠲᠠᠢ ᠪᠠᠶᠢᠭᠰᠠᠨ ᠪᠤᠯ | 21 ᠵᠢᠯ ᠤᠨ ᠳᠠᠷᠠᠭ᠎ᠠ ᠭᠠᠴᠠᠭᠠᠨ ᠳᠠᠷᠤᠭ᠎ᠠ ᠶᠢᠨ ᠳᠣᠰᠢᠶᠠᠯ ᠢᠶᠠᠨ ᠳᠣᠰᠢᠶᠠᠵᠣ ᠦᠭᠬᠦ ᠳᠤ ᠭᠠᠴᠠᠭᠠᠨ ᠤ | ᠨᠡᠶᠢᠳᠡ ᠶᠢᠨ ᠬᠤᠷᠠᠮᠳᠤᠭᠤᠯᠭ᠎ᠠ ᠨᠢ 400 ᠳᠦᠮᠡᠨ ᠳᠦᠬᠦᠷᠢᠭ ᠲᠤ ᠬᠦᠷᠴᠣ᠂ ᠮᠠᠯᠴᠢᠳ ᠤᠨ ᠬᠦᠮᠣᠨ ᠪᠦᠷᠢ ᠶᠢᠨ | ᠳᠡᠭᠰᠢᠳᠭᠡᠭᠰᠡᠨ ᠣᠷᠣᠯᠭ᠎ᠠ 13000 ᠳᠦᠬᠦᠷᠢᠭ ᠲᠤ ᠬᠦᠷᠦᠭᠰᠡᠨ ᠪᠠᠶᠢᠪᠠ᠃ ᠳᠡᠷᠡ ᠭᠠᠴᠠᠭᠠᠨ ᠤ ᠪᠠᠨ ᠮᠠᠯᠴᠢᠨ | ᠳᠦᠮᠡᠨ ᠳᠡᠭᠡᠨ ᠢᠯᠡᠬᠦᠬᠡᠠ ᠠᠰᠢᠭ ᠬᠦᠷᠳᠡᠭᠡᠮᠵᠢ ᠣᠯᠭᠤᠬᠤ ᠶᠢᠨ ᠳᠣᠰᠠᠳᠠ ᠬᠤᠰᠢᠭᠤᠨ ᠳᠤ ᠣᠯᠠᠨᠳᠠ ᠬᠦᠶᠦᠵᠣ | ᠣᠴᠢᠨ ᠳᠦᠷᠦᠯ ᠵᠦᠢᠯ ᠢ ᠭᠤᠶᠣᠴᠢᠯᠠᠨ ᠴᠢᠷᠮᠠᠶᠢᠭᠰᠠᠨ ᠢᠶᠠᠷ 200 ᠳᠦᠮᠡᠨ ᠳᠦᠬᠦᠷᠢᠭ ᠤᠨ ᠪᠦᠬᠦᠯᠢ | ᠳᠣᠰᠬᠤᠨ ᠢᠶᠠᠷ ᠠᠬᠢᠭᠤᠯᠬᠤ ᠳᠦᠷᠦᠯ ᠵᠦᠢᠯ ᠢ ᠭᠤᠶᠣᠴᠢᠯᠠᠨ ᠣᠯᠵᠣ᠂ ᠮᠠᠯᠴᠢᠳ ᠢ ᠰᠠᠭᠤᠷᠢᠰᠢᠵᠢᠭᠤᠯᠬᠤ ᠳᠦᠷᠦᠯ | ᠵᠦᠢᠯ ᠢᠶᠠᠷ᠂ ᠭᠠᠴᠠᠭᠠᠨ ᠤ ᠭᠤᠷᠪᠠᠨ ᠤ ᠨᠢᠭᠡ ᠶᠢᠨ ᠮᠠᠯᠴᠢᠳ ᠤᠨ ᠰᠠᠭᠤᠷᠢᠰᠢᠯ ᠢ ᠪᠦᠬᠦᠨ ᠢ ᠰᠢᠨᠡᠳᠭᠡᠵᠣ | ᠦᠭᠬᠦᠭᠰᠡᠨ ᠪᠠᠶᠢᠨ᠎ᠠ᠃ ᠡᠬᠦᠨ ᠤ ᠳᠠᠷᠠᠭ᠎ᠠ ᠪᠠᠷ ᠪᠠᠰᠠ ᠣᠯᠣᠰ ᠠᠴᠠ ᠭᠠᠴᠠᠭ᠎ᠠ ᠳᠣᠰᠬᠤᠨ ᠤ ᠠᠶᠢᠯ ᠤᠳ ᠤᠨ ᠭᠡᠷ | ᠪᠠᠶᠢᠰᠢᠩ ᠢ ᠰᠢᠨᠡᠳᠭᠡᠬᠦ ᠳᠤᠬᠢᠶᠠᠯ ᠢ ᠠᠰᠢᠬᠯᠠᠠ ᠮᠠᠯᠴᠢᠳ ᠤᠨ ᠪᠠᠶᠢᠰᠢᠩ ᠢ ᠪᠦᠬᠦᠨ ᠢ ᠰᠢᠨᠡᠳᠬᠡᠵᠦ ᠴᠢᠳᠠᠭᠰᠠᠨ | ᠪᠦᠬᠡᠳ ᠵᠠᠷᠢᠮ ᠮᠠᠯᠴᠢᠳ ᠨᠢ ᠪᠠᠶᠠᠨᠬᠤᠳᠠ ᠳᠤ ᠰᠢᠨ᠎ᠡ ᠠᠰᠠᠷ ᠬᠤᠳᠠᠯᠳᠣᠨ ᠠᠪᠣᠭᠰᠠᠨ ᠪᠠᠶᠢᠨ᠎ᠠ᠃ | ︽ᠭᠠᠴᠠᠭᠠᠨ ᠤ ᠪᠠᠨ ᠮᠦᠩᠭᠦ ᠵᠣᠭᠤᠰ ᠢ ᠮᠠᠯᠴᠢᠨ ᠳᠠᠷᠢᠶᠠᠴᠢᠨ ᠤ ᠪᠡᠶ᠎ᠡ ᠳᠡᠭᠡᠷ᠎ᠠ ᠵᠠᠷᠣᠴᠠᠭᠤᠯᠪᠠᠯ ᠰᠠᠶ᠋ᠢ | ᠪᠦᠬᠦᠳᠡᠭᠡᠷ ᠢᠶᠠᠨ ᠠᠰᠢᠭ ᠬᠦᠷᠳᠡᠵᠦ ᠴᠢᠳᠠᠨ᠎ᠠ︾ ᠭᠡᠵᠤ ᠠᠯᠳ᠋ᠬᠠᠠᠭᠤᠯᠠ ᠶᠠᠷᠢᠨ᠎ᠠ᠃ 2002 ᠣᠨ ᠳᠤ | ᠠᠯᠳ᠋ᠬᠠᠠᠭᠤᠯᠠ ᠭᠠᠴᠠᠭᠠᠨ ᠤ ᠪᠠᠨ 55 ᠠᠴᠠ ᠳᠡᠭᠡᠭᠰᠢ ᠨᠠᠰᠣᠨ ᠤ ᠨᠠᠰᠣᠳᠠᠶᠢᠴᠣᠣᠯ ᠢᠶᠠᠨ ᠳᠠᠭᠠᠭᠤᠯᠵᠣ ᠪᠡᠭᠡᠵᠢᠩ᠂ | ᠴᠢᠩᠳᠣᠣ᠂ ᠳ᠋ᠠᠯᠢᠶᠠᠨ ᠵᠡᠷᠭᠡ ᠣᠯᠠᠨ ᠭᠠᠵᠠᠷ ᠤᠳ ᠢᠶᠠᠷ ᠳᠤᠭᠤᠷᠢᠭᠤᠯᠤᠠ᠂ ᠬᠤᠷᠳᠣᠨ ᠤ ᠳᠠᠮᠣᠷ ᠵᠠᠮ᠂ ᠣᠩᠭᠤᠴᠠ᠂ | ᠨᠢᠰᠭᠡᠯ ᠳᠤ ᠰᠠᠭᠤᠯᠭᠠᠨ ᠮᠠᠯᠴᠢᠳ ᠲᠠᠭᠠᠨ ᠶᠠᠭᠤᠮ᠎ᠠ ᠦᠵᠡᠬᠦᠯᠵᠦ ᠨᠢᠳᠦ ᠨᠡᠭᠡᠭᠡᠯᠬᠡᠵᠦ ᠪᠠᠶᠠᠷᠯᠠᠭᠤᠯᠵᠣ ᠪᠢᠯᠡ᠃ | ᠭᠠᠴᠠᠭᠠᠨ ᠠᠴᠠ ᠮᠠᠯᠴᠢᠳ ᠤᠨ ᠬᠤᠷᠰᠢᠭᠰᠠᠨ ᠡᠮᠨᠡᠯᠭᠡ᠂ ᠠᠰᠠᠷᠠᠮᠵᠢ ᠶᠢᠨ ᠳᠠᠭᠠᠳᠬᠠᠯ᠂ ᠬᠦᠨᠳᠤ ᠡᠪᠡᠳᠴᠢᠨ ᠤ | ᠨᠦᠬᠦᠪᠦᠷᠢ ᠶᠢ ᠪᠦᠬᠦᠨ ᠢ ᠳᠤᠰᠢᠶᠠᠵᠤ ᠦᠭᠴᠣ ᠪᠠᠶᠢᠭᠰᠠᠨ ᠪᠦᠬᠡᠳ ᠶᠡᠭᠡ ᠰᠣᠷᠭᠠᠭᠤᠯᠢ ᠳᠤ ᠰᠢᠯᠭᠠᠨ ᠣᠷᠣᠭᠰᠠᠨ | ᠣᠶᠣᠳᠠᠨ ᠭᠠᠷᠪᠠᠯ ᠭᠠᠴᠠᠭᠠᠨ ᠠᠴᠠ 3000 ᠳᠦᠬᠦᠷᠢᠭ ᠱᠠᠩᠨᠠᠵᠦ ᠤᠷᠮᠠᠰᠢᠭᠤᠯᠳᠠᠭ᠃ ᠳᠡᠶᠢᠨᠬᠦ ᠠᠯᠳ᠋ᠬᠠᠠᠭᠤᠯᠠ | ᠮᠠᠯᠴᠢᠨ ᠳᠦᠮᠡᠨ ᠤ ᠪᠠᠨ ᠬᠦᠴᠢᠷᠳᠡᠯ ᠪᠦᠬᠦᠨ ᠳᠤ ᠰᠠᠨᠠᠭᠠᠰᠢᠷᠠᠨ ᠠᠯᠢ ᠪᠣᠯᠬᠤ ᠪᠠᠷ ᠰᠢᠢᠳᠪᠣᠷᠢᠯᠡᠨ ᠦᠭᠴᠣ᠂ | ᠬᠠᠮᠳᠣ ᠶᠢᠨ ᠠᠰᠢᠭ ᠬᠦᠷᠳᠡᠭᠡᠯ ᠢ ᠬᠠᠮᠳᠣᠪᠠᠷ ᠢᠶᠠᠨ ᠡᠳ᠋ᠯᠡᠬᠦ ᠶᠢ ᠪᠣᠳᠣᠵᠣ ᠬᠢᠭᠰᠡᠭᠡᠷ ᠢᠷᠡᠵᠡᠢ᠃ | | | | | | | | | | ᠠᠯᠳ᠋ᠬᠠᠠᠭᠤᠯᠠ ᠭᠤᠸᠠᠢ ᠤᠳᠤ ᠭᠠᠴᠠᠭᠠᠨ ᠳᠠᠷᠤᠭ᠎ᠠ ᠶᠢᠨ ᠠᠵᠢᠯ ᠢᠶᠠᠨ ᠳᠤᠰᠢᠶᠠᠭᠰᠠᠨ ᠪᠤᠯᠪᠠᠴᠦ ᠠᠷᠠᠳ | ᠤᠯᠠᠨ ᠤ ᠪᠠᠨ ᠠᠵᠤ ᠠᠮᠢᠳᠤᠷᠠᠯ ᠤᠨ ᠳᠡᠭᠡᠭᠰᠢᠯᠠᠯᠳᠠ ᠳᠤ ᠦᠷᠬᠦᠯᠵᠢᠯᠡᠨ ᠤᠬᠠᠭᠠᠨ ᠳᠠᠮᠢᠷ ᠢᠶᠠᠨ ᠵᠤᠷᠢᠭᠤᠯᠵᠤ | ᠶᠠᠪᠤᠨ᠎ᠠ᠃ ᠳᠡᠷᠡ ᠮᠠᠰᠢᠨᠴᠢᠯᠠᠭᠰᠠᠨ ᠬᠤᠷᠰᠢᠶᠠᠵᠢᠯ ᠢᠶᠠᠷ ᠣᠯᠠᠮᠵᠢᠯᠠᠯᠳᠣ ᠮᠠᠯᠵᠢᠯ ᠢ ᠬᠤᠪᠢᠷᠠᠭᠠᠭᠰᠠᠨ ᠳᠣᠮᠣ ᠠᠵᠢᠯ | ᠣᠶᠢᠯᠡᠰ ᠢ ᠵᠤᠷᠢᠭᠳᠠᠢ ᠪᠠᠷ ᠳᠠᠭᠠᠭᠠᠠ ᠬᠢᠵᠣ᠂ ᠨᠣᠳᠤᠭ ᠣᠰᠣᠨ ᠤ ᠪᠠᠨ ᠳᠦᠷᠢ ᠳᠦᠷᠬᠦ᠂ ᠠᠷᠠᠳ ᠤᠨ ᠠᠮᠢᠳᠣᠷᠠᠯ ᠢ | ᠰᠠᠶᠢᠵᠢᠷᠠᠭᠤᠯᠤᠨ᠎ᠠ ᠭᠡᠵᠤ ᠵᠢᠳᠭᠦᠭᠰᠡᠭᠡᠷ᠃ ᠳᠡᠬᠦᠨ ᠤ ᠠᠵᠢᠯ ᠦᠢᠯᠡᠰ ᠤᠨ ᠳᠠᠶᠢᠴᠢᠯᠠᠯ ᠳᠠᠭᠠᠭᠤᠯᠭ᠎ᠠ ᠪᠠᠷ | ᠳᠠᠪᠤᠨᠬᠤᠳᠳᠤᠭ ᠲᠤ ᠡᠬᠦᠷᠭᠡ ᠬᠠᠷᠢᠭᠤᠴᠠᠯᠭ᠎ᠠ᠂ ᠴᠢᠷᠮᠠᠶᠢᠯᠭ᠎ᠠ ᠰᠢᠮᠳᠠᠯᠭ᠎ᠠ᠂ ᠪᠦᠯᠬᠦᠮᠳᠡᠯ ᠬᠠᠮᠳᠤᠷᠠᠯ ᠤᠨ ᠬᠦᠴᠦᠨ | ᠬᠠᠮᠳᠤᠷᠠᠨ ᠨᠡᠶᠢᠯᠡᠵᠦ ᠦᠬᠡᠳᠡᠷᠬᠡᠭ ᠬᠦᠭᠵᠢᠬᠦᠨ ᠠᠭᠤᠷ ᠠᠮᠢᠰᠬᠤᠯ ᠪᠥᠷᠢᠳᠤᠨ᠂ ᠰᠢᠨ᠎ᠠ ᠬᠦᠳᠡᠭᠡ ᠳᠤᠰᠬᠤᠨ ᠤ | ᠦᠵᠡᠮᠵᠢᠳᠦ ᠰᠠᠶᠢᠬᠠᠨ ᠦᠩᠭᠡ ᠵᠢᠰᠦ ᠶᠢ ᠮᠢᠯᠢᠶᠠᠨ ᠳᠤᠭᠳᠠᠭᠠᠵᠦ ᠪᠠᠶᠢᠨ᠎ᠠ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |