ᠲᠡᠷᠢᠬᠦᠯᠡᠵᠦ ᠶᠡᠭᠡ ᠦᠢᠯᠡ ᠶᠢ ᠡᠭᠦᠰᠭᠡᠭᠰᠡᠨ ᠬᠦᠮᠦᠨ ᠨᠡᠷ᠎ᠡ ᠶᠢ ᠦᠪᠡᠷ ᠢᠶᠠᠨ ᠠᠪᠤᠪᠠᠰᠤ
ᠨᠡᠶᠢᠲᠡᠯᠡᠭᠰᠡᠨ ᠴᠠᠭ᠄
2022/6/30
ᠲᠡᠷᠢᠬᠦᠯᠡᠵᠦ ᠶᠡᠭᠡ ᠦᠢᠯᠡ ᠶᠢ ᠡᠭᠦᠰᠭᠡᠭᠰᠡᠨ ᠬᠦᠮᠦᠨ ᠨᠡᠷ᠎ᠡ ᠶᠢ ᠦᠪᠡᠷ ᠢᠶᠠᠨ ᠠᠪᠤᠪᠠᠰᠤ ᠲᠡᠭᠦᠨ ᠤ ᠬᠡᠷᠡᠭ ᠲᠤᠷ ᠵᠢᠳᠭᠦᠭᠰᠡᠳ ᠤᠷᠮ᠎ᠠ ᠦᠭᠡᠢ ᠪᠣᠯᠣᠨ ᠦᠢᠯᠡ ᠦᠯᠦ ᠳᠡᠯᠭᠡᠷᠡᠶᠦ ᠲᠡᠭᠰᠢᠳᠡ ᠦᠵᠡᠬᠦ ᠨᠢᠳᠦ ᠲᠠᠢ ᠪᠣᠯᠪᠠᠴᠤ ᠨᠢᠭᠤᠷ ᠢ ᠦᠵᠡᠬᠦᠢ ᠳᠤᠷ ᠲᠤᠯᠢ ᠬᠡᠷᠡᠭ ᠲᠠᠢ ᠲᠤᠯᠠ ᠲᠡᠷᠡ ᠲᠤᠯᠢ ᠶᠢ ᠵᠢᠪᠡᠷᠡᠭᠦᠯᠪᠡᠰᠦ ᠴᠢᠷᠠᠢ ᠦᠵᠡᠵᠦ ᠦᠯᠦ ᠪᠣᠯᠬᠤ ᠮᠡᠲᠦ       ᠬᠡᠷᠡᠭ ᠤᠳᠬ᠎ᠠ ᠨᠢᠭᠡᠨ ᠵᠦᠢᠯ ᠢ ᠮᠡᠳᠡᠬᠦ ᠪᠢᠯᠢᠭ ᠲᠠᠢ ᠪᠣᠯᠪᠠᠴᠤ       ᠬᠡᠵᠢᠶᠡᠳᠡ ᠦᠢᠯᠡ ᠪᠦᠬᠦᠨ ᠢ ᠮᠡᠳᠡᠬᠦᠶᠢᠨ ᠮᠠᠭᠠᠳ ᠦᠭᠡᠢ ᠪᠦᠯᠦᠭᠡ       ᠭᠡᠷ ᠮᠡᠲᠦ ᠤᠯᠠᠨ ᠢ ᠦᠵᠡᠨ ᠴᠢᠳᠠᠬᠤ ᠬᠤᠷᠴᠠᠨ ᠨᠢᠳᠦᠨ ᠢᠶᠠᠷ       ᠬᠡᠳᠦᠢ ᠰᠢᠷᠲᠡᠪᠡᠴᠦ ᠳᠠᠭᠤᠨ ᠢ ᠰᠣᠨᠣᠰᠣᠨ ᠦᠯᠦ ᠴᠢᠳᠠᠬᠤᠢ ᠮᠡᠲᠦ ᠠᠰᠤᠷᠤ ᠰᠢᠳᠤᠷᠭᠤ ᠪᠠᠷ ᠬᠡᠯᠡᠭᠰᠡᠨ ᠠᠴᠠ ᠭᠡᠮ ᠭᠠᠷᠬᠤᠢ ᠴᠦ ᠪᠣᠢ ᠪᠦᠭᠡᠳ ᠠᠶ᠎ᠠ ᠶᠢ ᠮᠡᠳᠡᠵᠦ ᠬᠠᠵᠠᠶᠢᠯᠭᠠᠨ ᠬᠡᠯᠡᠭᠰᠡᠨ ᠢᠶᠠᠷ ᠲᠤᠰᠠ ᠪᠣᠯᠬᠤᠢ ᠴᠦ ᠪᠣᠢ ᠪᠦᠯᠦᠭᠡ ᠠᠳᠠᠯᠢᠳᠬᠠᠪᠠᠰᠤ ᠵᠠᠷᠢᠮ ᠰᠢᠳᠤᠷᠭᠤ ᠵᠠᠮ ᠢᠶᠠᠷ ᠶᠠᠪᠤᠪᠠᠰᠤ ᠶᠠᠭᠤᠮᠠᠨ ᠳᠤᠷ ᠬᠤᠤᠷ ᠪᠣᠯᠬᠤ ᠪᠦᠭᠡᠳ ᠠᠷᠢᠭᠤᠨ ᠴᠠᠭᠠᠨ ᠯᠠᠪᠠᠢ ᠮᠤᠷᠤᠢ ᠡᠷᠬᠢᠬᠦᠯᠭᠡᠲᠦ ᠪᠣᠯᠪᠠᠴᠤ ᠬᠠᠳᠠᠭᠠᠯᠠᠪᠠᠰᠤ ᠦᠯᠵᠡᠢ ᠲᠠᠢ ᠮᠡᠲᠦ       ᠦᠨᠡᠨ ᠲᠦᠷᠦᠯᠬᠢ ᠵᠦᠭᠡᠯᠡᠨ ᠰᠠᠶᠢᠨ ᠬᠦᠮᠦᠨ ᠨᠦᠭᠦᠳ ᠲᠤᠷ ᠴᠦ       ᠦᠷᠬᠦᠯᠵᠢ ᠬᠠᠷᠰᠢᠯᠠᠨ ᠦᠢᠯᠡᠳᠪᠡᠰᠦ ᠬᠤᠤᠷᠯᠠᠬᠤ ᠰᠠᠨᠠᠭ᠎ᠠ ᠲᠦᠷᠦᠬᠦ       ᠦᠯᠢᠬᠡᠷᠯᠡᠪᠡᠰᠦ ᠽᠠᠨᠳᠠᠨ ᠮᠠᠰᠢ ᠰᠡᠷᠢᠬᠦᠨ ᠴᠢᠨᠠᠷ ᠲᠠᠢ ᠪᠣᠯᠪᠠᠴᠤ       ᠦᠨᠢ ᠤᠳᠠᠭᠠᠨ ᠬᠠᠪᠢᠷᠪᠠᠰᠤ ᠬᠠᠯᠠᠵᠤ ᠭᠠᠯ ᠭᠠᠷᠬᠤ ᠮᠡᠲᠦ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号