ᠲᠡᠮᠡᠭᠡᠨ ᠤ ᠮᠢᠬ᠎ᠠ ᠲᠡᠷᠡ ᠪᠡᠶ᠎ᠡ ᠪᠠᠷ ᠢᠶᠠᠨ ᠡᠮ
ᠨᠡᠶᠢᠲᠡᠯᠡᠭᠰᠡᠨ ᠴᠠᠭ᠄
2022/6/30
              ᠰᠦ᠄ ᠰᠢᠮ᠎ᠠ ᠳᠡᠵᠢᠬᠡᠯ ᠶᠡᠭᠡ ᠲᠠᠢ᠃ ᠳᠦᠬᠦᠬᠡᠢ ᠪᠠᠷ ᠪᠤᠶᠤ ᠢᠰᠬᠡᠵᠦ ᠬᠡᠷᠡᠭᠯᠡᠨ᠎ᠠ᠃ ᠬᠤᠤᠷᠳᠤ ᠬᠤᠷᠤᠬᠠᠢ ᠪᠤᠶᠤ ᠮᠤᠭᠠᠢ ᠳᠤ ᠬᠠᠳᠬᠤᠭᠳᠠᠭᠰᠠᠨ ᠰᠢᠷᠬ᠎ᠠ ᠶᠢ ᠤᠬᠢᠶᠠᠪᠠᠯ ᠰᠠᠶᠢᠨ᠃       ᠮᠢᠬ᠎ᠠ᠄ ᠴᠢᠨᠠᠵᠦ ᠢᠳᠡᠪᠡᠯ ᠴᠢᠰᠦ ᠳᠠᠮᠢᠷ ᠢ ᠨᠦᠬᠦᠵᠦ᠂ ᠰᠢᠷᠪᠦᠰᠦ ᠶᠢ ᠴᠢᠩᠭᠠᠷᠠᠭᠤᠯᠤᠨ᠎ᠠ᠃ ᠳᠦᠬᠦᠬᠡᠢ ᠎ ᠪᠠᠷ ᠪᠤᠶᠤ ᠬᠠᠳᠠᠭᠠᠭᠠᠳ ᠡᠮ ᠳᠤ ᠬᠡᠷᠡᠭᠯᠡᠪᠡᠯ ᠬᠠᠯᠠᠭᠤᠨ ᠢ ᠠᠷᠢᠯᠭᠠᠵᠦ᠂ ᠰᠤᠴᠢᠭᠰᠠᠨ ᠢ ᠨᠠᠮᠳᠠᠭᠤᠯᠤᠨ᠎ᠠ᠃ ᠰᠢᠷ᠎ᠠ ᠎ ᠠᠴᠠ ᠪᠤᠯᠤᠭᠰᠠᠨ ᠰᠤᠯᠢᠶ᠎ᠠ ᠡᠪᠡᠳᠴᠢᠨ ᠢ ᠵᠠᠰᠠᠨ᠎ᠠ᠃       ᠨᠤᠤᠰᠦ᠄ ᠰᠢᠳᠠᠭᠠᠵᠦ ᠤᠤᠭᠤᠪᠠᠯ ᠱᠠᠮᠪᠠᠷᠠᠮ ᠢ ᠵᠠᠰᠠᠨ᠎ᠠ᠃ ᠬᠠᠮᠠᠷ ᠠᠴᠠ ᠴᠢᠰᠦ ᠭᠠᠷᠬᠤ ᠶᠢ ᠵᠤᠭᠰᠤᠭᠠᠨ᠎ᠠ       ᠦᠬᠡᠬᠦ᠄ ᠬᠠᠳᠠᠭᠰᠠᠨ ᠢ ᠰᠢᠮᠡᠵᠢᠬᠦᠯᠵᠦ ᠴᠢᠰᠦ ᠶᠢ ᠠᠮᠢᠵᠢᠷᠠᠭᠤᠯᠵᠤ᠂ ᠬᠠᠪᠤᠳᠠᠷ ᠢ ᠳᠠᠷᠬᠠᠭᠠᠨ᠎ᠠ᠃       ᠶᠠᠰᠦ᠄ ᠬᠠᠳᠠᠭᠠᠵᠦ ᠨᠤᠨᠳᠠᠭᠯᠠᠬᠤ ᠪᠤᠶᠤ ᠰᠢᠳᠠᠭᠠᠨ᠎ᠠ᠃ ᠤᠰᠤ ᠶᠢ ᠠᠷᠢᠯᠭᠠᠵᠦ᠂ ᠬᠠᠪᠤᠳᠠᠷ ᠢ ᠳᠠᠷᠬᠠᠭᠠᠨ᠎ᠠ ᠃ ᠰᠢᠬᠡᠰᠦ ᠬᠤᠷᠢᠭᠳᠠᠭᠰᠠᠨ ᠢ ᠵᠠᠰᠠᠨ᠎ᠠ᠃       ᠮᠤᠷᠢ       ᠴᠡᠭᠡ᠄ ᠮᠤᠩᠭᠤᠯ ᠤᠨ ᠠᠮᠳᠠᠳᠤ ᠤᠮᠳᠠᠭᠠᠨ ᠢᠳᠡᠬᠡᠨ ᠤ ᠵᠠᠰᠠᠯ ᠳᠤ ᠴᠢᠬᠤᠯᠠ ᠬᠡᠷᠡᠭᠯᠡᠭᠳᠡᠨ᠎ᠠ᠃ ᠬᠤᠳᠤᠭᠤᠳᠤ ᠰᠠᠶᠢᠵᠢᠷᠠᠭᠤᠯᠬᠤ᠂ ᠢᠳᠡᠰᠢ ᠬᠤᠷᠢᠭᠰᠠᠨ ᠢ ᠳᠠᠷᠬᠠᠭᠠᠬᠤ᠂ ᠬᠠᠯᠠᠭᠤᠨ ᠢ ᠠᠷᠢᠯᠭᠠᠬᠤ᠂ ᠠᠭᠤᠰᠬᠢ ᠶᠢ ᠰᠢᠮᠡᠵᠢᠬᠦᠯᠬᠦ᠂ ᠬᠠᠪᠤᠳᠠᠷ ᠢ ᠬᠠᠷᠢᠭᠤᠯᠬᠤ᠂ ᠬᠤᠤᠷ ᠳᠠᠶᠢᠯᠬᠤ᠂ ᠪᠡᠶ᠎ᠠ ᠶᠢ ᠳᠠᠮᠢᠷᠵᠢᠭᠤᠯᠬᠤ ᠴᠢᠳᠠᠯ ᠲᠠᠢ᠃ ᠳᠡᠯᠢᠬᠦᠦ ᠬᠤᠳᠤᠭᠤᠳᠤᠨ ᠤ ᠡᠪᠡᠳᠴᠢᠨ᠂ ᠠᠭᠤᠰᠬᠢᠨ ᠰᠦᠷᠢᠶ᠎ᠠ ᠪᠠᠷ ᠬᠠᠨᠢᠶᠠᠬᠤ᠂ ᠪᠡᠶ᠎ᠠ ᠬᠠᠪᠤᠳᠴᠦ ᠬᠦᠬᠡᠬᠡᠬᠦ᠂ ᠬᠤᠭᠤᠯᠠᠨ ᠎ ᠤ ᠳᠤᠷᠠᠰᠢᠯ ᠮᠠᠭᠤᠳᠠᠬᠤ᠂ ᠪᠠᠭᠠᠰᠦ ᠬᠠᠳᠠᠬᠤ᠂ ᠪᠠᠳᠡᠬᠢᠰᠢᠵᠦ ᠬᠠᠳᠠᠭᠤᠷᠠᠬᠤ᠂ ᠳᠠᠮᠢᠷ ᠠᠯᠳᠠᠷᠠᠬᠤ ᠪᠠ ᠱᠠᠮᠪᠠᠷᠠᠮ ᠵᠡᠷᠬᠡ ᠶᠢ ᠵᠠᠰᠠᠨ᠎ᠠ᠃       ᠡᠳᠦᠷ ᠲᠤ ᠭᠤᠷᠪᠠᠨ ᠤᠳᠠᠭ᠎ᠠ᠂ ᠤᠳᠠᠭ᠎ᠠ ᠪᠦᠷᠢ 300 — 600 ᠭᠷᠠᠮ ᠤᠤᠭᠤᠨ᠎ᠠ᠃ ᠨᠡᠯᠢᠶᠡᠳ ᠤᠤᠭᠤᠪᠠᠯ ᠰᠤᠭᠳᠤᠬᠤ ᠤᠴᠢᠷ ᠠᠴᠠ ᠪᠡᠶ᠎ᠠ ᠶᠢᠨ ᠪᠠᠶᠢᠳᠠᠯ ᠢᠶᠠᠨ ᠦᠵᠡᠵᠦ ᠤᠤᠭᠤᠪᠠᠯ ᠵᠤᠬᠢᠨ᠎ᠠ᠃ 21 ᠬᠤᠨᠤᠭ ᠎ ᠢᠶᠠᠷ ᠬᠤᠭᠤᠴᠠᠭᠠᠯᠠᠵᠦ ᠡᠮᠨᠡᠪᠡᠯ ᠳᠤᠰᠠ ᠪᠤᠯᠤᠨ᠎ᠠ᠃       ᠮᠢᠬ᠎ᠠ᠄ ᠤᠬᠢᠶᠠᠵᠦ ᠬᠠᠳᠠᠭᠠᠨ᠎ᠠ᠃ ᠠᠮᠳᠠᠳᠠᠶᠢᠬᠠᠨ᠂ ᠪᠦᠯᠢᠶᠡᠨ᠃ ᠬᠠᠯᠠᠭᠤᠨ ᠢ ᠨᠡᠮᠡᠭᠳᠡᠬᠦᠯᠬᠦ᠂ ᠬᠤᠳᠤᠭᠤᠳᠤ ᠶᠢ ᠳᠤᠯᠠᠭᠠᠴᠠᠭᠤᠯᠬᠤ᠂ ᠬᠡᠢ ᠶᠢ ᠳᠠᠷᠤᠬᠤ ᠴᠢᠳᠠᠯ ᠲᠠᠢ᠃ ᠮᠠᠯᠴᠢᠳ ᠮᠤᠷᠢᠨ ᠮᠢᠬ᠎ᠠ ᠶᠢ ᠬᠠᠯᠠᠭᠤᠨ ᠴᠢᠨᠠᠷᠳᠠᠢ ᠬᠡᠵᠦ ᠡᠪᠦᠯ ᠢᠳᠡᠳᠡᠭ ᠶᠤᠮ᠃       ᠳᠤᠭᠤᠷᠠᠢ᠄ ᠠᠷᠠᠰᠤᠨ ᠤ ᠡᠪᠡᠳᠴᠢᠨ ᠳᠤ ᠳᠤᠰᠠᠳᠠᠢ᠃       ᠶᠠᠰᠦ᠄ ᠤᠬᠢᠶᠠᠵᠦ ᠬᠠᠳᠠᠭᠠᠭᠠᠳ ᠨᠤᠨᠳᠠᠭᠯᠠᠨ᠎ᠠ᠃ ᠬᠡᠢ ᠶᠢ ᠳᠠᠷᠤᠬᠤ᠂ ᠵᠢᠷᠦᠬᠡ ᠶᠢ ᠠᠮᠤᠷᠵᠢᠭᠤᠯᠬᠤ ᠰᠢᠷ᠎ᠠ ᠤᠰᠤ ᠶᠢ ᠬᠠᠳᠠᠭᠠᠬᠤ ᠴᠢᠳᠠᠯ ᠲᠠᠢ᠃       ᠴᠢᠰᠦ᠄ ᠵᠢᠷᠮᠦᠰᠦᠯᠡᠬᠦ ᠶᠢ ᠵᠤᠭᠰᠤᠭᠠᠬᠤ ᠴᠢᠳᠠᠯ ᠲᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号