ᠦᠬᠡᠷ ᠤᠨ ᠮᠢᠬ᠎ᠠ ᠲᠡᠷᠡ ᠪᠡᠶ᠎ᠡ ᠪᠠᠷ ᠢᠶᠠᠨ ᠡᠮ
ᠨᠡᠶᠢᠲᠡᠯᠡᠭᠰᠡᠨ ᠴᠠᠭ᠄
2022/6/30
      ᠦᠬᠡᠷ ᠤᠨ ᠰᠦᠰᠦ᠄ ᠬᠠᠳᠠᠭᠠᠭᠠᠳ ᠬᠠᠯᠢᠰᠦ ᠶᠢ ᠨᠢ ᠠᠪᠴᠦ ᠬᠠᠶᠠᠭᠰᠠᠨ ᠤ ᠳᠠᠷᠠᠭ᠎ᠠ ᠬᠡᠷᠡᠭᠯᠡᠨ᠎ᠠ᠃ ᠴᠡᠷ ᠎ ᠢ ᠠᠷᠢᠯᠭᠠᠨ᠂ ᠬᠠᠪᠤᠳᠠᠷ ᠢ ᠬᠠᠷᠢᠭᠤᠯᠤᠨ᠎ᠠ︔ ᠬᠠᠷᠠᠭ᠎ᠠ ᠶᠢ ᠰᠠᠷᠠᠭᠤᠯᠵᠢᠭᠤᠯᠵᠤ ᠬᠠᠯᠠᠭᠤᠨ ᠬᠤᠤᠷ ᠢ ᠳᠠᠶᠢᠯᠤᠨ᠎ᠠ ︵ᠪᠠᠭᠠᠪᠠᠭᠠᠢ ᠶᠢᠨ ᠰᠦᠰᠦ ᠶᠢᠨ ᠤᠷᠤᠨ ᠳᠤ ᠴᠦ ᠬᠡᠷᠡᠭᠯᠡᠳᠡᠭ︶᠃ ᠰᠦᠰᠦ ᠶᠢ ᠬᠡᠷᠡᠭᠯᠡᠭᠰᠡᠨ ᠨᠠᠶᠢᠷᠠᠯᠳᠠ ᠬᠡᠪᠡᠯ᠄       ᠬᠠᠮᠠᠷ ᠠᠴᠠ ᠴᠢᠰᠦ ᠭᠠᠷᠬᠤ ᠳᠤ ︽ᠰᠦᠰᠦ — 4᠎ ᠶᠢᠨ ᠨᠠᠶᠢᠷᠠᠯᠳᠠ︾᠎ ᠶᠢ ᠤᠤᠭᠤᠨ᠎ᠠ᠃       ᠨᠢᠷᠠᠶᠢᠯᠠᠬᠤ ᠳᠤ ︽ᠪᠠᠷᠢᠳᠠᠽᠠᠼᠢᠨ — 5᠎ ᠶᠢᠨ ᠨᠠᠶᠢᠷᠠᠯᠳᠠ︾᠎ ᠶᠢ ᠤᠤᠭᠤᠨ᠎ᠠ᠃       ᠤᠮᠠᠢ ᠠᠴᠠ ᠴᠢᠰᠦ ᠭᠠᠷᠬᠤ ᠳᠤ ︽ᠯᠤᠨᠪᠤ ᠰᠦᠮᠵᠤᠤᠷ︾᠎ ᠢ ᠤᠤᠭᠤᠨ᠎ᠠ᠃       ᠬᠤᠳᠤᠭᠤᠳᠤ ᠬᠡᠳᠡᠰᠦ ᠶᠢᠨ ᠬᠤᠷᠤᠬᠠᠢ ᠬᠦᠬᠡᠬᠡᠬᠦ ᠪᠠ ᠤᠤᠯ ᠡᠪᠡᠳᠴᠢᠨ ᠠᠴᠠ ᠪᠤᠯᠵᠤ᠂ ᠬᠤᠭᠤᠯᠠᠢ ᠰᠦᠬᠡᠬᠦ ᠳᠤ᠂ ᠡᠮ ᠨᠠᠶᠢᠷᠠᠭᠤᠯᠵᠤ ᠪᠤᠯᠤᠨ᠎ᠠ᠃       ᠬᠢᠸᠠᠩ᠄ ᠭᠠᠰᠢᠭᠤᠨ᠂ ᠰᠡᠷᠢᠬᠦᠨ᠂ ᠪᠠᠭ᠎ᠠ ᠬᠤᠤᠷᠳᠠᠢ᠃ ᠬᠠᠯᠠᠭᠤᠨ ᠢ ᠠᠷᠢᠯᠭᠠᠵᠦ ᠬᠤᠤᠷ ᠳᠠᠶᠢᠯᠬᠤ ᠪᠠ ᠴᠡᠷ ᠢ ᠨᠡᠬᠡᠬᠡᠭᠳᠡᠬᠦᠯᠦᠨ ᠰᠤᠴᠢᠭᠰᠠᠨ ᠢ ᠠᠮᠤᠷᠵᠢᠭᠤᠯᠤᠨ᠎ᠠ᠃ ᠴᠤᠯᠤ ᠶᠢᠨ ᠬᠠᠯᠠᠭᠤᠨ᠂ ᠬᠠᠯᠳᠠᠪᠤᠷᠢᠳᠦ ᠡᠪᠡᠳᠴᠢᠨ ᠎ ᠢᠶᠠᠷ ᠬᠠᠯᠠᠭᠤᠷᠠᠬᠤ᠂ ᠰᠠ ᠡᠪᠡᠳᠴᠢᠨ᠂ ᠬᠡᠦᠬᠡᠳ ᠤᠨ ᠳᠡᠳᠡᠪᠡᠯᠵᠡᠬᠤ ᠡᠪᠡᠳᠴᠢᠨ᠂ ᠪᠠᠭᠠᠯᠵᠤᠤᠷ ᠬᠠᠪᠤᠳᠤᠨ ᠢᠯᠵᠡᠷᠡᠬᠤ᠂ ᠬᠠᠯᠠᠭᠤᠨ ᠴᠢᠨᠠᠷᠳᠠᠢ ᠤᠰᠤᠨ ᠬᠠᠪᠤᠡᠭ᠂ ᠰᠢᠷᠠᠯᠠᠬᠤ᠂ ᠡᠯᠢᠬᠡᠨ ᠬᠠᠯᠠᠭᠤᠨ᠂ ᠰᠦᠰᠦ ᠶᠢᠨ ᠬᠠᠯᠠᠭᠤᠨ ᠵᠡᠷᠬᠡ ᠬᠠᠯᠠᠭᠤᠨ ᠴᠢᠨᠠᠷᠳᠠᠢ ᠡᠪᠡᠳᠴᠢᠨ ᠨᠦᠭᠦᠳ ᠢ ᠭᠤᠤᠯᠳᠠᠭᠤ ᠵᠠᠰᠠᠨ᠎ᠠ᠃ ᠡᠬᠦᠨ ᠳᠤ ︽ᠯᠤᠨᠪᠤ ᠰᠦᠮᠵᠤᠤᠷ︾᠂ ︽ᠬᠢᠸᠠᠩ — 8᠎ ᠶᠢᠨ ᠨᠠᠶᠢᠷᠠᠯᠳᠠ︾᠂ ︽ᠬᠢᠸᠠᠩ — 9᠎ ᠶᠢᠨ ᠨᠠᠶᠢᠷᠠᠯᠳᠠ︾ ᠬᠡᠬᠦ ᠮᠡᠳᠦ ᠶᠢᠨ ᠵᠤᠷ ᠪᠤᠢ᠃       ᠳᠤᠭᠤᠯᠮᠠᠢ᠄ ᠰᠢᠳᠠᠭᠠᠵᠦ ᠬᠡᠮᠬᠡᠯᠡᠨ᠎ᠠ᠃ ᠭᠠᠰᠢᠭᠤᠨ᠂ ᠪᠦᠯᠢᠶᠡᠨ ᠴᠢᠨᠠᠷᠳᠠᠢ᠃ ᠴᠢᠰᠦ ᠵᠤᠭᠰᠤᠭᠠᠬᠤ ᠦᠢᠯᠡᠳᠦᠯ ᠲᠠᠢ᠃ ᠴᠢᠰᠦ ᠪᠠᠷ ᠳᠤᠭᠤᠯᠬᠤ᠂ ᠴᠢᠰᠦ ᠪᠠᠷ ᠰᠢᠬᠡᠬᠦ᠂ ᠤᠰᠤᠨ ᠬᠠᠪᠤᠳᠠᠷ᠂ ᠡᠮᠡᠭᠳᠡᠢ ᠶᠢᠨ ᠴᠢᠰᠦ ᠪᠠᠭᠤᠯᠭᠠᠬᠤ ᠵᠡᠷᠬᠡ ᠶᠢ ᠵᠠᠰᠠᠨ᠎ᠠ᠃       ᠮᠢᠬ᠎ᠠ᠄ ᠰᠡᠷᠢᠬᠦᠨ ᠭᠠᠵᠠᠷ ᠬᠠᠳᠠᠭᠠᠭᠠᠳ 1 — 2 ᠵᠢᠯ ᠬᠠᠳᠠᠭᠠᠭᠰᠠᠨ ᠤ ᠳᠠᠷᠠᠭ᠎ᠠ᠂ ᠨᠢᠴᠠᠯᠵᠦ ᠬᠡᠷᠡᠭᠯᠡᠨ᠎ᠠ᠃ ᠠᠮᠳᠠᠯᠢᠭ ᠪᠦᠬᠡᠳ ᠪᠦᠯᠢᠶᠡᠨ ᠴᠢᠨᠠᠷᠳᠠᠢ᠃ ᠨᠢᠶᠡᠨ ᠢ ᠠᠷᠢᠯᠭᠠᠵᠦ᠂ ᠬᠡᠢ ᠶᠢ ᠳᠠᠷᠤᠨ᠎ᠠ᠃       ᠪᠠᠳᠡᠬᠢ ᠶᠢ ᠵᠠᠰᠠᠬᠤ ᠳᠤ ᠬᠠᠳᠠᠭᠰᠠᠨ ᠮᠢᠬ᠎ᠠ 120 ᠭᠷᠡᠮ ᠤᠨ ᠳᠡᠭᠡᠷ᠎ᠠ 3 ᠭᠷᠡᠮ ᠴᠤᠬᠤᠢ ᠳᠦᠷᠬᠢᠬᠡᠳ ︵ᠰᠢᠳᠠᠭᠠᠵᠦ ᠨᠤᠨᠳᠠᠭᠯᠠᠭᠠᠳ︶ ᠵᠢᠩᠨᠡᠵᠦ ᠢᠳᠡᠨ᠎ᠠ᠃       ᠵᠢᠷᠦᠬᠡ ᠠᠮᠤᠷ ᠦᠬᠡᠢ ᠪᠤᠯᠬᠤ᠂ ᠵᠢᠷᠦᠬᠡ ᠳᠦᠭᠰᠢᠬᠦ᠂ ᠵᠢᠷᠦᠬᠡᠨ ᠡᠪᠡᠳᠴᠢᠨ ᠵᠡᠷᠬᠡ ᠳᠤ ︽ᠠᠭᠠᠷ — 10᠎ ᠶᠢᠨ ᠨᠠᠶᠢᠷᠠᠯᠳᠠ︾ ᠬᠢᠳᠡᠭ᠂ ᠦᠬᠡᠷ ᠤᠨ ᠮᠢᠬ᠎ᠠ ᠤᠷᠤᠭᠰᠠᠨ ᠳᠠᠯᠬ᠎ᠠ ᠤᠤᠭᠤᠨ᠎ᠠ᠃       ᠵᠢᠷᠦᠬᠡ᠄ ᠰᠡᠷᠢᠬᠦᠨ ᠭᠠᠵᠠᠷ ᠳᠠᠯᠪᠢᠵᠦ ᠬᠠᠳᠠᠭᠠᠭᠠᠳ ᠨᠤᠨᠳᠠᠭᠯᠠᠵᠦ ᠬᠡᠷᠡᠭᠯᠡᠨ᠎ᠠ᠃ ᠠᠮᠳᠠᠳᠠᠶᠢᠬᠠᠨ᠂ ᠪᠦᠯᠢᠶᠡᠨ ᠴᠢᠨᠠᠷᠳᠠᠢ᠃ ᠵᠢᠷᠦᠬᠡ ᠶᠢ ᠠᠮᠤᠷᠵᠢᠭᠤᠯᠬᠤ᠂ ᠬᠡᠢ ᠶᠢ ᠳᠠᠷᠤᠬᠤ ᠴᠢᠳᠠᠯ ᠲᠠᠢ᠃ ᠵᠢᠷᠦᠬᠡ ᠠᠮᠤᠷ ᠦᠬᠡᠢ ᠪᠤᠯᠬᠤ᠂ ᠵᠢᠷᠦᠬᠡ ᠡᠪᠡᠳᠬᠦ᠂ ᠮᠡᠳᠡᠷᠡᠯ ᠮᠠᠭᠤᠳᠠᠬᠤ᠂ ᠵᠢᠷᠦᠬᠡᠨ ᠬᠡᠢ ᠵᠡᠷᠬᠡ ᠶᠢ ᠵᠠᠰᠠᠨ᠎ᠠ᠃       ︽ᠪᠤᠷᠤᠭᠨᠢᠩ — 6᠎ ᠶᠢᠨ ᠨᠠᠶᠢᠷᠠᠯᠳᠠ︾᠂ ︽ᠭᠤᠶᠤᠤ — 13᠎ ᠶᠢᠨ ᠨᠠᠶᠢᠷᠠᠯᠳᠠ︾ ᠵᠡᠷᠬᠡ ᠦᠷᠢᠯ ᠡᠮ ᠳᠤ ᠤᠷᠤᠨ᠎ᠠ᠃       ᠦᠨᠢᠶᠡᠨ ᠰᠢᠬᠡᠰᠦ᠄ ᠰᠢᠨ᠎ᠠ ᠪᠠᠷ ᠨᠢ ᠪᠤᠶᠤ ᠬᠠᠨᠳᠠᠯᠠᠵᠦ ᠬᠡᠷᠡᠭᠯᠡᠨ᠎ᠠ᠃ ᠭᠠᠰᠢᠭᠤᠨ᠂ ᠪᠦᠯᠢᠶᠡᠪᠳᠦᠷ᠃ ᠤᠰᠤ ᠶᠢ ᠠᠷᠢᠯᠭᠠᠵᠤ᠂ ᠬᠠᠪᠤᠳᠠᠷ ᠢ ᠬᠠᠷᠢᠭᠤᠯᠬᠤ ᠦᠢᠯᠡᠳᠦᠯ ᠲᠠᠢ᠃       ᠦᠨᠢᠶᠡᠨ ᠰᠦ᠄ ᠳᠦᠬᠦᠬᠡᠢ ᠪᠠᠷ ᠪᠤᠶᠤ ᠪᠤᠴᠠᠯᠭᠠᠵᠦ ᠬᠡᠷᠡᠭᠯᠡᠨ᠎ᠠ᠃ ᠡᠮ ᠤᠨ ᠬᠦᠯᠬᠡ ᠴᠦ ᠬᠢᠨ᠎ᠠ᠃ ᠠᠮᠳᠠᠳᠠᠶᠢᠬᠠᠨ᠂ ᠰᠡᠷᠢᠬᠦᠪᠳᠦᠷ᠃ ᠠᠮᠤᠷᠵᠢᠭᠤᠯᠬᠤ᠂ ᠢᠳᠡᠰᠢ ᠰᠢᠩᠭᠡᠭᠡᠬᠦ᠂ ᠴᠡᠷ ᠠᠷᠢᠯᠭᠠᠬᠤ᠂ ᠠᠮᠢᠰᠬᠤᠭ᠎ᠠ ᠨᠠᠮᠳᠠᠭᠠᠬᠤ᠂ ᠪᠡᠶ᠎ᠡ ᠶᠢ ᠰᠢᠮᠡᠵᠢᠬᠦᠯᠬᠦ᠂ ᠤᠭᠤᠷᠠᠭ ᠰᠦ ᠶᠢ ᠨᠡᠮᠡᠭᠳᠡᠬᠦᠯᠬᠦ ᠦᠢᠯᠡᠳᠦᠯ ᠲᠠᠢ᠃       ᠰᠢᠷ᠎ᠠ ᠳᠤᠰᠤ᠄ ᠪᠡᠶ᠎ᠠ ᠶᠢ ᠰᠢᠮᠡᠵᠢᠬᠦᠯᠦᠨ ᠳᠡᠵᠢᠬᠡᠬᠦ᠂ ᠬᠡᠳᠡᠰᠦ ᠶᠢ ᠦᠩᠭᠡᠰᠢᠬᠦᠯᠬᠦ᠂ ᠬᠡᠢ ᠶᠢ ᠳᠠᠷᠤᠬᠤ ᠦᠢᠯᠡᠳᠦᠯ ᠲᠠᠢ᠃       ᠠᠭᠠᠷᠤᠤᠯ᠄ ᠬᠠᠯᠠᠭᠤᠨ ᠢ ᠠᠷᠢᠯᠭᠠᠬᠤ᠂ ᠬᠤᠤᠷ᠎ᠠ ᠶᠢ ᠳᠠᠶᠢᠯᠬᠤ᠂ ᠳᠤᠭᠤᠯᠭᠠᠬᠤ ᠶᠢ ᠵᠤᠭᠰᠤᠭᠠᠬᠤ ᠦᠢᠯᠡᠳᠦᠯ ᠲᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号