ᠯᠤᠤᠪᠠᠩ ᠤᠨ ᠰᠢᠮ᠎ᠡ ᠲᠡᠵᠢᠭᠡᠯ ᠤᠨ ᠪᠦᠷᠢᠯᠳᠦᠭᠦᠨ ᠪᠠ ᠡᠷᠡᠭᠦᠯ ᠮᠡᠨᠳᠦ ᠶᠢᠨ ᠠᠴᠢ ᠲᠤᠰᠠ
ᠨᠡᠶᠢᠲᠡᠯᠡᠭᠰᠡᠨ ᠴᠠᠭ᠄
2022/4/14
   ᠨᠢᠭᠡ ᠬᠡᠷᠴᠢᠮ ︵116 ᠭᠷᠡᠮ︶ ᠬᠡᠷᠴᠢᠭᠰᠡᠨ ᠯᠤᠤᠪᠠᠩ ᠳᠣᠣᠷᠠᠬᠢ ᠮᠡᠲᠦ ᠰᠢᠮ᠎ᠡ ᠲᠡᠵᠢᠭᠡᠯ ᠤᠨ ᠪᠦᠷᠢᠯᠳᠦᠭᠦᠨ ᠢ ᠬᠠᠩᠭᠠᠨ᠎ᠠ᠃     ᠺᠠᠯᠤᠷᠢ᠄ 19     ᠥᠭᠡᠬᠦ᠄ 0.1g     ᠨᠠᠲᠷᠢ᠄ 45 ᠮᠢᠯᠢᠭᠷᠡᠮ     ᠨᠡᠭᠦᠷᠡᠰᠦ ᠤᠰᠤᠨ ᠤ ᠨᠢᠭᠡᠳᠪᠦᠷᠢ᠄ 3.9g     ᠰᠢᠷᠬᠡᠭ᠄ 1.9g     ᠰᠢᠬᠢᠷ᠄ 2.2g     ᠤᠭᠤᠷᠠᠭ᠄ 0.8g     ᠨᠡᠭᠦᠷᠡᠰᠦ ᠤᠰᠤᠨ ᠤ ᠨᠢᠭᠡᠳᠪᠦᠷᠢ
    ᠯᠤᠤᠪᠠᠩ ᠳᠤ ᠴᠠᠷᠳᠠᠭᠤᠯ ᠳᠤᠲᠠᠭᠳᠠᠳᠠᠭ᠂ ᠡᠨᠡ ᠪᠣᠯ ᠨᠢᠭᠡ ᠵᠦᠢᠯ ᠤᠨ ᠰᠢᠩᠭᠡᠭᠡᠬᠦ ᠳᠤ ᠬᠢᠯᠪᠠᠷ ᠨᠡᠭᠦᠷᠡᠰᠦ ᠤᠰᠤᠨ ᠤ ᠨᠢᠭᠡᠳᠪᠦᠷᠢ ᠮᠥᠨ᠂ ᠲᠡᠷᠡ ᠨᠢ ᠮᠠᠰᠢ ᠲᠦᠷᠭᠡᠨ ᠢᠶᠠᠷ ᠲᠠᠩ ᠰᠢᠬᠢᠷ ᠪᠣᠯᠣᠨ ᠵᠠᠳᠠᠷᠠᠳᠠᠭ᠃ ᠯᠤᠤᠪᠠᠩ ᠤᠨ ᠳᠣᠲᠣᠷᠠᠬᠢ ᠨᠡᠭᠦᠷᠡᠰᠦ ᠤᠰᠤᠨ ᠤ ᠨᠢᠭᠡᠳᠪᠦᠷᠢ ᠨᠢ ᠬᠠᠭᠠᠰ ᠲᠠᠩ ᠰᠢᠬᠢᠷ ︵ᠦᠵᠦᠮ ᠤᠨ ᠰᠢᠬᠢᠷ ᠪᠣᠯᠣᠨ ᠵᠢᠮᠢᠰ ᠤᠨ ᠰᠢᠬᠢᠷ︶ ᠪᠣᠯᠣᠨ ᠬᠠᠭᠠᠰ ᠰᠢᠷᠬᠡᠭ ᠪᠣᠯᠣᠨ᠎ᠠ᠃     ᠢᠳᠡᠭᠡᠨ ᠤ ᠴᠢᠰᠤᠨ ᠰᠢᠬᠢᠷ ᠤᠨ ᠵᠢᠭᠠᠯᠲᠠ ᠲᠤᠭ᠎ᠠ ᠪᠣᠯ ᠢᠳᠡᠭᠡᠨ ᠤ ᠴᠢᠰᠤᠨ ᠰᠢᠬᠢᠷ ᠢ ᠥᠨᠳᠥᠷᠵᠢᠭᠦᠯᠬᠦ ᠬᠡᠮᠵᠢᠶ᠎ᠡ ᠪᠠ ᠬᠤᠷᠳᠤᠴᠠ ᠶᠢᠨ ᠵᠢᠭᠠᠯᠲᠠ ᠲᠤᠭ᠎ᠠ ᠪᠣᠯᠣᠨ᠎ᠠ᠃ ᠣᠯᠠᠩᠬᠢ ᠴᠠᠷᠳᠠᠭᠤᠯ ᠤᠨ ᠪᠤᠰᠤ ᠢᠳᠡᠰᠢᠨ ᠨᠣᠭᠤᠭ᠎ᠠ ᠲᠠᠢ ᠠᠳᠠᠯᠢ ᠪᠠᠷ ᠯᠤᠤᠪᠠᠩ ᠤᠨ ᠴᠢᠰᠤᠨ ᠰᠢᠬᠢᠷ ᠤᠨ ᠢᠯᠡᠳᠬᠡᠭᠴᠢ ᠶᠢᠨ ᠲᠤᠬᠠᠢ ᠰᠢᠨᠵᠢᠯᠡᠬᠦ ᠤᠬᠠᠭᠠᠨ ᠤ ᠰᠤᠳᠤᠯᠤᠯ ᠬᠢᠭᠰᠡᠨ ᠦᠭᠡᠢ ︵ᠭᠡᠪᠡᠴᠦ ᠲᠠᠭᠠᠮᠠᠭᠯᠠᠭᠰᠠᠨ ᠢᠶᠠᠷ ᠲᠤᠩ ᠳᠣᠣᠷ᠎ᠠ ᠪᠠᠶᠢᠨ᠎ᠠ︶᠃     ᠮᠢᠬᠠᠯᠢᠭ     ᠯᠤᠤᠪᠠᠩ ᠵᠢᠭᠠᠬᠠᠨ ᠥᠭᠡᠬᠦ ᠯᠡ ᠪᠠᠢᠨ᠎ᠠ᠃     ᠤᠭᠤᠷᠠᠭ     ᠣᠯᠠᠩᠬᠢ ᠢᠳᠡᠰᠢᠨ ᠨᠣᠭᠤᠭ᠎ᠠ ᠲᠠᠢ ᠠᠳᠠᠯᠢ ᠪᠠᠷ ᠯᠤᠤᠪᠠᠩ ᠤᠨ ᠤᠭᠤᠷᠠᠭ ᠤᠨ ᠠᠭᠤᠯᠤᠭᠳᠠᠴᠠ ᠨᠢ ᠲᠡᠶᠢᠮᠦ ᠥᠨᠳᠥᠷ ᠪᠢᠰᠢ᠃     ᠸᠢᠲ᠋ᠠᠮᠢᠨ ᠪᠣᠯᠣᠨ ᠡᠷᠦᠳᠡᠰᠦ ᠪᠣᠳᠠᠰ     ᠯᠤᠤᠪᠠᠩ ᠪᠣᠯ ᠸᠢᠲ᠋ᠠᠮᠢᠨ C᠎ ᠶᠢᠨ ᠰᠠᠶᠢᠨ ᠢᠷᠡᠯᠲᠡ ᠮᠥᠨ᠂ ᠬᠡᠷᠴᠢᠮ ᠪᠦᠷᠢ ᠳᠤ 17 ᠮᠢᠯᠢᠭᠷᠡᠮ ᠠᠭᠤᠯᠵᠤ ᠪᠠᠶᠢᠳᠠᠭ ᠃ ᠡᠨᠡ ᠬᠦ ᠲᠤᠭ᠎ᠠ ᠬᠡᠮᠵᠢᠶ᠎ᠡ ᠨᠢ ᠡᠮᠡᠭᠲᠡᠢ ᠬᠥᠮᠥᠨ ᠤ ᠡᠳᠦᠷ ᠪᠦᠷᠢ ᠶᠢᠨ ᠲᠠᠨᠢᠯᠴᠠᠭᠤᠯᠬᠤ ᠬᠡᠮᠵᠢᠶ᠎ᠡ ︵RDA︶᠎ ᠶᠢᠨ 23%᠂ ᠡᠷᠡᠭᠲᠡᠢ ᠬᠥᠮᠥᠨ ᠤ ᠡᠳᠦᠷ ᠪᠦᠷᠢ ᠶᠢᠨ ᠲᠠᠨᠢᠯᠴᠠᠭᠤᠯᠬᠤ ᠬᠡᠮᠵᠢᠶ᠎ᠡ ︵RDA︶᠎ ᠶᠢᠨ 19% ᠵᠢᠴᠢ FDA ᠎ ᠶᠢᠨ ᠢᠳᠡᠭᠡᠨ ᠤ ᠱᠣᠰᠢᠭ᠎ᠠ ᠲᠡᠮᠳᠡᠭ ᠲᠤ ᠲᠣᠭᠲᠠᠭᠠᠭᠰᠠᠨ ᠡᠳᠦᠷ ᠪᠦᠷᠢ ᠶᠢᠨ ᠣᠷᠣᠭᠤᠯᠬᠤ ᠬᠡᠮᠵᠢᠶ᠎ᠡ ᠶᠢᠨ 19% ᠪᠣᠯᠣᠨ᠎ᠠ ᠃ ᠪᠡᠶ᠎ᠡ ᠠᠴᠠ ᠸᠢᠲ᠋ᠠᠮᠢᠨ C ᠡᠭᠦᠰᠴᠦ ᠳᠡᠶᠢᠯᠬᠦ ᠦᠭᠡᠢ ᠤᠴᠢᠷ ᠠᠴᠠ ᠢᠳᠡᠭᠡᠨ ᠤᠮᠳᠠᠭᠠᠨ ᠤ ᠳᠤᠮᠳᠠ ︵ᠪᠤᠶᠤ ᠨᠥᠬᠦᠪᠦᠷᠢᠯᠡᠬᠦ ᠡᠳ᠋ ᠢᠶᠠᠷ︶ ᠰᠢᠩᠭᠡᠭᠡᠬᠦ ᠳᠤ ᠲᠤᠲᠠᠭᠳᠠᠵᠤ ᠪᠣᠯᠣᠰᠢ ᠦᠭᠡᠢ ᠶᠤᠮ᠃     ᠯᠤᠤᠪᠠᠩ ᠳᠤ ᠪᠠᠰᠠ ᠪᠠᠭ᠎ᠠ ᠬᠡᠮᠵᠢᠶᠡᠨ ᠤ ᠨᠠᠪᠴᠢᠨ ᠤ ᠬᠦᠴᠢᠯ ᠪᠣᠯᠣᠨ ᠸᠢᠲ᠋ᠠᠮᠢᠨ B6 ᠵᠢᠴᠢ ᠡᠷᠦᠳᠡᠰᠦᠨ ᠪᠣᠳᠠᠰ ᠤᠨ ᠺᠠᠯᠢ᠂ ᠮᠠᠩᠭᠠᠨ ᠪᠣᠯᠣᠨ ᠺᠠᠯᠼ ᠠᠭᠤᠯᠵᠤ ᠪᠠᠶᠢᠳᠠᠭ᠃     ᠯᠤᠤᠪᠠᠩ ᠤᠨ ᠡᠷᠡᠭᠦᠯ ᠮᠡᠨᠳᠦ ᠳᠤ ᠲᠤᠰᠠ ᠲᠠᠢ     ᠲᠡᠭᠦᠨ ᠤ ᠰᠢᠷᠬᠡᠭᠯᠢᠭ᠂ ᠸᠢᠲ᠋ᠠᠮᠢᠨ C ᠪᠣᠯᠣᠨ ᠢᠰᠦᠯᠳᠦᠬᠦ ᠶᠢ ᠡᠰᠡᠷᠭᠦᠴᠡᠬᠦ ᠡᠳ᠋ ᠤᠨ ᠠᠭᠤᠯᠤᠭᠳᠠᠴᠠ ᠠᠴᠠ ᠯᠤᠤᠪᠠᠩ ᠨᠢ ᠡᠷᠡᠭᠦᠯ ᠰᠢᠨ᠎ᠡ ᠬᠠᠭᠤᠴᠢᠨ ᠤ ᠰᠣᠯᠢᠯᠴᠠᠭ᠎ᠠ ᠶᠢᠨ ᠣᠨᠴᠠᠯᠢᠭ ᠲᠠᠢ᠃ ᠵᠢᠱᠢᠶᠡᠯᠡᠪᠡᠯ᠂ ᠸᠢᠲ᠋ᠠᠮᠢᠨ C᠎ ᠨᠢ ᠮᠠᠰᠢ ᠣᠯᠠᠨ ᠹᠢᠽᠢᠣᠯᠣᠭᠢ ᠶᠢᠨ ᠶᠠᠪᠤᠴᠠ ᠳᠤ ᠴᠥᠮ ᠤᠭᠤᠷᠠᠭ᠂ ᠰᠢᠷᠬᠠᠨ ᠤ ᠡᠳᠡᠭᠡᠷᠡᠯᠲᠡ ᠪᠠ ᠡᠭᠡᠯᠢᠯᠡᠭᠡ ᠶᠢᠨ ᠰᠢᠰᠲ᠋ᠧᠮ ᠤᠨ ᠲᠣᠬᠢᠷᠠᠭᠤᠯᠤᠯᠲᠠ ᠶᠢ ᠪᠠᠭᠲᠠᠭᠠᠭᠰᠠᠨ ᠮᠠᠰᠢ ᠴᠢᠬᠤᠯᠠ ᠪᠠᠶᠢᠳᠠᠭ᠃     ᠴᠢᠰᠤᠨ ᠰᠢᠬᠢᠷ ᠢ ᠪᠠᠭᠤᠷᠠᠭᠤᠯᠬᠤ ᠪᠣᠯᠣᠯᠴᠠᠭ᠎ᠠ ᠲᠠᠢ     ᠯᠤᠤᠪᠠᠩ ᠢᠳᠡᠪᠡᠯ ᠰᠢᠬᠢᠷ ᠰᠢᠵᠢᠩ ᠡᠪᠡᠳᠴᠢᠲᠡᠨ ᠳᠤ ᠲᠤᠰᠠᠲᠠᠢ ᠪᠠᠶᠢᠵᠤ ᠮᠡᠳᠡᠨ᠎ᠡ᠂ ᠤᠴᠢᠷ ᠨᠢ ᠲᠡᠷᠡ ᠨᠢ ᠰᠢᠬᠢᠷ ᠤᠨ ᠰᠢᠩᠭᠡᠭᠡᠯᠲᠡ ᠶᠢ ᠤᠳᠠᠭᠠᠰᠢᠷᠠᠭᠤᠯᠬᠤ ᠶᠢᠨ ᠬᠠᠮᠲᠤ ᠴᠠᠷᠳᠠᠭᠤᠯ ᠠᠴᠠ ᠪᠣᠯᠤᠭᠰᠠᠨ ᠬᠤᠭᠤᠯᠠᠨ ᠤ ᠳᠠᠷᠠᠭᠠᠬᠢ ᠴᠢᠰᠤᠨ ᠰᠢᠬᠢᠷ ᠤᠨ ᠳᠠᠭᠠᠭᠠᠴᠠ ᠶᠢ ᠪᠠᠭᠠᠰᠬᠠᠨ᠎ᠠ᠃     ᠢᠰᠦᠯᠳᠦᠬᠦ ᠶᠢ ᠡᠰᠡᠷᠭᠦᠴᠡᠬᠦ ᠡᠳ᠋ ᠬᠠᠩᠭᠠᠬᠤ     ᠯᠤᠤᠪᠠᠩ ᠤᠨ ᠳᠣᠲᠣᠷᠠᠬᠢ ᠢᠰᠦᠯᠳᠦᠬᠦ ᠶᠢ ᠡᠰᠡᠷᠭᠦᠴᠡᠬᠦ ᠨᠢᠭᠡᠳᠪᠦᠷᠢ ᠨᠢ ᠰᠢᠬᠢᠷ ᠰᠢᠵᠢᠩ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠬᠠᠩᠭᠠᠵᠤ ᠪᠣᠯᠣᠨ᠎ᠠ᠃ ᠴᠡᠴᠡᠭ ᠤᠨ ᠬᠥᠬᠡ ᠡᠳ᠋ ᠨᠢ ᠯᠤᠤᠪᠠᠩ ᠤᠨ ᠥᠩᠭᠡ ᠢᠯᠭᠠᠷᠠᠭᠤᠯᠬᠤ ᠳᠤ ᠲᠤᠰᠠᠲᠠᠢ᠂ ᠰᠤᠳᠤᠯᠭᠠᠨ ᠠᠴᠠ ᠦᠵᠡᠪᠡᠯ᠂ ᠴᠡᠴᠡᠭ ᠤᠨ ᠬᠥᠬᠡ ᠡᠳ᠋ ᠢ ᠨᠠᠩ ᠠᠷᠪᠢᠨ ᠢᠳᠡᠬᠦ ᠨᠢ ᠵᠢᠷᠦᠬᠡ ᠴᠢᠰᠤᠨ ᠰᠤᠳᠠᠯ ᠤᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠠᠰᠬᠠᠬᠤ ᠲᠠᠢ ᠬᠤᠯᠪᠣᠭ᠎ᠠ ᠲᠠᠢ᠃     ᠡᠩ ᠤᠨ ᠪᠠᠶᠢᠳᠠᠯ ᠳᠤ ᠠᠪᠴᠤ ᠬᠡᠯᠡᠪᠡᠯ᠂ ᠢᠰᠦᠯᠳᠦᠬᠦ ᠶᠢ ᠡᠰᠡᠷᠭᠦᠴᠡᠬᠦ ᠡᠳ᠋ ᠪᠣᠯ ᠠᠰᠢᠭᠲᠠᠢ ᠶᠤᠮ᠂ ᠤᠴᠢᠷ ᠨᠢ ᠲᠡᠳᠡᠭᠡᠷ ᠨᠢ ᠪᠡᠶ᠎ᠡ ᠶᠢᠨ ᠳᠣᠲᠣᠭᠠᠳᠤ ᠶᠢᠨ ᠴᠢᠯᠦᠭᠡᠲᠦ ᠢᠵᠠᠭᠤᠷ ᠠᠴᠠ ᠡᠭᠦᠰᠦᠭᠰᠡᠨ ᠢᠰᠦᠯᠳᠦᠬᠦ ᠰᠡᠷᠡᠯᠵᠢᠯ ᠢ ᠵᠠᠰᠠᠨ ᠰᠡᠷᠭᠦᠭᠡᠬᠦ ᠳᠤ ᠬᠠᠪᠰᠤᠷᠤᠮᠵᠢ ᠪᠣᠯᠳᠠᠭ᠃ ᠡᠶᠢᠮᠦᠷᠬᠦᠦ ᠳᠠᠷᠤᠯᠲᠠ ᠨᠢ ᠦᠷᠪᠢᠰᠦᠯ᠂ ᠮᠠᠷᠢᠶᠠᠯᠠᠯ᠂ ᠰᠢᠬᠢᠷ ᠰᠢᠵᠢᠩ ᠡᠪᠡᠳᠴᠢᠨ ᠪᠠ ᠪᠤᠰᠤᠳ ᠡᠪᠡᠳᠴᠢᠨ ᠢ ᠡᠭᠦᠰᠬᠡᠳᠡᠭ᠃     ᠤᠳᠠᠭᠠᠨ ᠴᠢᠨᠠᠷᠲᠠᠢ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠠᠰᠬᠠᠬᠤ     ᠢᠰᠦᠯᠳᠦᠬᠦ ᠶᠢ ᠡᠰᠡᠷᠭᠦᠴᠡᠬᠦ ᠡᠳ᠋ ᠲᠠᠢ ᠠᠳᠠᠯᠢ ᠪᠠᠷ ᠢᠳᠡᠭᠡᠨ ᠤ ᠰᠢᠷᠬᠡᠭᠯᠢᠭ ᠲᠤ ᠮᠠᠰᠢ ᠣᠯᠠᠨ ᠰᠢᠨᠵᠢᠯᠡᠬᠦ ᠤᠬᠠᠭᠠᠨᠲᠠᠳ ᠤᠨ ᠢᠯᠡᠷᠡᠭᠦᠯᠦᠭᠰᠡᠨ ᠡᠷᠡᠭᠦᠯ ᠮᠡᠨᠳᠦ ᠶᠢᠨ ᠠᠰᠢᠭᠲᠠᠢ ᠲᠠᠯ᠎ᠠ ᠪᠠᠶᠢᠳᠠᠭ᠃ ᠡᠳᠡᠭᠡᠷ ᠲᠤ ᠵᠢᠷᠦᠬᠡᠨ ᠡᠪᠡᠳᠴᠢᠨ ᠢ ᠰᠡᠷᠭᠡᠶᠢᠯᠡᠬᠦ ᠪᠠ ᠬᠠᠮᠢᠶᠠᠷᠬᠤ᠂ ᠥᠨᠳᠥᠷ ᠰᠥᠰᠥᠨ ᠤ ᠭᠤᠨᠠᠨ ᠠᠯᠺᠣᠣᠯ᠂ ᠰᠢᠬᠢᠷ ᠰᠢᠵᠢᠩ ᠡᠪᠡᠳᠴᠢᠨ ᠪᠠ ᠰᠢᠩᠭᠡᠭᠡᠯᠲᠡ ᠶᠢᠨ ᠰᠢᠰᠲ᠋ᠧᠮ ᠤᠨ ᠡᠪᠡᠳᠴᠢᠨ ᠪᠠᠭᠲᠠᠨ᠎ᠠ᠃ ᠰᠤᠳᠤᠯᠭᠠᠨ ᠤ ᠠᠵᠢᠯᠲᠠᠨ ᠪᠠᠰᠠ ᠰᠢᠷᠬᠡᠭᠯᠢᠭ ᠤᠨ ᠬᠠᠯᠳᠠᠪᠤᠷᠢᠯᠠᠯ ᠢ ᠰᠡᠷᠭᠡᠶᠢᠯᠡᠬᠦ᠂ ᠴᠢᠨᠠᠭᠰᠢᠯᠠᠪᠠᠯ ᠤᠷᠮ᠎ᠠ ᠰᠡᠳᠬᠢᠯᠭᠡ ᠪᠠ ᠴᠡᠭᠡᠵᠢᠯᠡᠬᠦ ᠴᠢᠳᠠᠪᠤᠷᠢ ᠶᠢ ᠰᠠᠶᠢᠵᠢᠷᠠᠭᠤᠯᠬᠤ ᠴᠢᠳᠠᠪᠤᠷᠢ ᠲᠠᠢ᠃     ᠥᠮᠡᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠠᠰᠬᠠᠬᠤ ᠮᠠᠭᠠᠳ ᠦᠭᠡᠢ     ᠰᠤᠳᠤᠯᠭᠠᠨ ᠠᠴᠠ ᠦᠵᠡᠪᠡᠯ᠂ ᠡᠲᠡᠭᠡᠷ ᠰᠢᠮ᠎ᠡ ᠲᠡᠵᠢᠭᠡᠯ ᠲᠠᠢ ᠢᠳᠡᠰᠢᠨ ᠨᠣᠭᠤᠭ᠎ᠠ ᠶᠢ ᠡᠯᠪᠡᠭ ᠠᠭᠤᠯᠤᠭᠰᠠᠨ ᠢᠳᠡᠭᠡᠨ ᠤᠮᠳᠠᠭᠠᠨ ᠨᠢ ᠥᠮᠡᠨ ᠳᠤ ᠨᠡᠷᠪᠡᠭᠳᠡᠬᠦ ᠲᠦᠭᠰᠢᠭᠦᠷᠢ ᠶᠢ ᠪᠠᠭᠠᠰᠬᠠᠬᠤ ᠲᠠᠢ ᠵᠠᠷᠢᠮ ᠲᠠᠯ᠎ᠠ ᠪᠠᠷ ᠬᠤᠯᠪᠣᠭ᠎ᠠ ᠲᠠᠢ ᠪᠠᠶᠢᠳᠠᠭ᠃ ᠰᠤᠳᠤᠯᠭᠠᠨ ᠠᠴᠠ ᠦᠵᠡᠪᠡᠯ᠂ ᠲᠡᠷᠡ ᠨᠢ ᠲᠤᠷᠰᠢᠯᠲᠠ ᠶᠢᠨ ᠲᠠᠰᠤᠭ ᠤᠨ ᠣᠷᠴᠢᠨ ᠲᠣᠭᠤᠷᠢᠨ ᠳᠤ ᠵᠠᠷᠢᠮ ᠥᠮᠡᠨ ᠤ ᠡᠰ ᠤᠨ ᠦᠷᠡᠵᠢᠬᠦ ᠶᠢ ᠬᠤᠷᠢᠭᠯᠠᠵᠤ ᠲᠠᠶᠢᠯᠤᠨ᠎ᠠ᠃     ᠰᠥᠰᠥᠨ ᠤ ᠴᠢᠯᠠᠭᠤᠰᠢᠷᠠᠯ ᠢ ᠰᠡᠷᠭᠡᠶᠢᠯᠡᠬᠦ     ᠪᠤᠰᠤᠳ ᠲᠣᠭᠤᠨᠣᠯᠵᠢᠨ ᠴᠡᠴᠡᠭ ᠤᠨ ᠢᠵᠠᠭᠤᠷ ᠤᠨ ᠢᠳᠡᠰᠢᠨ ᠨᠣᠭᠤᠭ᠎ᠠ ᠲᠠᠢ ᠠᠳᠠᠯᠢ ᠪᠠᠷ ᠯᠤᠤᠪᠠᠩ ᠳᠤ ᠨᠢᠭᠡ ᠵᠦᠢᠯ ᠤᠨ ᠬᠦᠬᠦᠷᠲᠦ ᠦᠵᠦᠮ ᠤᠨ ᠰᠢᠬᠢᠷ ᠤᠨ ᠭᠯᠢᠺᠣᠰᠢᠳ᠋ ᠭᠡᠳᠡᠭ ᠨᠢᠭᠡᠳᠪᠦᠷᠢ ᠠᠭᠤᠯᠤᠭᠳᠠᠵᠤ ᠪᠠᠶᠢᠳᠠᠭ᠃ ᠲᠡᠷᠡ ᠨᠢ ᠢᠰᠦᠯᠳᠦᠬᠦ ᠶᠢ ᠡᠰᠡᠷᠭᠦᠴᠡᠬᠦ ᠪᠠ ᠥᠮᠡᠨ ᠢ ᠡᠰᠡᠷᠭᠦᠴᠡᠬᠦ ᠣᠨᠴᠠᠯᠢᠭ ᠲᠠᠢ᠂ ᠡᠯᠢᠭᠡᠨ ᠳᠠᠬᠢ ᠰᠥᠰᠥᠨ ᠤ ᠭᠤᠨᠠᠨ ᠠᠯᠺᠣᠣᠯ ᠤᠨ ᠬᠡᠮᠵᠢᠶ᠎ᠡ ᠶᠢ ᠳᠣᠷᠣᠭᠰᠢᠯᠠᠭᠤᠯᠳᠠᠭ᠃ ᠡᠨᠡ ᠨᠢ ᠭᠡᠳᠡᠷᠭᠦ ᠪᠠᠨ ᠪᠠᠰᠠ ᠰᠥᠰᠥᠨ ᠤ ᠴᠢᠯᠠᠭᠤᠵᠢᠮᠠᠯ ᠤᠨ ᠪᠦᠷᠢᠯᠳᠦᠬᠦ ᠶᠢ ᠰᠡᠷᠭᠡᠶᠢᠯᠡᠵᠦ ᠴᠢᠳᠠᠨ᠎ᠠ᠃
    FODMAP ᠠᠭᠤᠯᠤᠭᠳᠠᠴᠠ ᠳᠣᠣᠷ᠎ᠠ     ᠨᠡᠭᠦᠷᠡᠰᠦ ᠤᠰᠤᠨ ᠤ ᠨᠢᠭᠡᠳᠪᠦᠷᠢ ᠶᠢᠨ ᠠᠭᠤᠯᠤᠭᠳᠠᠴᠠ ᠪᠠᠷ ᠪᠠᠭ᠎ᠠ ᠢᠳᠡᠭᠡᠨ ᠤᠮᠳᠠᠭᠠᠨ ᠨᠢ ᠭᠡᠳᠡᠰᠦᠨ ᠤ ᠬᠢᠯᠪᠠᠷ ᠰᠡᠳᠡᠯᠲᠡ ᠶᠢᠨ ᠬᠠᠮ ᠭᠡᠮ ᠪᠠ ᠺᠷᠦᠶᠢᠨ ᠡᠪᠡᠳᠴᠢᠨ ᠵᠡᠷᠭᠡ ᠭᠡᠳᠡᠰᠦᠨ ᠤ ᠡᠪᠡᠳᠴᠢᠨ ᠤ ᠢᠯᠡᠷᠡᠯ ᠢ ᠨᠠᠮᠳᠠᠭᠤᠯᠬᠤ ᠳᠤ ᠲᠤᠰᠠᠲᠠᠢ᠃     ᠬᠠᠷᠰᠢᠯ     ᠯᠤᠤᠪᠠᠩ ᠢᠳᠡᠭᠰᠡᠨ ᠠᠴᠠ ᠴᠢᠨ᠋ᠸ᠎ᠠ ᠶᠢᠨ ᠬᠦᠷᠪᠡᠰᠢ ᠭᠠᠷᠬᠤ᠂ ᠠᠮᠠᠨ ᠬᠥᠨᠳᠡᠢ ᠶᠢᠨ ᠲᠣᠭᠤᠷᠢᠨ ᠳᠤ ᠵᠠᠭᠠᠲᠤᠨᠠᠬᠤ ᠪᠠ ᠬᠠᠪᠤᠳᠬᠤ᠂ ᠴᠢᠨᠠᠭᠰᠢᠯᠠᠪᠠᠯ ᠠᠮᠢᠰᠬᠤᠯ ᠴᠢᠬᠤᠯᠳᠠᠬᠤ ᠵᠡᠷᠭᠡ ᠢᠯᠡᠷᠡᠯ ᠭᠠᠷᠳᠠᠭ᠃     ᠠᠰᠢᠭ ᠦᠭᠡᠢ ᠨᠥᠯᠥᠭᠡ     ᠵᠠᠷᠢᠮ ᠬᠥᠮᠥᠨ ᠯᠤᠤᠪᠠᠩ ᠤᠨ ᠠᠮᠲᠠ ᠳᠡᠩᠳᠡᠭᠦᠦ ᠭᠤᠱᠤᠭᠤᠨ ᠰᠠᠨᠠᠭᠳᠠᠬᠤ ᠮᠠᠭᠠᠳ᠃ ᠲᠡᠳᠡᠨ ᠢ ᠲᠦᠭᠦᠬᠡᠢ ᠪᠠᠷ ᠢᠳᠡᠬᠦ ᠪᠢᠰᠢ᠂ ᠬᠠᠷᠢᠨ ᠬᠠᠭᠤᠷᠴᠤ ᠬᠠᠭᠠᠷᠢᠵᠤ ᠢᠳᠡᠬᠦ ᠳᠤ ᠨᠠᠩ ᠠᠮᠲᠠᠲᠠᠢ ᠪᠣᠯᠭᠠᠳᠠᠭ᠃ ᠬᠡᠷᠪᠡ ᠲᠠ ᠶᠡᠭᠡ ᠬᠡᠮᠵᠢᠶᠡᠨ ᠤ ᠰᠢᠷᠬᠡᠭᠯᠢᠭ ᠢ ᠢᠳᠡᠵᠦ ᠳᠠᠳᠬᠤ ᠦᠭᠡᠢ ᠪᠣᠯ ᠠᠭᠠᠵᠢᠮ ᠢᠶᠠᠷ ᠰᠢᠩᠭᠡᠬᠡᠨ ᠠᠪᠬᠤ ᠬᠡᠮᠵᠢᠶ᠎ᠡ ᠪᠠᠨ ᠨᠡᠮᠡᠭᠳᠡᠭᠦᠯᠵᠦ᠂ ᠲᠦᠷ ᠴᠠᠭ ᠤᠨ ᠰᠢᠩᠭᠡᠭᠡᠯᠲᠡ ᠶᠢᠨ ᠢᠯᠡᠷᠡᠯ ᠭᠠᠷᠬᠤ ᠠᠴᠠ ᠰᠡᠷᠭᠡᠶᠢᠯᠡᠬᠦ ᠬᠡᠷᠡᠭᠲᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号