| | | ᠲᠠᠷᠪᠠᠭᠠᠨ ᠠᠴᠠ ᠬᠠᠶᠠᠬᠤ ᠵᠦᠢᠯ ᠪᠠᠶᠢᠬᠤ ᠦᠭᠡᠢ ᠳ᠋ᠡ᠂ ᠳᠣᠲᠣᠷ᠎ᠠ ᠡᠷᠬᠡᠲᠡᠨ ᠢ ᠶᠠᠭ ᠲᠥᠷᠥᠯ | ᠲᠥᠷᠥᠯ ᠢᠶᠠᠷ ᠢᠶᠠᠨ ᠬᠥᠮᠥᠨ ᠤ 5 ᠴᠤᠯᠤ ᠳᠤ ᠲᠡᠷᠡ ᠴᠢᠭ ᠢᠶᠠᠷ ᠨᠢ ᠬᠡᠷᠡᠭᠯᠡᠨ᠎ᠡ ᠃ ᠵᠢᠱᠢᠶ᠎ᠡ ᠨᠢ ᠂ ᠪᠥᠭᠡᠷ᠎ᠡ ᠶᠢ ᠨᠢ | ᠲᠦᠭᠦᠬᠡᠢ ᠬᠠᠯᠠᠭᠤᠨ ᠢᠶᠠᠷ ᠨᠢ ᠪᠥᠭᠡᠷᠡᠨ ᠤ ᠳᠤᠲᠠᠭᠳᠠᠯ ᠳᠤ ᠣᠷᠣᠭᠰᠠᠨ ᠬᠥᠮᠥᠨ 3 ᠵᠢᠯ ᠳᠠᠷᠠᠭᠠᠯᠠᠵᠤ ᠢᠳᠡᠭᠡᠳ | ᠡᠳᠡᠭᠡᠭᠰᠡᠨ ᠶᠤᠮ ᠃ | ᠶᠠᠰᠤ ᠬᠤᠭᠤᠷᠠᠬᠤ ᠳᠤ ᠲᠠᠷᠪᠠᠭᠠᠨ ᠤ ᠶᠠᠰᠤ ᠶᠢ ᠨᠤᠨᠲᠠᠭᠯᠠᠵᠤ ᠨᠦᠳᠦᠭᠡᠳ ᠱᠥᠯᠥ ᠲᠣᠰᠣ ᠪᠠᠷ ᠲᠣᠰᠣᠯᠠᠬᠤ | ᠨᠢ ᠲᠦᠷᠭᠡᠨ ᠪᠣᠷᠣᠯᠠᠵᠤ ᠭᠠᠩᠨᠠᠭᠳᠠᠨ ᠢᠯᠡᠷᠡᠢ ᠪᠣᠯᠣᠨ᠎ᠠ ᠃ | ᠲᠠᠷᠪᠠᠭᠠᠨ ᠤ ᠱᠥᠯᠥ ᠤᠤᠭᠤᠬᠤ ᠨᠢ ᠬᠡᠦᠬᠡᠳ ᠤᠨ ᠴᠠᠭᠠᠨ ᠬᠤᠷᠣᠬᠠᠢ ᠂ ᠬᠥᠮᠥᠨ ᠤ ᠲᠣᠯᠣᠭᠠᠢ ᠶᠢᠨ | ᠬᠠᠯᠵᠠᠨ ︵ᠦᠰᠦ ᠤᠷᠭᠤᠬᠤ ︶᠂ ᠳᠣᠲᠣᠷ᠎ᠠ ᠬᠠᠯᠠᠭᠤᠨ ᠂ ᠬᠠᠪᠤᠩ ᠬᠥᠭᠡᠭᠡᠬᠦ ᠂ ᠬᠤᠶᠠᠩ ᠲᠠᠮᠢᠷ ᠲᠡᠩᠬᠡᠭᠡ | ᠣᠷᠣᠭᠤᠯᠬᠤ ᠂ ᠪᠠᠭᠠᠰᠤ ᠨᠢ ᠶᠠᠰᠤ ᠰᠢᠷᠬ᠎ᠠ ᠂ ᠢᠯᠢᠳᠦ᠂ ᠬᠠᠮᠠᠭᠤ ᠂ ᠵᠡᠷᠭᠡ ᠳᠤ ᠲᠦᠷᠬᠢᠵᠦ ᠂ ᠡᠮ ᠲᠠᠩ ᠳᠤ | ᠬᠡᠷᠡᠭᠯᠡᠳᠡᠭ᠃ | ᠡᠮᠡᠭᠲᠡᠶᠢᠴᠦᠳ ᠤᠨ ᠰᠠᠪᠠᠨ ᠤ ᠶᠠᠮᠠᠷ ᠴᠦ ᠬᠠᠮᠢᠶ᠎ᠠ ᠦᠭᠡᠢ ᠡᠪᠡᠳᠴᠢᠨ ᠬᠠᠪᠤᠳᠠᠷ ᠢ ᠲᠠᠷᠪᠠᠭᠠᠨ ᠤ ᠰᠠᠪᠠ ᠶᠢ | ᠲᠦᠭᠦᠬᠡᠢ ᠪᠠᠷ 3 ᠢᠳᠡᠭᠰᠡᠨ ᠦᠶ᠎ᠡ ᠳᠤ ᠳᠠᠷᠤᠭᠳᠠᠳᠠᠭ ᠳᠣᠮᠲᠠᠢ ᠃ | ᠵᠢᠷᠮᠦᠰᠦᠨ ᠡᠮᠡᠭᠲᠡᠢ ᠵᠤᠯᠪᠠᠭ᠋ᠤ ᠲᠣᠬᠢᠶᠠᠯᠳᠤᠯ ᠶᠡᠭᠡ ᠪᠠᠶᠢᠳᠠᠭ ᠪᠣᠯ ᠱᠠᠭ᠎ᠠ ᠵᠡᠭᠦᠭᠰᠡᠨ ᠢᠶᠠᠷ ᠬᠡᠵᠢᠶ᠎ᠡ ᠴᠦ | ᠤᠷᠤᠭ ᠠᠯᠳᠠᠬᠤ ᠦᠭᠡᠢ ᠃ ᠲᠠᠷᠪᠠᠭ᠎ᠠ ᠥᠪᠡᠷ ᠢᠶᠠᠨ ᠬᠡᠭᠡᠯ ᠤᠷᠤᠭ ᠠᠯᠳᠠᠳᠠᠭ ᠦᠭᠡᠢ ᠠᠮᠢᠲᠠᠨ ᠶᠤᠮ ᠡ ᠃ | ᠲᠡᠶᠢᠮᠦ ᠠᠴᠠ ᠱᠠᠭᠠᠢ ᠶᠢ ᠨᠢ ᠵᠡᠭᠦᠭᠰᠡᠨ ᠡᠮᠡᠰ ᠠᠮᠢ ᠦᠭᠡᠢ ᠬᠡᠦᠬᠡᠳ ᠲᠡᠭᠡᠭᠡᠬᠦ ᠤᠴᠢᠷ ᠦᠭᠡᠢ ᠶᠤᠮ᠃ ᠲᠥᠷᠥᠬᠦ | ᠳᠥᠬᠦᠭᠡᠳ ᠵᠡᠭᠦᠭᠰᠡᠨ ᠱᠠᠭᠠᠢ ᠪᠠᠨ 20 ᠬᠤᠨᠤᠭ ᠤᠨ ᠡᠮᠦᠨ᠎ᠡ ᠠᠪᠤᠨ᠎ᠠ᠂ ᠮᠠᠷᠲᠠᠭᠠᠳ ᠢᠯᠡᠭᠦᠦ ᠲᠡᠭᠡᠭᠡᠯᠲᠡ | ᠲᠡᠭᠡᠭᠡᠵᠦ ᠴᠠᠭ ᠨᠢ ᠪᠣᠯᠣᠭᠠᠳ ᠲᠥᠷᠥᠬᠦ ᠦᠭᠡᠢ ᠤᠳᠠᠭᠠᠰᠢᠷᠠᠵᠤ ᠭᠡᠳᠡᠰᠦᠨ ᠳᠤ ᠪᠠᠨ ᠲᠣᠮᠣᠷᠠᠵᠤ | ᠮᠠᠭᠠᠳᠯᠠᠯ ᠲᠠᠢ ᠶᠢ ᠰᠠᠶᠢᠨ ᠰᠠᠨᠠ ᠃ | ᠳᠡᠭᠡᠷ᠎ᠡ ᠦᠶ᠎ᠡ ᠳᠤ ᠰᠡᠭᠦᠯ ᠢ ᠨᠢ ᠳᠣᠲᠣᠭᠤᠷ ᠥᠮᠥᠳᠦᠨ ᠳᠤ ᠪᠠᠨ ᠵᠡᠭᠦᠳᠡᠭ ᠴᠦ ᠪᠠᠶᠢᠭᠰᠠᠨ ᠤᠴᠢᠷᠲᠠᠢ | ᠢᠯᠭᠠᠭ᠎ᠠ ᠦᠭᠡᠢ ᠯᠡ ᠳᠣᠮ ᠪᠠᠶᠢᠭᠰᠠᠨ ᠃ | |