ᠥᠭᠡᠬᠦ ᠲᠣᠰᠤᠨ ᠠᠴᠠ ᠲᠠᠲᠠᠭᠠᠯᠵᠠᠪᠠᠯ ᠪᠡᠶ᠎ᠡ ᠮᠠᠬᠠᠪᠣᠳ ᠮᠠᠭᠤᠳᠠᠨ᠎ᠠ
ᠨᠡᠶᠢᠲᠡᠯᠡᠭᠰᠡᠨ ᠴᠠᠭ᠄
2022/6/30
                  ᠬᠥᠮᠥᠨ ᠤ ᠬᠤᠭᠤᠯᠠᠨ ᠳᠤ ᠵᠠᠪᠠᠯ ᠴᠤ ᠦᠭᠡᠢ ᠲᠣᠳᠣᠷᠬᠠᠢ ᠬᠡᠮᠵᠢᠶᠡᠨ ᠤ ᠥᠭᠡᠬᠦ᠂ ᠲᠣᠰᠣᠯᠢᠭ ᠪᠠᠶᠢᠬᠤ ᠶᠣᠰᠣᠲᠠᠢ ᠭᠡᠨ᠎ᠡ᠃       ᠰᠡᠭᠦᠯ ᠳᠤ ᠶᠠᠪᠤᠭᠤᠯᠤᠭᠰᠠᠨ ᠰᠤᠳᠤᠯᠭ᠎ᠠ ᠪᠠᠷ ᠥᠭᠡᠬᠦ᠂ ᠲᠣᠰᠣ ᠪᠠᠭ᠎ᠠ ᠲᠠᠢ ᠬᠤᠭᠤᠯᠠ ᠨᠢ ᠨᠠᠰᠤᠨ ᠠᠴᠠ ᠪᠠᠨ ᠡᠮᠦᠨ᠎ᠡ ᠥᠭᠡᠳᠡ ᠪᠣᠯᠬᠤ ᠡᠷᠡᠰᠳᠡᠯ ᠢ ᠨᠡᠮᠡᠭᠳᠡᠭᠦᠯᠳᠡᠭ ᠠᠵᠢ᠃       ᠲᠡᠭᠡᠪᠡᠯ ᠰᠠᠶ᠋ᠢᠬᠠᠨ ᠯᠠ ᠬᠤᠭᠤᠯᠠ ᠰᠤᠳᠤᠯᠤᠭᠠᠴᠢᠳ ᠥᠭᠡᠬᠦ᠂ ᠲᠣᠰᠤᠨ ᠠᠴᠠ ᠲᠠᠲᠠᠭᠠᠯᠵᠠᠬᠤ ᠶᠢ ᠵᠥᠪᠯᠡᠵᠦ ᠪᠠᠶᠢᠭᠰᠠᠨ ᠪᠢᠯᠡ᠃  ᠡᠷᠳᠡᠮᠲᠡᠳ ᠤᠨ ᠶᠠᠪᠤᠭᠤᠯᠤᠭᠰᠠᠨ ᠰᠤᠳᠤᠯᠭᠠᠨ ᠳᠤ 135000 ᠬᠦᠮᠦᠨ ᠣᠷᠣᠯᠴᠠᠵᠠᠢ᠃ ᠰᠤᠳᠤᠯᠭ᠎ᠠ ᠪᠠᠷ ᠥᠭᠡᠬᠦ᠂ ᠲᠣᠰᠣ ᠪᠠᠭ᠎ᠠ ᠢᠳᠡᠳᠡᠭ ᠬᠦᠮᠦᠰ ᠥᠭᠡᠬᠦ ᠶᠡᠬᠡᠲᠡᠢ ᠬᠤᠭᠤᠯᠠ ᠢᠳᠡᠵᠦ ᠪᠠᠶᠢᠭᠰᠠᠨ ᠬᠦᠮᠦᠰ ᠢ ᠪᠣᠳᠣᠪᠠᠯ ᠬᠤᠭᠤᠴᠠᠭᠠᠨ ᠠᠴᠠ ᠪᠠᠨ ᠡᠮᠦᠨ᠎ᠡ ᠨᠠᠰᠤ ᠪᠠᠷᠠᠬᠤ ᠮᠠᠭᠠᠳᠯᠠᠯ ᠶᠡᠭᠡ ᠪᠠᠶᠢᠭᠰᠠᠨ ᠭᠡᠨ᠎ᠡ᠃       ᠲᠡᠭᠦᠨᠴᠢᠯᠡᠨ ᠬᠤᠭᠤᠯᠠᠨ ᠳᠤ ᠪᠠᠨ ᠥᠭᠡᠬᠦ᠂ ᠲᠣᠰᠣ ᠶᠢ ᠪᠠᠭ᠎ᠠ ᠬᠡᠷᠡᠭᠯᠡᠵᠦ ᠪᠠᠶᠢᠭᠰᠠᠨ ᠬᠦᠮᠦᠰ ᠵᠢᠷᠦᠬᠡ᠂ ᠰᠤᠳᠠᠰᠤᠨ ᠤ ᠡᠪᠡᠳᠴᠢᠲᠡᠢ ᠪᠣᠯᠬᠤ ᠠᠶᠤᠯ ᠥᠨᠳᠥᠷ ᠪᠠᠶᠢᠪᠠ᠃       ᠡᠷᠳᠡᠮᠲᠡᠳ ᠬᠦᠮᠦᠨ ᠨᠡᠭᠦᠷᠡᠰᠦ ᠤᠰᠤ ᠪᠤᠶᠤ ᠲᠥᠮᠥᠰᠥ᠂ ᠲᠠᠯᠬ᠎ᠠ᠂  ᠴᠠᠭᠠᠨ ᠪᠤᠳᠠᠭ᠎ᠠ ᠵᠡᠷᠭᠡ ᠶᠢᠨ ᠬᠡᠷᠡᠭᠯᠡᠭᠡ ᠪᠠᠨ ᠪᠠᠭᠤᠷᠠᠭᠤᠯᠬᠤ ᠱᠠᠭᠠᠷᠳᠠᠯᠭ᠎ᠠ ᠲᠠᠢ ᠭᠡᠰᠡᠨ ᠳ᠋ᠦᠩᠨᠡᠯᠲᠡ ᠶᠢ ᠬᠢᠪᠡ᠃ ᠬᠥᠮᠥᠨ ᠤ ᠪᠡᠶ᠎ᠡ ᠮᠠᠬᠠᠪᠤᠳ ᠲᠤ ᠥᠭᠡᠬᠦ᠂ ᠲᠣᠰᠣ ᠨᠡᠩ ᠱᠠᠭᠠᠷᠳᠠᠯᠭ᠎ᠠ ᠲᠠᠢ ᠭᠡᠨ᠎ᠡ᠃ ᠲᠡᠳᠡᠭᠡᠷ ᠲᠠᠢ ᠬᠠᠮᠲᠤ ᠠᠮᠢᠨ ᠳᠡᠮ ᠤᠳ ᠪᠡᠶ᠎ᠡ ᠳᠤ ᠣᠴᠢᠳᠠᠭ ᠠᠵᠢ᠃      ᠭᠡᠬᠦ ᠳᠤ ᠪᠠᠨ ᠥᠭᠡᠬᠦ ᠲᠣᠰᠣ ᠶᠢ ᠵᠣᠬᠢᠰᠲᠠᠢ ᠬᠡᠷᠡᠭᠯᠡᠬᠦ ᠶᠢ ᠠᠩᠬᠠᠷᠤᠭᠠᠷᠠᠢ᠂ ᠶᠠᠮᠠᠷ ᠶᠠᠭᠤᠮ᠎ᠠ ᠴᠤ ᠬᠡᠮᠵᠢᠶ᠎ᠡ ᠠᠴᠠ ᠎ ᠪᠠᠨ ᠬᠡᠲᠦᠷᠡᠪᠡᠯ ᠬᠤᠣᠷ ᠪᠣᠯᠳᠠᠭ ᠭᠡᠳᠡᠭ ᠢ ᠪᠤᠤ ᠮᠠᠷᠲᠠᠭᠠᠷᠠᠢ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号