ᠶᠠᠰᠤᠨ ᠤ ᠱᠥᠯᠥ ᠶᠢᠨ ᠠᠴᠢ ᠲᠤᠰᠠ
ᠨᠡᠶᠢᠲᠡᠯᠡᠭᠰᠡᠨ ᠴᠠᠭ᠄
2022/6/30
                          ᠮᠣᠩᠭᠤᠯᠴᠤᠳ ᠪᠢᠳᠠ ᠱᠥᠯᠥ ᠪᠠᠷ ᠴᠠᠳᠴᠤ ᠂ ᠲᠥᠯ ᠢᠶᠠᠷ ᠪᠠᠶᠠᠵᠢᠨ᠎ᠠ ᠭᠡᠵᠦ ᠶᠠᠷᠢᠳᠠᠭ ᠃ ᠱᠥᠯᠥ ᠨᠢ ᠳᠠᠩ ᠭᠠᠭᠴᠠ ᠴᠠᠳᠬᠠᠬᠤ ᠠᠴᠠ ᠢᠯᠡᠭᠦᠦ ᠡᠷᠡᠭᠦᠯ ᠮᠡᠨᠳᠦ ᠶᠢᠨ ᠮᠠᠰᠢ ᠥᠨᠳᠥᠷ ᠠᠴᠢ ᠬᠤᠯᠪᠣᠭᠳᠠᠯ ᠲᠠᠢ ᠭᠡᠳᠡᠭ ᠢ ᠡᠷᠲᠡᠨ ᠠᠴᠠ ᠮᠡᠳᠡᠳᠡᠭ ᠪᠠᠶᠢᠭᠰᠠᠨ ᠤᠴᠢᠷ ᠠᠴᠠ ᠡᠨᠡ ᠬᠡᠯᠡᠴᠡ ᠦᠭᠡ ᠭᠦᠨ ᠭᠦᠨᠵᠡᠭᠡᠢ ᠤᠳᠬ᠎ᠠ ᠠᠭᠤᠯᠭ᠎ᠠ ᠲᠠᠢ ᠠᠵᠢ ᠃ ᠢᠩᠭᠢᠭᠡᠳ ᠶᠠᠮᠠᠷ ᠮᠠᠯ ᠤᠨ ᠶᠠᠰᠤ ᠶᠠᠮᠠᠷ ᠠᠴᠢ ᠲᠤᠰᠠᠲᠠᠢ ᠪᠣᠯᠬᠤ ᠶᠢ ᠰᠣᠨᠢᠷᠬᠠᠭᠤᠯᠵᠤ ᠪᠠᠶᠢᠨ᠎ᠠ ᠃       — ᠦᠬᠡᠷ ᠤᠨ ᠪᠤᠯᠤᠤ ᠶᠢᠨ ᠶᠠᠰᠤᠨ ᠤ ᠱᠥᠯᠥ ᠴᠢᠰᠤ ᠲᠥᠯᠵᠢᠭᠦᠯᠳᠡᠭ ᠃       — ᠬᠤᠨᠢᠨ ᠤ ᠶᠠᠰᠤᠨ ᠤ ᠱᠥᠯᠥ ᠶᠠᠰᠤ ᠶᠢ ᠪᠠᠬᠢᠵᠢᠭᠦᠯᠳᠡᠭ ᠃       — ᠢᠮᠠᠭᠠᠨ ᠤ ᠶᠠᠰᠤᠨ ᠤ ᠱᠥᠯᠥ ᠬᠤᠣᠷ ᠢ ᠭᠠᠳᠠᠭᠰᠢᠯᠠᠭᠤᠯᠳᠠᠭ ᠃       — ᠲᠡᠮᠡᠭᠡᠨ ᠤ ᠶᠠᠰᠤᠨ ᠤ ᠱᠥᠯᠥ ᠨᠠᠷᠠᠨ ᠤ ᠲᠤᠶᠠᠭᠠᠨ ᠤ ᠬᠤᠣᠷᠳᠠᠯᠭ᠎ᠠ ᠶᠢ ᠲᠠᠶᠢᠯᠳᠠᠭ ᠃       — ᠠᠳᠤᠭᠤᠨ ᠤ ᠶᠠᠰᠤᠨ ᠤ ᠱᠥᠯᠥ ᠱᠦᠭᠦᠷᠡᠯ ᠪᠤᠯᠴᠢᠷᠬᠠᠢ ᠶᠢ ᠲᠡᠳᠬᠦᠳᠡᠭ ᠲᠤᠰ ᠲᠤᠰ ᠤᠨ ᠣᠨᠴᠠᠯᠢᠭ ᠲᠠᠢ ᠃       ᠪᠥᠭᠡᠷᠡᠨ ᠤ ᠦᠢᠯᠡ ᠠᠵᠢᠯᠯᠠᠭ᠎ᠠ ᠳᠣᠭᠤᠯᠳᠠᠵᠤ ᠪᠠᠶᠢᠭ᠎ᠠ ᠦᠶ᠎ᠡ ᠳᠤ ᠢᠮᠠᠭᠠᠨ ᠤ ᠪᠤᠯᠤᠤ ᠶᠢᠨ ᠶᠠᠰᠤ ᠠᠴᠠ ᠭᠠᠷᠭᠠᠵᠤ ᠠᠪᠤᠭᠰᠠᠨ ᠱᠥᠯᠥ ᠪᠠᠷ ᠱᠥᠯᠥᠯᠡᠪᠡᠯ ᠳᠡᠮᠲᠡᠢ ᠃ ᠭᠡᠬᠦ ᠳᠤ ᠪᠠᠨ ᠡᠨᠡ ᠨᠢ ᠦᠷᠪᠢᠰᠦᠯᠲᠡ ᠡᠪᠡᠳᠴᠢᠨ ᠤ ᠦᠶ᠎ᠡ ᠳᠤ ᠨᠡᠮᠡᠷᠢ ᠦᠭᠡᠢ ᠃ ᠪᠥᠭᠡᠷ᠎ᠡ ᠱᠣᠬᠤᠶᠢᠵᠢᠭᠠᠳ᠂ ᠳᠣᠭᠤᠭᠰᠢ ᠲᠠᠲᠠᠵᠤ ᠡᠪᠡᠳᠬᠦ ᠳᠤ ᠡᠨᠡ ᠱᠥᠯᠥ ᠲᠤᠰᠠᠲᠠᠢ ᠃       ᠰᠤᠳᠠᠰᠤᠨ ᠳᠣᠲᠣᠷ᠎ᠠ ᠲᠣᠰᠣᠨ ᠳᠠᠪᠬᠤᠷᠭ᠎ᠠ ᠡᠭᠦᠰᠬᠡᠬᠦ ᠭᠡᠳ ᠪᠠᠶᠢᠳᠠᠭ ᠤᠴᠢᠷ ᠠᠴᠠ ᠲᠡᠮᠡᠭᠡᠨ ᠤ ᠶᠠᠰᠤᠨ ᠤ ᠱᠥᠯᠥ ᠶᠢ ᠶᠡᠭᠡ ᠪᠠᠷ ᠬᠡᠷᠡᠭᠯᠡᠳᠡᠭ ᠦᠭᠡᠢ ᠪᠠᠶᠢᠨ᠎ᠠ ᠃       ᠠᠳᠤᠭᠤᠨ ᠤ ᠶᠠᠰᠤ ᠥᠪᠡᠷ ᠢᠶᠠᠨ ᠬᠠᠯᠠᠭᠤᠨ ᠰᠢᠨᠵᠢ ᠴᠢᠨᠠᠷᠲᠠᠢ ᠤᠴᠢᠷ ᠠᠴᠠ ᠬᠥᠮᠥᠨ ᠤ ᠭᠠᠳᠠᠨᠠᠬᠢ ᠠᠷᠠᠰᠤ ᠪᠠᠷ ᠬᠤᠭᠤᠯᠠᠯᠠᠬᠤ ᠲᠡᠵᠢᠭᠡᠯ ᠪᠣᠯᠣᠨ᠎ᠠ ᠃ ᠲᠡᠶᠢᠮᠦ ᠠᠴᠠ ᠴᠢᠰᠤ ᠲᠥᠯᠵᠢᠨ᠎ᠡ ᠂ ᠶᠠᠳᠠᠷᠠᠭ᠎ᠠ ᠲᠠᠶᠢᠯᠤᠨ᠎ᠠ ᠃ ᠡᠳ᠋ ᠤᠨ ᠭᠠᠳᠠᠭᠠᠳᠤ ᠳᠠᠪᠬᠤᠷᠭ᠎ᠠ ᠪᠥᠬᠡᠵᠢᠨ᠎ᠡ ᠂ ᠡᠯᠢᠭᠡ ᠲᠡᠳᠬᠦᠭᠳᠡᠳᠡᠭ ᠃ ᠬᠡᠷᠪᠡ ᠱᠥᠯᠥ ᠶᠢ ᠤᠤᠭᠤᠪᠠᠯ ᠡᠯᠢᠭᠡᠨ ᠤ ᠰᠤᠯᠢᠳᠠᠭ᠎ᠠ ᠡᠪᠡᠳᠴᠢᠨ ᠲᠠᠶᠢᠳᠬᠤᠷᠠᠳᠠᠭ ᠃ ᠭᠡᠬᠦ ᠳᠤ ᠪᠠᠨ ᠶᠡᠭᠡ ᠬᠡᠷᠡᠭᠯᠡᠪᠡᠯ ᠴᠣᠴᠢᠮᠠᠭ ᠠᠭᠤᠷ ᠲᠠᠢ ᠪᠣᠯᠬᠤ ᠲᠠᠯ᠎ᠠ ᠲᠠᠢ ᠤᠴᠢᠷ ᠠᠷᠪᠢᠨ ᠬᠡᠷᠡᠭᠯᠡᠳᠡᠭ ᠦᠭᠡᠢ ᠃       ᠴᠢᠰᠤ ᠲᠥᠯᠵᠢᠭᠦᠯᠳᠡᠭ ᠂ ᠠᠷᠪᠢᠨ ᠬᠡᠷᠡᠭᠯᠡᠵᠦ ᠪᠣᠯᠳᠠᠭ ᠢᠶᠠᠷ ᠨᠢ ᠦᠬᠡᠷ ᠤᠨ ᠪᠤᠯᠤᠤ ᠶᠢᠨ ᠶᠠᠰᠤ ᠂ ᠶᠠᠰᠤ ᠲᠥᠯᠵᠢᠭᠦᠯᠳᠡᠭ ᠤᠴᠢᠷ ᠠᠴᠠ ᠬᠤᠨᠢᠨ ᠤ ᠶᠠᠰᠤᠨ ᠤ ᠱᠥᠯᠥ ᠤᠤᠭᠤᠬᠤ ᠬᠡᠷᠡᠭᠲᠡᠢ ᠃       ᠠᠳᠤᠭᠤᠨ ᠤ ᠪᠤᠯᠤᠤ ᠶᠢᠨ ᠲᠣᠯᠣᠭᠠᠢ ᠬᠡᠦᠬᠡᠳ ᠲᠤ ᠴᠢᠨᠠᠵᠤ ᠥᠭᠬᠦ ᠵᠦᠭᠡᠷ ᠃ ᠢᠯᠠᠩᠭᠤᠶ᠎ᠠ ᠪᠡᠶ᠎ᠡ ᠨᠢ ᠶᠡᠭᠡ ᠰᠤᠯᠠᠳᠠᠵᠤ ᠂ ᠣᠯᠠᠨ ᠳᠠᠷᠠᠭᠠᠯᠠᠨ ᠡᠪᠡᠳᠦᠭᠰᠡᠨ ᠬᠡᠦᠬᠡᠳ ᠲᠤ ᠪᠤᠯᠤᠤ ᠶᠢᠨ ᠲᠣᠯᠣᠭᠠᠢ ᠣᠯᠠᠨ ᠳᠠᠬᠢᠨ ᠬᠢᠷᠦᠭᠡᠳᠡᠨ ᠪᠠᠶᠢᠭᠠᠳ ᠰᠠᠶᠢᠨ ᠴᠢᠨᠠᠭᠠᠳ ᠱᠥᠯᠥ ᠶᠢ ᠨᠢ ᠥᠭᠭᠦᠨ᠎ᠡ ᠃ ᠡᠨᠡ ᠨᠢ ᠳᠠᠷᠬᠠᠯᠠᠭ᠎ᠠ ᠶᠢ ᠬᠤᠷᠳᠤᠨ ᠰᠠᠶᠢᠵᠢᠷᠠᠭᠤᠯᠳᠠᠭ ᠃ ᠮᠥᠨ ᠬᠥᠪᠴᠦ ᠪᠠᠶᠢᠭ᠎ᠠ ᠲᠣᠰᠣ ᠶᠢ ᠠᠪᠴᠤ ᠪᠠᠶᠢᠭᠠᠳ ᠪᠡᠶ᠎ᠡ ᠶᠢ ᠲᠣᠰᠣᠯᠠᠬᠤ ᠵᠦᠭᠡᠷ ᠃ ᠭᠤᠣᠯ ᠦᠢᠯᠡᠴᠢᠯᠡᠯ ᠨᠢ ᠴᠢᠰᠤ ᠲᠥᠯᠵᠢᠭᠦᠯᠬᠦ ᠃ ᠶᠡᠭᠡ ᠲᠠᠮᠢᠷᠳᠠᠬᠤ ᠦᠶ᠎ᠡ ᠳᠤ ᠬᠥᠮᠥᠨ ᠤ ᠴᠢᠰᠤ ᠪᠤᠯᠠᠩᠭᠢᠷᠲᠤᠳᠠᠭ ᠃       ᠴᠢᠰᠤ ᠶᠢ ᠲᠥᠯᠵᠢᠭᠦᠯᠬᠦ ᠳᠤ ᠪᠡᠶ᠎ᠡ ᠶᠢᠨ ᠳᠠᠷᠬᠠᠯᠠᠭ᠎ᠠ ᠬᠤᠷᠳᠤᠨ ᠰᠡᠷᠭᠦᠳᠡᠭ ᠃ ᠴᠢᠰᠤ ᠶᠢ ᠲᠥᠯᠵᠢᠭᠦᠯᠬᠦ ᠶᠢᠨ ᠲᠤᠯᠠᠳᠠ ᠪᠤᠯᠤᠤ ᠶᠢᠨ ᠶᠠᠰᠤ ᠂ ᠶᠠᠰᠤᠨ ᠤ ᠰᠢᠯᠪᠢ ᠂ ᠪᠦᠳᠦᠷᠢᠨ ᠂ ᠰᠢᠭᠢᠷ᠎ᠡ ᠲᠠᠭᠠᠯᠴᠠᠭ ᠲᠠᠢ ᠵᠥᠭᠡᠯᠡᠨ ᠭᠠᠯ ᠳᠡᠭᠡᠷ᠎ᠡ ᠪᠦᠲᠦᠨ ᠬᠤᠨᠤᠭ ᠪᠤᠴᠠᠯᠭᠠᠵᠤ ᠂ ᠰᠢᠷᠭᠠᠯ ᠲᠤᠶᠠᠭᠠᠲᠤ ᠴᠠᠭᠠᠨ ᠱᠥᠯᠥ ᠭᠠᠷᠭᠠᠵᠤ ᠤᠤᠭᠤᠬᠤ ᠠᠪᠠᠰᠤ ᠴᠢᠰᠤ ᠲᠥᠯᠵᠢᠭᠦᠯᠬᠦ ᠱᠥᠯᠥ ᠪᠣᠯᠣᠨ᠎ᠠ ᠃ ᠴᠢᠰᠤ ᠠᠯᠳᠠᠵᠤ ᠲᠠᠮᠢᠷᠳᠠᠭᠰᠠᠨ ᠂ ᠴᠢᠰᠤᠨ ᠤ ᠳᠤᠲᠠᠭᠳᠠᠯ ᠳᠤ ᠣᠷᠣᠭᠰᠠᠨ ᠶᠠᠮᠠᠷ ᠴᠦ ᠬᠥᠮᠥᠨ ᠳᠤ ᠡᠯ᠎ᠡ ᠱᠥᠯᠥ ᠶᠢ ᠥᠭᠴᠦ ᠪᠣᠯᠣᠨ᠎ᠠ ᠃       ᠳᠠᠷᠬᠠᠯᠠᠭ᠎ᠠ ᠮᠠᠭᠤᠳᠠᠵᠤ ᠪᠠᠶᠢᠭ᠎ᠠ ᠭᠡᠳᠡᠭ ᠨᠢ ᠴᠢᠰᠤ ᠪᠤᠯᠠᠩᠭᠢᠷᠲᠤᠭᠰᠠᠨ ᠤ ᠲᠡᠮᠳᠡᠭ ᠃ ᠲᠡᠶᠢᠮᠦ ᠠᠴᠠ ᠴᠢᠰᠤ ᠶᠢ ᠲᠡᠳᠬᠦᠬᠦ ᠠᠪᠠᠰᠤ ᠳᠠᠷᠬᠠᠯᠠᠭ᠎ᠠ ᠰᠠᠶᠢᠵᠢᠷᠠᠨ᠎ᠠ ᠃ ᠡᠨᠡ ᠱᠥᠯᠥᠨ ᠠᠴᠠ ᠲᠣᠰᠣ ᠶᠡᠭᠡ ᠪᠠᠷ ᠢᠯᠭᠠᠷᠠᠳᠠᠭ ᠦᠭᠡᠢ ᠴᠦ ᠪᠠᠭᠠᠬᠠᠨ ᠲᠣᠰᠣ ᠶᠢ ᠨᠢ ᠠᠪᠴᠤ ᠲᠦᠷᠬᠢᠯᠡᠭ ᠪᠠᠶᠢᠳᠠᠯ ᠢᠶᠠᠷ ᠬᠡᠷᠡᠭᠯᠡᠬᠦ ᠳᠤ ᠮᠥᠨ ᠴᠢᠰᠤ ᠲᠥᠯᠵᠢᠳᠡᠭ ᠃ ᠲᠣᠰᠣ ᠶᠢ ᠥᠷᠥᠴᠡ ᠂ ᠳᠤᠮᠳᠠ ᠴᠢᠮᠦᠭᠡ ᠂ ᠰᠢᠯᠪᠢ ᠵᠡᠷᠭᠡ ᠳᠤ ᠬᠠᠯᠠᠭᠤ ᠳᠦᠦᠭᠡᠲᠡᠯ᠎ᠡ ᠦᠷᠦᠵᠦ ᠬᠡᠷᠡᠭᠯᠡᠨ᠎ᠡ ᠃       ᠦᠬᠡᠷ ᠤᠨ ᠪᠤᠯᠤᠤ ᠶᠢᠨ ᠶᠠᠰᠤ ᠶᠢ ᠪᠤᠲᠠᠷᠠᠲᠠᠯ᠎ᠠ ᠨᠢ ᠤᠰᠤ ᠨᠡᠮᠡᠵᠦ ᠪᠤᠴᠠᠯᠭᠠᠵᠤ ᠪᠠᠶᠢᠵᠤ ᠺᠠᠯᠼ ᠭᠠᠷᠭᠠᠵᠤ ᠠᠪᠳᠠᠭ ᠃ ᠶᠠᠰᠤ ᠨᠢ ᠭᠠᠷᠤᠭᠰᠠᠨ ᠪᠤᠯᠤᠤ ᠶᠢᠨ ᠶᠠᠰᠤ ᠰᠡᠶᠢᠷᠡᠭ ᠬᠥᠩᠭᠡᠨ ᠴᠠᠭᠠᠨ ᠥᠩᠭᠡ ᠲᠠᠢ ᠬᠡᠪᠡᠷᠡᠭ ᠪᠣᠯᠳᠠᠭ ᠃ ᠤᠭ ᠺᠠᠯᠼ ᠲᠠᠢ ᠱᠥᠯᠥ ᠶᠢ ᠬᠥᠯᠳᠡᠭᠡᠭᠡᠳ ᠪᠠᠭ᠎ᠠ ᠪᠠᠭ᠎ᠠ ᠪᠠᠷ ᠲᠠᠰᠤᠯᠵᠤ ᠠᠪᠴᠤ 7 ᠬᠤᠨᠤᠭ ᠂ ᠨᠢᠭᠡ ᠱᠠᠭᠠᠵᠠᠩ ᠠᠶᠠᠭ᠎ᠠ 200 ᠭᠷᠡᠮ ᠢᠶᠠᠷ ᠣᠷᠣᠢ ᠤᠨᠲᠠᠬᠤ ᠳᠤ ᠪᠠᠨ ᠪᠦᠯᠢᠶᠡᠰᠬᠡᠵᠦ ᠤᠤᠭᠤᠪᠠᠯ ᠶᠠᠰᠤᠨ ᠤ ᠰᠡᠶᠢᠷᠡᠭᠵᠢᠯᠲᠡ ᠶᠢ ᠨᠥᠬᠦᠨ ᠲᠥᠯᠵᠢᠭᠦᠯᠦᠨ᠎ᠡ ᠃       ᠲᠣᠶᠢᠭ ᠤᠨ ᠱᠥᠯᠥ ᠶᠢ ᠳᠠᠩ ᠢᠶᠠᠷ ᠨᠢ ᠴᠢᠨᠠᠬᠤ ᠳᠤ ᠴᠠᠭᠠᠨ ᠱᠥᠯᠥ ᠭᠠᠷᠳᠠᠭ ᠪᠣᠯ ᠪᠤᠯᠤᠤ ᠂ ᠴᠢᠮᠦᠭᠡᠨ ᠤ ᠱᠥᠯᠥ ᠲᠣᠰᠣ ᠂ ᠨᠥᠵᠢ ᠶᠡᠭᠡ ᠢᠯᠭᠠᠷᠠᠭᠰᠠᠨ ᠴᠠᠶᠢᠪᠤᠷ ᠪᠣᠷᠤᠳᠠᠭᠤ ᠱᠥᠯᠥ ᠪᠣᠯᠳᠠᠭ ᠃ ᠣᠯᠠᠨ ᠴᠠᠭ ᠪᠤᠴᠠᠯᠭᠠᠭᠰᠠᠨ ᠶᠠᠰᠤᠨ ᠤ ᠱᠥᠯᠥ ᠶᠢ ᠠᠮᠰᠠᠬᠤ ᠳᠤ ᠬᠥᠯᠥᠰᠦ ᠭᠠᠷᠤᠮ᠎ᠠ ᠰᠠᠶᠢᠬᠠᠨ ᠠᠮᠲᠠᠲᠠᠢ ᠪᠠᠶᠢᠪᠠᠯ ᠪᠦᠲᠦᠨ ᠰᠠᠷᠢᠮᠰᠠᠭ ᠂ ᠳᠠᠪᠤᠰᠤ ᠂ ᠰᠣᠩᠭᠢᠨ᠎ᠠ ᠂ ᠰᠣᠩᠭᠢᠨ᠎ᠠ ᠂ ᠯᠠᠪᠢᠷ ᠤᠨ ᠨᠠᠪᠴᠢ ᠬᠢᠵᠦ 20 — 30 ᠮᠢᠨᠦ᠋ᠲ ᠪᠤᠴᠠᠯᠭᠠᠵᠤ ᠠᠮᠲᠠ ᠂ ᠴᠢᠨᠠᠷ ᠣᠷᠣᠭᠤᠯᠤᠨ᠎ᠠ ᠃ ᠢᠩᠭᠢᠵᠦ ᠪᠡᠯᠡᠳᠦᠭᠰᠡᠨ ᠱᠥᠯᠥ ᠶᠢ ᠬᠥᠷᠥᠰᠥᠨ ᠤ ᠳᠠᠷᠠᠭ᠎ᠠ ᠭᠢᠯᠠᠭᠠᠷ ᠤᠭᠤᠲᠠ ᠳᠤ ᠬᠡᠷᠡᠭᠯᠡᠬᠦ ᠬᠡᠮᠵᠢᠶ᠎ᠡ ᠪᠠᠷ ᠬᠤᠪᠢᠶᠠᠵᠤ ᠬᠢᠭᠡᠳ ᠬᠥᠯᠳᠡᠭᠡᠭᠴᠢ ᠳᠤ ᠬᠠᠳᠠᠭᠠᠯᠠᠨ ᠣᠯᠠᠨ ᠰᠠᠷ᠎ᠠ ᠪᠠᠷ ᠬᠡᠷᠡᠭᠯᠡᠵᠦ ᠪᠣᠯᠣᠨ᠎ᠠ ᠃ ᠢᠯᠠᠩᠭᠤᠶ᠎ᠠ ᠲᠥᠷᠥᠭᠰᠡᠨ ᠡᠬᠡ ᠂ ᠮᠥᠨ ᠮᠡᠰᠡ ᠵᠠᠰᠠᠯ ᠤᠨ ᠳᠠᠷᠠᠭ᠎ᠠ ᠠᠮᠠᠷᠬᠠᠨ ᠲᠡᠩᠬᠡᠷᠡᠭᠦᠯᠬᠦ ᠬᠦᠴᠦᠲᠡᠢ ᠵᠦᠢᠯ ᠶᠤᠮ ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号