| | ᠬᠥᠮᠥᠨ ᠤ ᠪᠡᠶ᠎ᠡ ᠳᠤ ᠡᠭᠦᠰᠴᠦ ᠪᠣᠯᠬᠤ ᠡᠪᠡᠳᠴᠢᠨ ᠡᠮᠭᠡᠭ ᠤᠨ 60 — 70 ᠬᠤᠪᠢ ᠨᠢ ᠬᠤᠭᠤᠯᠠ | ᠲᠡᠵᠢᠭᠡᠯ ᠠᠴᠠ ᠪᠤᠶᠤ ᠪᠤᠷᠤᠭᠤ ᠬᠤᠭᠤᠯᠠᠯᠠᠭᠰᠠᠨ ᠠᠴᠠ ᠡᠭᠦᠰᠴᠦ ᠪᠠᠶᠢᠭ᠎ᠠ ᠶᠢ ᠡᠷᠳᠡᠮᠲᠡᠳ ᠠᠯᠢ ᠬᠡᠳᠦᠶᠢᠨ | ᠲᠣᠭᠲᠠᠭᠠᠭᠰᠠᠨ ᠃ | ᠪᠢᠳᠠ ᠲᠣᠬᠢᠷᠠᠭᠰᠠᠨ ᠡᠷᠡᠭᠦᠯ ᠬᠤᠭᠤᠯᠠ ᠬᠦᠨᠡᠰᠦ ᠂ ᠢᠳᠡᠭᠡ ᠤᠮᠳᠠᠭ᠎ᠠ ᠶᠢ ᠵᠥᠪ ᠬᠡᠷᠡᠭᠯᠡᠵᠦ ᠵᠠᠩᠰᠢᠪᠠᠯ | ᠡᠪᠡᠳᠴᠢᠨ ᠠᠴᠠ ᠤᠷᠢᠳᠴᠢᠯᠠᠨ ᠰᠡᠷᠭᠡᠶᠢᠯᠡᠬᠦ ᠂ ᠪᠡᠶ᠎ᠡ ᠮᠠᠬᠠᠪᠤᠳ ᠤᠨ ᠡᠪᠡᠳᠴᠢᠨ ᠡᠰᠡᠷᠭᠦᠴᠡᠬᠦ ᠴᠢᠳᠠᠪᠤᠷᠢ ᠶᠢ | ᠨᠡᠮᠡᠭᠳᠡᠭᠦᠯᠵᠦ ᠂ ᠡᠪᠡᠳᠴᠢᠨ ᠢ ᠠᠨᠠᠭᠠᠬᠤ ᠬᠦᠴᠦ ᠶᠢ ᠳᠡᠮᠵᠢᠬᠦ ᠤᠯᠠᠮ ᠢᠶᠠᠷ ᠤᠷᠲᠤ ᠨᠠᠰᠤᠯᠠᠬᠤ ᠳᠤ ᠨᠥᠯᠥᠭᠡᠯᠡᠳᠡᠭ | ᠪᠣᠯᠬᠤ ᠶᠢ ᠰᠠᠨᠠᠬᠤ ᠬᠡᠷᠡᠭᠲᠡᠢ ᠃ | ᠡᠷᠡᠭᠦᠯ ᠵᠥᠪ ᠬᠤᠭᠤᠯᠠᠯᠠᠬᠤ ᠶᠢᠨ ᠲᠤᠯᠠᠳᠠ ᠴᠠᠭᠠᠨ ᠢᠳᠡᠭᠡ ᠶᠢ ᠬᠦᠨᠡᠰᠦᠨ ᠳᠤ ᠪᠠᠨ ᠲᠦᠯᠬᠢᠭᠦᠦ ᠬᠡᠷᠡᠭᠯᠡᠬᠦ | ᠬᠡᠷᠡᠭᠲᠡᠢ ᠃ ᠴᠠᠭᠠᠨ ᠢᠳᠡᠭᠡ ᠨᠢ 15000 ᠵᠢᠯ ᠢ ᠲᠤᠭᠤᠯᠵᠤ ᠢᠷᠡᠭᠡᠳ ᠂ ᠣᠳᠣ ᠴᠦ ᠦᠨ᠎ᠡ ᠴᠡᠨ᠎ᠡ ᠪᠠᠨ | ᠠᠯᠳᠠᠭ᠎ᠠ ᠦᠭᠡᠢ ᠶᠠᠪᠤᠭ᠎ᠠ ᠰᠢᠯᠢᠳᠡᠭ ᠬᠦᠨᠡᠰᠦ ᠭᠡᠳᠡᠭ ᠢ ᠪᠢᠳᠠ ᠮᠠᠷᠲᠠᠵᠤ ᠪᠣᠯᠬᠤ ᠦᠭᠡᠢ ᠃ ᠡᠷᠲᠡ ᠳᠡᠭᠡᠷ᠎ᠡ | ᠦᠶ᠎ᠡ ᠠᠴᠠ ᠴᠠᠭᠠᠨ ᠢᠳᠡᠭᠡ ᠶᠢ ᠶᠡᠭᠡ ᠪᠠᠷ ᠬᠡᠷᠡᠭᠯᠡᠵᠦ ᠪᠠᠶᠢᠭᠰᠠᠨ ᠤᠴᠢᠷ ᠶᠠᠩᠵᠤ ᠪᠦᠷᠢ ᠶᠢᠨ ᠡᠪᠡᠳᠴᠢᠨ | ᠡᠮᠭᠡᠭ ᠲᠤ ᠥᠷᠲᠥᠭᠡ ᠪᠠᠶᠢᠵᠠᠢ ᠃ | ᠡᠷᠲᠡᠨ ᠳᠡᠭᠡᠨ ᠬᠦᠨᠡᠰᠦᠨ ᠤ ᠦᠨᠳᠦᠰᠦᠨ ᠬᠡᠷᠡᠭᠴᠡᠭᠡᠨ ᠤ 55 ᠬᠤᠪᠢ ᠶᠢ ᠴᠠᠭᠠᠨ ᠢᠳᠡᠭᠡ ᠂ 20 | ᠭᠠᠷᠤᠶᠢᠬᠠᠨ ᠬᠤᠪᠢ ᠶᠢ ᠮᠢᠬ᠎ᠠ ᠡᠵᠡᠯᠡᠵᠦ ᠪᠠᠶᠢᠵᠠᠢ ᠃ ᠢᠯᠠᠩᠭᠤᠶ᠎ᠠ ᠵᠤᠨ ᠤ ᠤᠯᠠᠷᠢᠯ ᠳᠤ ᠬᠦᠨᠡᠰᠦᠨ ᠳᠤ ᠪᠠᠨ ᠳᠠᠩ | ᠴᠠᠭᠠᠨ ᠢᠳᠡᠭᠡ ᠬᠡᠷᠡᠭᠯᠡᠵᠦ ᠢᠷᠡᠭᠰᠡᠨ ᠨᠢ ᠤᠴᠢᠷᠲᠠᠢ ᠃ ᠴᠠᠭᠠᠨ ᠢᠳᠡᠭᠡ ᠲᠤᠰ ᠪᠦᠷᠢ ᠶᠢᠨ ᠣᠨᠴᠠᠯᠢᠭ ᠠᠴᠠ | ᠲᠠᠨ ᠳᠤ ᠬᠦᠷᠭᠡᠶ᠎ᠡ ᠃ | ᠠᠭᠠᠷᠤᠤᠯ | ᠠᠮᠲᠠᠯᠢᠭ ᠂ ᠢᠰᠬᠦᠯᠡᠩ ᠂ ᠲᠣᠰᠣᠨ ᠤ ᠵᠦᠢᠯ ᠶᠡᠭᠡ ᠠᠭᠤᠯᠤᠭᠰᠠᠨ ᠲᠤᠯᠠ ᠰᠢᠮ᠎ᠡ ᠲᠡᠵᠢᠭᠡᠯ ᠰᠠᠶᠢᠲᠠᠢ ᠂ | ᠪᠡᠶ᠎ᠡ ᠶᠢᠨ ᠬᠤᠣᠷ ᠢ ᠲᠠᠶᠢᠯᠵᠤ ᠲᠠᠮᠢᠷᠵᠢᠭᠤᠯᠬᠤ ᠦᠢᠯᠡᠳᠦᠯ ᠲᠠᠢ ᠃ ᠪᠤᠴᠠᠯᠤᠭᠰᠠᠨ ᠤᠰᠤ ᠪᠣᠯᠣᠨ ᠬᠠᠷ᠎ᠠ ᠴᠠᠢ ᠳᠤ | ᠬᠢᠵᠦ ᠂ ᠰᠢᠭᠦᠰᠦ ᠶᠢ ᠨᠢ ᠤᠤᠭᠤᠬᠤ ᠳᠤ ᠡᠯᠢᠭᠡ ᠂ ᠰᠥᠰᠥᠨ ᠤ ᠡᠪᠡᠳᠴᠢᠨ ᠂ ᠴᠢᠰᠤ ᠬᠥᠭᠡᠷᠬᠦ ᠂ ᠲᠣᠯᠣᠭᠠᠢ | ᠡᠪᠡᠳᠬᠦ ᠳᠤ ᠲᠤᠰᠠᠲᠠᠢ ᠃ ᠤᠰᠤ ᠥᠭᠡᠷᠡᠴᠢᠯᠡᠭᠳᠡᠵᠦ ᠂ ᠭᠡᠳᠡᠰᠦ ᠬᠤᠳᠣᠭᠤᠳᠤ ᠡᠪᠡᠳᠬᠦ ᠦᠶ᠎ᠡ ᠳᠤ ᠠᠭᠠᠷᠤᠤᠯ ᠤᠨ | ᠱᠥᠯᠥ ᠶᠢ ᠤᠤᠭᠤᠬᠤ ᠳᠤ ᠳᠠᠷᠤᠭᠳᠠᠨ᠎ᠠ ᠃ | ᠲᠠᠷᠠᠭ | ᠣᠷᠴᠢᠨ ᠦᠶ᠎ᠡ ᠶᠢᠨ ᠡᠷᠳᠡᠮᠲᠡᠳ ᠤᠨ ᠰᠤᠳᠤᠯᠭᠠᠨ ᠢᠶᠠᠷ ᠬᠠᠪᠤᠳᠠᠷ ᠤᠨ ᠡᠰᠡᠷᠭᠦ ᠦᠢᠯᠡᠳᠦᠯ ᠲᠠᠢ ᠨᠢ | ᠲᠣᠭᠲᠠᠭᠠᠭᠳᠠᠭᠰᠠᠨ ᠃ ᠮᠥᠨ ᠳᠠᠷᠬᠠᠯᠠᠯ ᠤᠨ ᠰᠢᠰᠲ᠋ᠧᠮ ᠢ ᠢᠳᠡᠪᠬᠢᠵᠢᠭᠦᠯᠬᠦ ᠂ ᠬᠤᠣᠷᠳᠠᠯᠭ᠎ᠠ ᠠᠴᠠ ᠰᠡᠷᠭᠡᠶᠢᠯᠡᠬᠦ ᠂ | ᠲᠤᠷᠠᠭᠠᠬᠤ ᠂ ᠭᠡᠳᠡᠰᠦᠨ ᠤ ᠡᠯᠳᠡᠪ ᠡᠪᠡᠳᠴᠢᠨ ᠢ ᠳᠠᠷᠤᠬᠤ ᠂ ᠰᠤᠳᠠᠰᠤᠨ ᠤ ᠬᠠᠨ᠎ᠠ ᠶᠢᠨ ᠬᠠᠲᠠᠭᠤᠷᠠᠯ ᠪᠣᠯᠣᠨ ᠡᠯᠢᠭᠡ ᠂ | ᠰᠥᠰᠥ ᠂ ᠠᠷᠠᠰᠤᠨ ᠤ ᠡᠪᠡᠳᠴᠢᠨ ᠠᠴᠠ ᠰᠡᠷᠭᠡᠶᠢᠯᠡᠬᠦ ᠳᠤ ᠲᠤᠰᠠᠲᠠᠢ ᠃ | ᠠᠶᠢᠷᠠᠭ | ᠰᠢᠨ᠎ᠡ ᠦᠶ᠎ᠡ ᠳᠤ ᠪᠠᠨ ᠢᠰᠬᠦᠯᠡᠩ ᠂ ᠡᠬᠡᠭᠦᠨ ᠠᠮᠲᠠᠲᠠᠢ ᠃ ᠬᠤᠳᠣᠭᠤᠳᠤᠨ ᠤ ᠢᠯᠴᠢᠯᠡᠭᠡ ᠶᠢ ᠡᠭᠦᠰᠬᠡᠨ | ᠬᠤᠭᠤᠯᠠ ᠰᠢᠩᠭᠡᠭᠡᠯᠲᠡ ᠶᠢ ᠰᠠᠶᠢᠵᠢᠷᠠᠭᠤᠯᠳᠠᠭ ᠪᠠ ᠳᠡᠯᠢᠭᠦᠨ ᠤ ᠡᠪᠡᠳᠴᠢᠨ ᠂ ᠡᠯᠢᠭᠡ ᠂ ᠰᠥᠰᠥᠨ ᠤ ᠡᠪᠡᠳᠴᠢᠨ ᠳᠤ | ᠰᠠᠶᠢᠨ ᠃ ᠡᠷᠲᠡ ᠦᠶ᠎ᠡ ᠠᠴᠠ ᠠᠭᠤᠰᠬᠢᠨ ᠤ ᠬᠠᠳᠬᠤᠭ᠎ᠠ ᠂ ᠰᠦᠷᠢᠶ᠎ᠡ ᠂ ᠵᠢᠷᠦᠬᠡᠨ ᠤ ᠳᠠᠷᠤᠯᠲᠠ ᠶᠡᠬᠡᠰᠬᠦ ᠂ ᠤᠰᠤᠨ | ᠬᠠᠪᠤᠩ ᠂ ᠬᠥᠯ ᠂ ᠨᠢᠷᠤᠭᠤᠨ ᠤ ᠡᠪᠡᠳᠴᠢᠨ ᠳᠤ ᠬᠡᠷᠡᠭᠯᠡᠵᠦ ᠢᠷᠠᠵᠠᠢ ᠃ | ᠠᠭᠠᠷᠴᠠ | ᠰᠦᠨ ᠤ ᠬᠦᠴᠢᠯ ᠨᠢ ᠨᠠᠶᠢᠷᠠᠯᠭ᠎ᠠ ᠳᠤ ᠪᠠᠨ ᠬᠥᠮᠥᠨ ᠤ ᠪᠡᠶ᠎ᠡ ᠳᠤ ᠡᠭᠦᠰᠴᠦ ᠪᠤᠢ ᠪᠣᠯᠳᠠᠭ ᠦᠭᠡᠢ ᠂ | ᠣᠷᠣᠯᠠᠭᠤᠯᠤᠰᠢ ᠦᠭᠡᠢ ᠠᠮᠢᠨ ᠬᠦᠴᠢᠯ ᠤᠳ ᠪᠦᠬᠦᠢ ᠤᠭᠤᠷᠠᠭ ᠂ ᠡᠷᠦᠳᠡᠰᠦ ᠪᠣᠳᠠᠰ ᠂ ᠣᠯᠠᠨ ᠲᠣᠭᠠᠨ ᠤ ᠪᠢᠴᠢᠯ | ᠡᠯᠧᠮᠧᠨ᠋ᠲ ᠠᠭᠤᠯᠤᠭᠰᠠᠨ ᠤᠴᠢᠷ ᠮᠠᠰᠢ ᠴᠢᠬᠤᠯᠠ ᠠᠴᠢ ᠬᠤᠯᠪᠣᠭᠳᠠᠯ ᠲᠠᠢ ᠃ ᠰᠦᠷᠢᠶ᠎ᠡ ᠡᠪᠡᠳᠴᠢᠲᠡᠶ ᠂ ᠴᠢᠰᠤᠨ ᠤ | ᠳᠠᠷᠤᠯᠲᠠ ᠶᠡᠬᠡᠰᠬᠦ ᠂ ᠵᠢᠷᠦᠬᠡ ᠰᠤᠳᠠᠰᠤᠨ ᠤ ᠡᠪᠡᠳᠴᠢᠲᠡᠶ ᠬᠥᠮᠥᠰ ᠂ ᠵᠢᠷᠮᠦᠰᠦᠨ ᠡᠬᠡᠴᠦᠳ ᠂ ᠬᠥᠬᠦᠭᠦᠯ ᠂ ᠪᠠᠭ᠎ᠠ | ᠨᠠᠰᠤᠨ ᠤ ᠬᠡᠦᠬᠡᠳ ᠲᠦᠯᠬᠢᠭᠦᠦ ᠬᠡᠷᠡᠭᠯᠡᠬᠦ ᠬᠡᠷᠡᠭᠲᠡᠢ ᠃ | ᠮᠣᠩᠭᠤᠯᠴᠤᠳ ᠵᠤᠨ ᠨᠠᠮᠤᠷ ᠲᠤ ᠰᠢᠩᠭᠡᠴᠡ ᠤᠳᠠᠭᠠᠨ ᠲᠠᠢ ᠮᠢᠬᠠᠨ ᠬᠤᠭᠤᠯᠠ ᠶᠢ ᠲᠦᠷ ᠬᠢᠵᠠᠭᠠᠷᠯᠠᠨ | ᠬᠤᠭᠤᠯᠠ ᠪᠣᠯᠪᠠᠰᠤᠷᠠᠭᠤᠯᠬᠤ ᠡᠷᠬᠡᠲᠡᠨ ᠤ ᠦᠢᠯᠡ ᠠᠵᠢᠯᠯᠠᠭ᠎ᠠ ᠶᠢ ᠬᠥᠩᠭᠡᠪᠴᠢᠯᠡᠵᠦ ᠰᠦ ᠴᠠᠭᠠᠨ ᠢᠳᠡᠭᠡ | ᠭᠤᠣᠯᠯᠠᠨ ᠬᠡᠷᠡᠭᠯᠡᠳᠡᠭ ᠨᠢ ᠡᠷᠡᠭᠦᠯ ᠮᠡᠨᠳᠦ ᠪᠠᠨ ᠬᠠᠮᠠᠭᠠᠯᠠᠬᠤ ᠂ ᠪᠡᠶ᠎ᠡ ᠴᠣᠭᠴᠠᠰ ᠢᠶᠠᠨ ᠰᠡᠷᠭᠦᠭᠡᠬᠦ ᠂ ᠴᠡᠪᠡᠷᠯᠡᠬᠦ ᠂ | ᠡᠷᠡᠭᠦᠯᠵᠢᠭᠦᠯᠬᠦ ᠮᠠᠰᠢ ᠴᠢᠬᠤᠯᠠ ᠤᠯᠠᠮᠵᠢᠯᠠᠯ ᠪᠣᠯᠣᠨ ᠲᠣᠭᠲᠠᠭᠰᠠᠨ ᠪᠠᠶᠢᠨ᠎ᠠ ᠃ | ᠦᠨᠢᠶᠡᠨ ᠤ ᠰᠦ ᠶᠢ ᠤᠵᠢᠭ ᠬᠠᠨᠢᠶᠠᠳᠤ ᠂ ᠬᠢᠵᠢᠭ ᠂ ᠰᠢᠵᠢᠩ ᠡᠪᠡᠳᠴᠢᠨ ᠳᠤ ᠬᠡᠷᠡᠭᠯᠡᠳᠡᠭ ᠪᠠᠶᠢᠭᠰᠠᠨ ᠪᠣᠯ | ᠢᠮᠠᠭᠠᠨ ᠤ ᠰᠦ ᠶᠢ ᠬᠤᠳᠣᠭᠤᠳᠤᠨ ᠤ ᠪᠣᠯᠣᠨ ᠪᠥᠭᠡᠷᠡᠨ ᠤ ᠦᠷᠪᠢᠰᠦᠯ ᠳᠤ ᠤᠤᠭᠤᠳᠠᠭ ᠪᠠᠶᠢᠭᠰᠠᠨ ᠪᠠᠶᠢᠨ᠎ᠠ ᠃ | ᠬᠤᠨᠢᠨ ᠤ ᠰᠦ ᠶᠢ ᠬᠢ ᠂ ᠪᠥᠭᠡᠷᠡᠨ ᠤ ᠡᠪᠡᠳᠴᠢᠨ ᠳᠤ ᠂ ᠭᠡᠭᠦᠦ ᠶᠢᠨ ᠰᠦ ᠶᠢ ᠰᠦᠷᠢᠶ᠎ᠡ ᠂ ᠢᠩᠭᠡᠨ ᠤ | ᠰᠦ ᠶᠢ ᠵᠢᠷᠦᠬᠡᠨ ᠤ ᠡᠪᠡᠳᠴᠢᠨ ᠢ ᠲᠤᠰ ᠲᠤᠰ ᠡᠮᠴᠢᠯᠡᠬᠦ ᠳᠤ ᠬᠡᠷᠡᠭᠯᠡᠳᠡᠭ ᠪᠠᠶᠢᠵᠠᠢ ᠃ | ᠶᠡᠷᠦ ᠨᠢ ᠲᠠᠷᠠᠭ ᠂ ᠠᠶᠢᠷᠠᠭ ᠂ ᠠᠭᠠᠷᠴᠠ ᠂ ᠠᠭᠠᠷᠤᠤᠯ ᠂ ᠵᠥᠭᠡᠬᠡᠢ ᠂ ᠰᠢᠷ᠎ᠠ ᠲᠣᠰᠣ ᠂ ᠴᠥᠴᠥᠭᠡᠢ ᠂ ᠥᠷᠥᠮ ᠂ | ᠡᠭᠡᠵᠡᠭᠡᠢ ᠂ ᠡᠭᠡᠳᠡᠮ ᠂ ᠪᠢᠰᠢᠯᠠᠭ ᠭᠡᠳ ᠪᠦᠬᠦ ᠯᠡ ᠴᠠᠭᠠᠨ ᠢᠳᠡᠭᠡ ᠨᠢ ᠬᠥᠮᠥᠨ ᠤ ᠡᠳ᠋ ᠡᠰ ᠢ ᠰᠡᠷᠭᠦᠭᠡᠵᠦ ᠡᠯᠳᠡᠪ | ᠡᠪᠡᠳᠴᠢᠨ ᠠᠴᠠ ᠤᠷᠢᠳᠴᠢᠯᠠᠨ ᠰᠡᠷᠭᠡᠶᠢᠯᠡᠳᠡᠭ ᠭᠡᠳᠡᠭ ᠢ ᠮᠠᠷᠲᠠᠵᠤ ᠪᠣᠯᠬᠤ ᠦᠭᠡᠢ ᠃ | |