ᠬᠤᠨᠢᠨ ᠤ ᠮᠢᠬ᠎ᠠ ᠲᠡᠷᠡ ᠪᠡᠶ᠎ᠡ ᠪᠠᠷ ᠢᠶᠠᠨ ᠡᠮ
ᠨᠡᠶᠢᠲᠡᠯᠡᠭᠰᠡᠨ ᠴᠠᠭ᠄
2022/6/30
              ᠶᠠᠰᠦ᠄ ᠰᠢᠮ᠎ᠠ ᠨᠦᠬᠦᠵᠦ᠂ ᠬᠡᠢ ᠶᠢ ᠳᠠᠷᠤᠨ᠎ᠠ᠃ ᠳᠤᠯᠤᠭᠠᠢ ᠡᠷᠬᠢᠬᠦ᠂ ᠨᠢᠳᠦ ᠡᠷᠢᠶᠡᠯᠵᠡᠬᠦ᠂ ᠴᠢᠬᠢ ᠱᠤᠤᠬᠢᠬᠤ ᠵᠡᠷᠬᠡ ᠶᠢ ᠵᠠᠰᠠᠨ᠎ᠠ᠃       ᠵᠢᠷᠦᠬᠡ᠄ ᠵᠢᠷᠦᠬᠡ ᠶᠢ ᠠᠮᠤᠷᠵᠢᠭᠤᠯᠵᠤ᠂ ᠬᠡᠢ ᠶᠢ ᠳᠠᠷᠤᠨ᠎ᠠ᠃       ᠡᠯᠢᠬᠡ᠄ ᠡᠯᠢᠬᠡᠨ ᠤ ᠬᠡᠢ ᠶᠢ ᠳᠠᠷᠤᠵᠤ᠂ ᠬᠠᠷᠠᠭ᠎ᠠ ᠶᠢ ᠰᠠᠷᠠᠭᠤᠯᠵᠢᠭᠤᠯᠬᠤ ᠦᠢᠯᠡᠳᠦᠯ ᠲᠠᠢ᠃ ᠨᠢᠳᠦ ᠡᠷᠢᠶᠡᠯᠵᠡᠬᠦ᠂ ᠬᠠᠷᠠᠭ᠎ᠠ ᠮᠠᠭᠤᠳᠠᠭᠰᠠᠨ ᠵᠡᠷᠬᠡ ᠶᠢ ᠵᠠᠰᠠᠳᠠᠭ᠃ ᠮᠤᠩᠭᠤᠯᠴᠤᠳ ᠬᠤᠨᠢ ᠠᠯᠠᠮᠠᠭᠴᠠ ᠡᠯᠢᠬᠡ ᠶᠢ ᠦᠬᠡᠬᠦ ᠎ ᠪᠠᠷ ᠪᠠᠭᠯᠠᠵᠦ ᠰᠢᠷᠠᠵᠦ ᠢᠳᠡᠳᠡᠭ ᠵᠠᠩᠰᠢᠯ ᠪᠤᠢ᠃       ᠰᠦᠰᠦ᠄ ᠬᠠᠳᠠᠭᠠᠭᠠᠳ ᠬᠠᠯᠢᠰᠦ ᠶᠢ ᠨᠢ ᠱᠠᠭᠠᠯᠵᠦ ᠨᠤᠨᠳᠠᠭᠯᠠᠨ᠎ᠠ᠃ ᠬᠠᠯᠠᠭᠤᠨ ᠢ ᠠᠷᠢᠯᠭᠠᠵᠤ ᠬᠤᠤᠷ ᠳᠠᠶᠢᠯᠬᠤ᠂ ᠪᠤᠯᠴᠢᠩ ᠨᠡᠮᠡᠭᠳᠡᠬᠦᠯᠬᠦ᠂ ᠴᠢᠰᠦ ᠵᠤᠭᠰᠤᠭᠠᠬᠤ᠂ ᠡᠪᠡᠳᠬᠦ ᠶᠢ ᠨᠠᠮᠳᠠᠭᠠᠬᠤ᠂ ᠬᠠᠷᠠᠭ᠎ᠠ ᠰᠠᠷᠠᠭᠤᠯᠵᠢᠭᠤᠯᠬᠤ ᠦᠢᠯᠡᠳᠦᠯ ᠲᠠᠢ ᠪᠦᠬᠡᠳ ᠢᠳᠡᠬᠡᠨ ᠳᠤ ᠬᠤᠤᠷᠳᠠᠬᠤ ᠶᠢ ᠵᠠᠰᠠᠨ᠎ᠠ᠃       ᠳᠠᠷᠢᠬᠢ᠄ ᠪᠡᠶ᠎ᠠ ᠳᠠᠮᠢᠷᠳᠠᠬᠤ᠂ ᠳᠤᠯᠤᠭᠠᠢ ᠡᠷᠬᠢᠬᠦ᠂ ᠨᠢᠳᠦ ᠡᠷᠢᠶᠡᠯᠵᠡᠬᠦ ᠶᠢ ᠵᠠᠰᠠᠨ᠎ᠠ᠃       ᠬᠤᠭᠤᠯᠠᠢ᠄ ᠪᠤᠯᠴᠢᠷᠬᠠᠢ ᠪᠠ ᠬᠤᠭᠤᠯᠠᠢ ᠡᠪᠡᠳᠬᠦ ᠳᠤ ᠳᠤᠰᠠᠳᠠᠢ᠃       ᠳᠦᠮᠦᠰᠦ ︵ᠭᠠᠳᠠᠷ ᠪᠦᠬᠡᠷ᠎ᠠ︶᠄ ᠬᠤᠨᠢᠨ ᠤ ᠰᠦ ᠳᠤ ᠴᠢᠨᠠᠵᠦ ᠪᠤᠯᠭᠤᠪᠠᠯ ᠠᠷᠭ᠎ᠠ ᠶᠢ ᠳᠠᠮᠢᠷᠵᠢᠭᠤᠯᠬᠤ᠂ ᠳᠤᠰᠤᠯ ᠠᠯᠳᠠᠬᠤ ᠶᠢ ᠵᠠᠰᠠᠬᠤ ᠴᠢᠳᠠᠯ ᠲᠠᠢ᠃       ᠪᠦᠬᠡᠷ᠎ᠠ᠄ ᠬᠠᠳᠠᠭᠠᠵᠦ ᠨᠤᠨᠳᠠᠭᠯᠠᠨ᠎ᠠ᠃ ᠪᠦᠬᠡᠷ᠎ᠠ ᠶᠢᠨ ᠬᠦᠢᠳᠡᠨ ᠢ ᠠᠷᠢᠯᠭᠠᠬᠤ᠂ ᠡᠮᠡᠭᠳᠡᠢ ᠶᠢᠨ ᠪᠦᠬᠡᠷ᠎ᠠ ᠎ ᠶᠢᠨ ᠡᠪᠡᠳᠴᠢᠨ᠂ ᠬᠤᠶᠠᠩ ᠢᠶᠠᠷ ᠨᠢᠷᠦᠭᠤ ᠡᠪᠡᠳᠬᠦ᠂ ᠳᠠᠪᠤᠰᠠᠩ ᠢᠶᠠᠷ ᠡᠪᠡᠳᠬᠦ ᠶᠢ ᠵᠠᠰᠠᠬᠤ ᠴᠢᠳᠠᠯ ᠲᠠᠢ᠃       ᠮᠢᠬ᠎ᠠ᠄ ᠬᠡᠢ ᠶᠢ ᠳᠠᠷᠤᠵᠤ᠂ ᠪᠠᠳᠭᠠᠨ ᠢ ᠬᠦᠬᠡᠬᠡᠨ᠎ᠠ᠃ ᠤᠯᠠᠩᠬᠢ ᠳᠠᠭᠠᠨ ᠡᠮ ᠤᠨ ᠬᠦᠯᠬᠡ ᠪᠠᠷ ᠬᠡᠷᠡᠭᠯᠡᠨ᠎ᠠ᠃       ᠰᠦ᠄ ᠬᠡᠢ ᠶᠢ ᠳᠠᠷᠤᠨ᠎ᠠ᠃ ᠢᠯᠠᠩᠭᠤᠶ᠎ᠠ ᠳᠦᠬᠦᠬᠡᠢ ᠰᠦ ᠪᠤᠯ ᠬᠦᠯ ᠪᠤᠷᠤᠯᠠᠵᠦ ᠡᠪᠡᠳᠬᠦ ᠶᠢ ᠵᠠᠰᠠᠨ᠎ᠠ᠃       ᠦᠬᠡᠬᠦ᠄ ᠰᠢᠮᠡᠵᠢᠬᠦᠯᠬᠦ ᠴᠢᠳᠠᠯ ᠲᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号