| | | ᠡᠬᠡ ᠬᠦᠮᠦᠨ ᠢ ᠠᠮᠤᠷᠵᠢᠩᠭᠤᠲᠠ ᠱᠥᠯᠥ ᠤᠤᠭᠤᠯᠭᠠᠬᠤ ᠪᠠᠷ ᠵᠢᠰᠦᠯᠡᠭᠰᠡᠨ ᠬᠤᠨᠢ ᠪᠠᠨ ᠭᠠᠷᠭᠠᠳᠠᠭ | ᠪᠠᠶᠢᠵᠠᠢ᠃ ᠱᠥᠯᠥ ᠤᠤᠭᠤᠯᠭᠠᠬᠤ ᠭᠡᠳᠡᠭ ᠪᠣᠯ ᠠᠮᠤᠷᠵᠢᠭᠰᠠᠨ ᠡᠬᠡ ᠶᠢ ᠪᠣᠭᠤᠨᠢ ᠬᠤᠭᠤᠴᠠᠭᠠᠨ ᠳᠤ ᠪᠡᠶ᠎ᠡ ᠶᠢ ᠨᠢ | ᠨᠥᠬᠦᠨ ᠲᠡᠩᠬᠡᠷᠡᠭᠦᠯᠬᠦ᠂ ᠰᠢᠨ᠎ᠡ ᠪᠠᠷ ᠮᠡᠨᠳᠦᠯᠡᠭᠰᠡᠨ ᠬᠡᠦᠬᠡᠳ ᠢ ᠡᠷᠡᠭᠦᠯ ᠴᠢᠭᠢᠷᠠᠭ᠂ ᠡᠰᠡᠨ ᠮᠡᠨᠳᠦ ᠪᠤᠶᠢᠵᠢᠭᠤᠯᠬᠤ | ᠡᠬᠢᠯᠡᠯ ᠢ ᠲᠠᠯᠪᠢᠭᠰᠠᠨ ᠮᠤᠩᠭᠤᠯ ᠠᠷᠭ᠎ᠠ ᠶᠤᠮ᠃ | ᠮᠣᠩᠭᠤᠯᠴᠤᠳ ᠪᠦᠷ ᠡᠷᠲᠡ ᠲᠡᠭᠡᠳᠦ ᠦᠶ᠎ᠡ ᠠᠴᠠ ᠲᠠᠪᠤᠨ ᠬᠤᠰᠢᠭᠤ ᠮᠠᠯ ᠤᠨ ᠮᠢᠬᠠᠨ ᠤ ᠠᠮᠲᠠ᠂ ᠦᠨᠦᠷ | ᠂ ᠥᠩᠭᠡ᠂ ᠰᠢᠭᠦᠰᠦᠯᠢᠭ ᠵᠥᠭᠡᠯᠡᠨ᠂ ᠥᠶᠥᠭ ᠨᠦᠮᠵᠦᠭ᠂ ᠬᠦᠮᠦᠨ ᠤ ᠪᠡᠶ᠎ᠡ ᠳᠤ ᠦᠵᠡᠭᠦᠯᠬᠦ ᠨᠥᠯᠥᠭᠡ ᠵᠡᠷᠭᠡ ᠶᠢ | ᠬᠠᠷᠠᠭᠠᠯᠵᠠᠨ ᠦᠨᠡᠯᠡᠭᠰᠡᠨ ᠪᠠᠶᠢᠳᠠᠭ᠃ | ᠡᠨᠡ ᠦᠨᠡᠯᠡᠭᠡ ᠪᠠᠷ ᠡᠬᠢᠨ ᠤ ᠪᠠᠶᠢᠷᠢᠨ ᠳᠤ ᠬᠤᠨᠢᠨ ᠤ ᠮᠢᠬ᠎ᠠ᠂ ᠳᠠᠷᠠᠭ᠎ᠠ ᠨᠢ ᠦᠬᠡᠷ᠂ ᠠᠳᠤᠭᠤ᠂ ᠢᠮᠠᠭ᠎ᠠ᠂ | ᠲᠡᠮᠡᠭᠡᠨ ᠤ ᠮᠢᠬ᠎ᠠ ᠶᠢ ᠨᠡᠷᠡᠯᠡᠭᠰᠡᠨ ᠪᠠᠶᠢᠨ᠎ᠠ᠃ | ᠬᠤᠨᠢ ᠪᠤᠰᠤᠳ ᠮᠠᠯ ᠠᠴᠠ ᠢᠯᠡᠭᠦᠦ ᠣᠯᠠᠨ ᠵᠦᠢᠯ ᠪᠤᠶᠤ 80 ᠭᠠᠷᠤᠢ ᠲᠥᠷᠥᠯ ᠤᠨ ᠤᠷᠭᠤᠮᠠᠯ | ᠢᠳᠡᠳᠡᠭ ᠠᠴᠠ 30 ᠭᠠᠷᠤᠢ ᠵᠦᠢᠯ ᠨᠢ ᠵᠥᠪᠬᠡᠨ ᠡᠮ ᠤᠨ ᠤᠷᠭᠤᠮᠠᠯ ᠪᠠᠶᠢᠳᠠᠭ ᠠᠵᠢ᠃ ᠬᠤᠨᠢᠨ ᠤ ᠮᠢᠬ᠎ᠠ | ᠬᠠᠯᠠᠭᠤᠨ᠂ ᠲᠡᠭᠦᠰ ᠰᠠᠶᠢᠨ ᠴᠢᠨᠠᠷᠲᠠᠢ᠂ ᠢᠮᠠᠭ᠎ᠠ᠂ ᠲᠡᠮᠡᠭᠡᠨ ᠤ ᠮᠢᠬ᠎ᠠ ᠰᠡᠷᠢᠭᠦᠨ ᠴᠠᠷᠴᠠᠮᠠᠲᠠᠭᠠᠢ ᠭᠡᠬᠦ ᠮᠡᠲᠦ ᠪᠠᠷ | ᠬᠦᠢᠲᠡᠨ ᠰᠡᠷᠢᠭᠦᠨ ᠪᠥᠰᠡ ᠶᠢᠨ ᠨᠥᠬᠦᠴᠡᠯ ᠳᠤ ᠠᠮᠢᠳᠤᠷᠠᠳᠠᠭ ᠮᠣᠩᠭᠤᠯ ᠬᠦᠮᠦᠰ ᠲᠤ ᠵᠣᠬᠢᠴᠠᠯ ᠲᠠᠢ ᠶᠢ ᠨᠢ | ᠬᠠᠷᠠᠭᠠᠯᠵᠠᠨ ᠦᠵᠡᠵᠦ ᠬᠡᠷᠡᠭᠯᠡᠳᠡᠭ ᠤᠴᠢᠷᠲᠠᠢ ᠶᠤᠮ ᠪᠠᠶᠢᠨ᠎ᠠ᠃ | ᠡᠶᠢᠮᠦ ᠴᠤ ᠤᠴᠢᠷ ᠠᠴᠠ ᠠᠮᠤᠷᠵᠢᠭᠰᠠᠨ ᠡᠬᠡ ᠬᠥᠮᠥᠨ ᠳᠤ ᠬᠤᠨᠢᠨ ᠤ ᠰᠢᠨ᠎ᠡ ᠱᠥᠯᠥ ᠥᠭᠬᠦ᠂ ᠨᠢᠷᠠᠢ | ᠬᠡᠦᠬᠡᠳ ᠢ ᠬᠤᠨᠢᠨ ᠤ ᠶᠠᠰᠤᠨ ᠤ ᠱᠥᠯᠥ ᠪᠠᠷ ᠤᠬᠢᠶᠠᠬᠤ᠂ ᠬᠤᠨᠢᠨ ᠤ ᠤᠭᠤᠷᠠᠭ ᠰᠡᠭᠦᠯ ᠤᠨ ᠥᠭᠡᠬᠦ ᠬᠥᠬᠦᠭᠦᠯᠬᠦ | ᠮᠣᠩᠭᠤᠯ ᠤᠯᠠᠮᠵᠢᠯᠠᠯ ᠪᠤᠢ ᠪᠣᠯᠵᠤ᠂ ᠵᠠᠭᠤᠨ ᠵᠠᠭᠤᠨ ᠤ ᠲᠡᠷᠲᠡᠭᠡ ᠠᠴᠠ ᠬᠡᠷᠡᠭᠯᠡᠭᠰᠡᠭᠡᠷ ᠥᠨᠥ ᠶᠢ ᠬᠦᠷᠴᠡᠢ᠃ | ᠲᠥᠷᠦᠭᠰᠡᠨ ᠤ ᠳᠠᠷᠠᠭ᠎ᠠ ᠴᠤ ᠭᠡᠰᠡᠨ ᠵᠢᠷᠮᠦᠰᠦᠨ ᠤ ᠦᠶ᠎ᠡ ᠶᠢᠨ ᠬᠢ ᠲᠠᠢ ᠠᠳᠠᠯᠢ ᠬᠤᠭᠤᠯᠠ ᠤᠮᠳᠠ ᠶᠢ | ᠬᠠᠮᠢᠶ᠎ᠠ ᠦᠭᠡᠢ ᠬᠡᠷᠡᠭᠯᠡᠯ ᠦᠭᠡᠢ᠂ ᠲᠠᠭᠠᠷᠠᠭᠤᠯᠵᠤ ᠰᠣᠩᠭᠤᠳᠠᠭ᠃ ᠮᠠᠯᠴᠢᠨ ᠲᠦᠮᠡᠨ ᠡᠨᠡ ᠭᠠᠶᠢᠬᠠᠮᠰᠢᠭ ᠢ ᠲᠠᠨᠢᠨ | ᠮᠡᠳᠡᠵᠦ᠂ ᠠᠮᠢᠳᠤᠷᠠᠯ ᠳᠠᠭᠠᠨ ᠵᠢᠷᠤᠮ ᠪᠣᠯᠭᠠᠨ ᠱᠥᠯᠥ ᠤᠤᠭᠤᠯᠭᠠᠬᠤ ᠨᠡᠷ᠎ᠡ ᠶᠢᠨ ᠳᠣᠣᠷ᠎ᠠ ᠲᠦᠷᠦᠭᠰᠡᠨ ᠡᠬᠡ ᠶᠢᠨ | ᠪᠡᠶ᠎ᠡ ᠶᠢ ᠲᠦᠷᠭᠡᠨ ᠲᠡᠩᠬᠡᠷᠡᠭᠦᠯᠬᠦ ᠡᠮᠴᠢᠯᠡᠭᠡ ᠰᠤᠪᠢᠯᠠᠭ᠎ᠠ ᠬᠢᠵᠦ ᠪᠠᠶᠢᠭᠰᠠᠨ᠂ ᠣᠳᠣ ᠴᠤ ᠬᠡᠪ ᠢᠶᠠᠷ ᠪᠠᠶᠢᠨ᠎ᠠ᠃ | ᠲᠦᠷᠦᠭᠰᠡᠨ ᠡᠬᠡ ᠳᠤ ᠰᠢᠨ᠎ᠡ ᠭᠠᠷᠭᠠᠭᠰᠠᠨ ᠬᠤᠨᠢᠨ ᠤ ᠬᠠ ᠶᠢᠨ ᠮᠢᠬᠠᠨ ᠤ ᠰᠢᠭᠦᠰᠦ ᠶᠢ ᠪᠠᠵᠠᠵᠤ᠂ ᠱᠥᠯᠥ | ᠬᠢᠵᠦ ᠥᠭᠭᠦᠭᠡᠳ᠂ ᠵᠤᠯᠠᠢ ᠪᠠᠷ ᠨᠢ ᠠᠯᠴᠢᠭᠤᠷ ᠪᠣᠭᠤᠨ᠎ᠠ᠃ ᠠᠯᠴᠢᠭᠤᠷ ᠪᠣᠭᠤᠬᠤ ᠦᠭᠡᠢ ᠪᠣᠯ ᠨᠢᠳᠦ | ᠪᠦᠷᠦᠯᠵᠡᠳᠡᠭ ᠪᠣᠯᠤᠨ᠎ᠠ ᠭᠡᠳᠡᠭ᠃ | ᠪᠥᠰᠡ ᠶᠢ ᠪᠡᠯᠬᠡᠭᠦᠰᠦ ᠪᠠᠷ ᠨᠢ ᠴᠢᠩᠭᠠᠪᠲᠤᠷ ᠣᠷᠣᠵᠤ ᠪᠦᠰᠡᠯᠡᠭᠦᠯᠦᠨᠡ᠃ ᠡᠭᠦᠨ ᠢ ᠡᠬᠡ ᠶᠢᠨ ᠭᠡᠳᠡᠰᠦ | ᠰᠤᠩᠭᠠᠬᠤ ᠦᠭᠡᠢ᠂ ᠰᠠᠪᠠ ᠶᠢ ᠨᠢ ᠠᠭᠰᠢᠭᠠᠵᠤ ᠪᠠᠶᠢᠭ᠎ᠠ ᠬᠡᠷᠡᠭ ᠭᠡᠵᠦ ᠦᠵᠡᠳᠡᠭ᠃ | ᠲᠦᠷᠦᠭᠰᠡᠨ ᠡᠬᠡ ᠳᠤ ᠮᠣᠩᠭᠤᠯ ᠦᠨᠢᠶ᠎ᠡ ᠶᠢᠨ ᠪᠦᠯᠢᠶᠡᠨ ᠰᠦ᠂ ᠬᠤᠵᠢᠷ ᠶᠤᠮ ᠤᠤ ᠳᠠᠪᠤᠰᠤ ᠲᠠᠢ | ᠪᠤᠴᠠᠯᠤᠭᠰᠠᠨ ᠤᠰᠤ ᠪᠠᠯᠭᠤᠭᠤᠯᠳᠠᠭ᠃ ᠡᠨᠡ ᠨᠢ ᠪᠡᠶ᠎ᠡ ᠶᠢᠨ ᠰᠦᠢᠯᠲᠠ ᠶᠢ ᠰᠠᠶᠢᠨ ᠪᠣᠯᠭᠠᠬᠤ ᠤᠴᠢᠷ ᠲᠠᠢ ᠭᠡᠳᠡᠭ᠃ | | ᠲᠤᠯᠭᠠᠭᠤᠷᠢ ᠡᠬᠡ ᠲᠥᠷᠦᠭᠡᠳ ᠬᠥᠯ ᠢᠶᠠᠨ ᠵᠢᠭᠢᠵᠦ ᠪᠣᠯᠬᠤ ᠦᠭᠡᠢ᠃ ᠬᠡᠷᠪᠡ ᠬᠥᠯ ᠢᠶᠠᠨ ᠵᠢᠭᠢᠵᠦ ᠰᠠᠭᠤᠪᠠᠯ | ᠬᠥᠯ ᠳᠤ ᠴᠢᠰᠤ ᠬᠤᠷᠠᠨ᠎ᠠ᠂ ᠬᠡᠢ ᠲᠣᠭᠲᠠᠨ᠎ᠠ᠂ ᠰᠠᠪᠠ ᠬᠠᠵᠠᠶᠢᠨ᠎ᠠ ᠭᠡᠵᠦ ᠬᠤᠷᠢᠭᠯᠠᠳᠠᠭ᠂ ᠬᠠᠭᠠᠰ ᠰᠠᠭᠤᠭ᠎ᠠ | ᠪᠠᠶᠢᠬᠤ ᠶᠣᠰᠣᠲᠠᠢ᠂ ᠪᠦᠷᠭᠦᠳ ᠰᠠᠭᠤᠳᠠᠯ ᠢᠶᠠᠷ ᠰᠠᠭᠤᠳᠠᠭ ᠦᠭᠡᠢ᠃ | ᠲᠦᠷᠦᠭᠰᠡᠨ ᠡᠬᠡ ᠨᠢᠭᠡ ᠰᠠᠷ᠎ᠠ ᠶᠢᠨ ᠲᠤᠷᠰᠢ ᠤᠰᠤᠨ ᠳᠤ ᠪᠡᠶ᠎ᠡ ᠪᠠᠨ ᠪᠠᠶᠢᠲᠤᠭᠠᠢ᠂ ᠭᠠᠷ ᠢᠶᠠᠨ ᠬᠦᠷᠭᠡᠬᠦ | ᠦᠭᠡᠢ᠃ | ᠳᠤᠯᠠᠭᠠᠨ ᠤ ᠤᠯᠠᠷᠢᠯ ᠴᠦ ᠪᠤᠯᠤᠭ᠂ ᠬᠦᠢᠲᠡᠨ ᠤ ᠤᠯᠠᠷᠢᠯ ᠴᠤ ᠪᠠᠢ ᠬᠤᠪᠴᠠᠰᠤ ᠪᠠᠨ ᠵᠤᠵᠠᠭᠠᠯᠠᠵᠤ᠂ | ᠦᠷᠭᠦᠯᠵᠢ ᠬᠢᠴᠡ ᠲᠠᠢ ᠴᠠᠢ᠂ ᠰᠦ ᠲᠠᠢ ᠴᠠᠢ᠂ ᠰᠠᠶᠢᠬᠠᠨ ᠱᠥᠯᠥ ᠤᠤᠭᠤᠵᠤ ᠬᠦᠯᠦᠰᠦ ᠪᠠᠨ ᠶᠡᠭᠡ ᠭᠠᠷᠭᠠᠵᠤ | ᠪᠠᠶᠢᠪᠠᠯ ᠰᠠᠶᠢᠨ᠃ | ᠬᠡᠷᠪᠡ ᠬᠠᠪᠤᠷ ᠤᠨ ᠡᠬᠢᠨ ᠰᠠᠷ᠎ᠠ ᠳᠤ ᠲᠦᠷᠦᠪᠡᠯ ᠬᠠᠯᠠᠭᠤᠨ ᠳᠤᠯᠠᠭᠠᠨ ᠤ ᠤᠷᠢ ᠣᠷᠣᠲᠠᠯ᠎ᠠ ᠭᠡᠷ ᠠᠴᠠ ᠪᠠᠨ | ᠭᠠᠷᠳᠠᠭ ᠦᠭᠡᠢ᠃ | ᠤᠴᠢᠷ ᠨᠢ ᠬᠠᠪᠤᠷ ᠤᠨ ᠰᠠᠯᠬᠢ ᠪᠡᠶ᠎ᠡ ᠨᠢ ᠲᠡᠳᠦ᠋ᠢᠯᠨ ᠲᠡᠩᠬᠡᠷᠡᠭᠡ ᠦᠭᠡᠢ ᠨᠢᠯᠬ᠎ᠠ ᠪᠡᠶ᠎ᠡ ᠲᠠᠢ ᠬᠦᠮᠦᠨ ᠤ | ᠪᠡᠶ᠎ᠡ ᠶᠢ ᠨᠢ ᠰᠤᠯᠠᠳᠠᠭᠤᠯᠳᠠᠭ᠃ ᠲᠦᠷᠦᠭᠰᠡᠨ ᠡᠬᠡ ᠠᠮᠠᠷᠬᠠᠨ ᠭᠤᠷᠢᠳᠠᠳᠠᠭ᠃ ᠭᠤᠷᠢᠳᠠᠭ᠎ᠠ ᠶᠢ ᠭᠠᠷᠭᠠᠬᠤ ᠶᠢᠨ | ᠲᠤᠯᠠᠳᠠ ᠵᠠᠷᠢᠮ ᠨᠤᠲᠤᠭ ᠲᠤ ᠬᠦᠮᠦᠨ ᠶᠠᠭᠤᠮ᠎ᠠ ᠡᠪᠦᠷᠲᠦᠯᠡᠨ ᠢᠷᠡᠵᠦ ᠬᠠᠭᠤᠷᠤᠭᠠᠳ᠂ ᠳᠠᠷᠠᠭ᠎ᠠ ᠨᠢ ᠪᠡᠯᠡᠭ | ᠥᠭᠳᠡᠭ᠃ | ᠵᠠᠷᠢᠮ ᠭᠠᠵᠠᠷ ᠮᠥᠮᠥᠨ ᠤ ᠲᠣᠯᠣᠭᠠᠢ ᠶᠢ ᠨᠠᠷᠠ ᠵᠥᠪ ᠲᠣᠭᠤᠷᠢᠭᠤᠯᠤᠨ ᠴᠠᠴᠤᠯᠭ᠎ᠠ ᠬᠢᠵᠦ ᠭᠤᠷᠢᠳᠠᠭ᠎ᠠ ᠶᠢ | ᠭᠠᠷᠭᠠᠳᠠᠭ᠃ ᠬᠡᠷᠪᠡ ᠡᠬᠡ ᠶᠢᠨ ᠭᠤᠷᠢᠳᠠᠭ᠎ᠠ ᠶᠢ ᠭᠠᠷᠭᠠᠬᠤ ᠦᠭᠡᠢ ᠪᠣᠯ ᠮᠥᠮᠥ ᠨᠢ ᠬᠠᠪᠤᠳᠳᠠᠭ ᠪᠠᠶᠢᠨ᠎ᠠ᠃ | ᠥᠭᠡᠷ᠎ᠡ ᠨᠢᠭᠡ ᠵᠦᠢᠯ ᠪᠣᠯ ᠭᠡᠷ ᠣᠷᠣᠨ ᠱᠤᠤᠭᠢᠶᠠᠨ ᠲᠠᠢ ᠪᠣᠯ ᠠᠮᠤᠷᠵᠢᠭᠰᠠᠨ ᠡᠬᠡ ᠶᠢᠨ ᠠᠮᠤᠷ ᠲᠠᠶᠢᠪᠤᠩ | ᠪᠠᠶᠢᠳᠠᠯ ᠠᠯᠢ ᠨᠢᠭᠡ ᠬᠡᠮᠵᠢᠶ᠎ᠡ ᠪᠠᠷ ᠠᠯᠳᠠᠭᠳᠠᠵᠤ᠂ ᠰᠢᠨ᠎ᠡ ᠬᠦᠮᠦᠨ ᠤ ᠡᠷᠡᠭᠦᠯ ᠮᠡᠨᠳᠦ ᠳᠤ ᠮᠠᠭᠤ ᠪᠠᠷ ᠨᠥᠯᠦᠭᠡᠯᠡᠵᠦ᠂ | ᠡᠪᠡᠳᠴᠢᠨ ᠡᠮᠭᠡᠭ ᠦᠭᠡᠢ ᠥᠰᠦᠨ ᠪᠤᠶᠢᠵᠢᠬᠤ ᠳᠤ ᠨᠢ ᠰᠡᠪ ᠰᠠᠭᠤᠬᠤ ᠪᠤᠢ ᠬᠡᠮᠡᠨ ᠪᠣᠯᠭᠤᠮᠵᠢᠯᠠᠳᠠᠭ᠃ | |