ᠤᠨᠳᠤᠷᠤᠯᠲᠤ ᠰᠤᠮᠤᠨ ᠳᠤ ᠠᠶᠠᠯᠠᠬᠤ ᠪᠠᠷ ᠢᠷᠡᠭᠡᠷᠡᠢ
ᠨᠡᠶᠢᠲᠡᠯᠡᠭᠰᠡᠨ ᠴᠠᠭ᠄
2022/6/9
    ᠭᠤᠪᠢ ᠲᠠᠯ᠎ᠠ ᠶᠢᠨ ᠳᠤᠮᠳᠠᠭᠤᠷ᠂ ᠬᠦᠮᠦᠨ ᠪᠠᠶᠢᠭᠠᠯᠢ ᠬᠤᠶᠠᠷ ᠤᠨ ᠮᠦᠩᠭᠡ ᠶᠢᠨ ᠲᠤᠯᠤᠯᠲᠤᠭᠠᠨ ᠤ ᠱᠠᠰᠳᠢᠷ ᠪᠤᠯᠤᠭᠰᠠᠨ ᠲᠡᠷᠡᠬᠦ ᠭᠠᠶᠢᠬᠠᠮᠰᠢᠭᠲᠠᠢ ᠪᠦᠭᠡᠳ ᠰᠡᠳᠬᠢᠯ ᠪᠤᠯᠢᠶᠠᠬᠤ ᠲᠠᠯᠲᠠ ᠶᠢᠨ ᠶᠡᠭᠡ ᠤᠪᠠᠳᠢᠰ ᠲᠠᠢ ᠰᠦᠷ ᠬᠦᠴᠦᠨ ᠢᠷᠠᠭᠤ ᠤᠶᠠᠩᠭ᠎ᠠ ᠬᠤᠤᠰᠯᠠᠭᠰᠠᠨ ᠭᠠᠵᠠᠷ ᠨᠤᠲᠤᠭ ᠤᠨ ᠢᠶᠠᠨ ᠪᠦᠯᠢᠶᠡᠨ ᠲᠤᠯᠠᠭᠠᠨ ᠢ ᠮᠡᠲᠡᠷᠡᠭᠦᠢ ᠳᠤ᠂ ᠱᠠᠯᠪᠢᠩ ᠤᠨ ᠲᠡᠤᠬᠡ ᠳᠣᠮᠤᠭ᠂ ᠬᠤᠯᠠᠨ ᠤ ᠴᠠᠭᠠᠨ ᠲᠤᠭᠤᠰᠤ᠂ ᠠᠭᠤᠯᠠᠰ ᠢ ᠭᠠᠵᠠᠷ ᠠᠴᠠ ᠲᠠᠰᠤᠯᠠᠭᠰᠠᠨ ᠤᠰᠤᠨ ᠬᠦᠬᠡ ᠵᠡᠷᠭᠡᠯᠭᠡᠨ᠂ ᠬᠦᠮᠡᠯᠢ ᠲᠠᠭᠠᠨ᠎ᠠ ᠲᠤᠯᠤᠭᠠᠶᠢᠯᠠᠭᠰᠠᠨ ᠨᠤᠮᠢᠨ ᠭᠤᠪᠢ ᠶᠢ ᠤᠩᠰᠢᠵᠤ ᠶᠠᠪᠤᠬᠤ ᠳᠤ ᠭᠠᠵᠠᠷ ᠰᠢᠷᠤᠢ᠂ ᠠᠭᠤᠯᠠ ᠤᠰᠤᠨ ᠠᠴᠠ ᠤᠷᠮ᠎ᠠ ᠵᠤᠷᠢᠭ ᠲᠡᠳᠦᠢ ᠦᠭᠡᠢ ᠤᠬᠠᠭᠠᠨ ᠪᠤᠲᠤᠯ ᠴᠤ ᠤᠷᠭᠤᠵᠤ᠂ ᠲᠠᠯ᠎ᠠ ᠎ ᠳᠠᠭᠠᠨ ᠤᠴᠢᠬᠤ ᠳᠤ ᠰᠡᠳᠬᠢᠯ ᠨᠠᠷᠠᠯᠠᠭ ᠡᠳᠦᠷ ᠰᠢᠭ ᠲᠡᠯᠭᠡᠷ ᠲᠡᠨᠢᠬᠦᠨ ᠪᠤᠯᠤᠨ᠎ᠠ᠃ ᠭᠠᠩᠭᠠᠩ ᠤᠯᠠᠭᠠᠨ ᠤ ᠲᠡᠮᠡᠭᠡᠨ ᠤ ᠠᠯᠬᠤᠭ᠎ᠠ᠂ ᠭᠠᠩᠭ᠎ᠠ ᠶᠢᠨ ᠲᠦᠩᠭᠡ ᠪᠤᠷᠭᠠᠰᠤᠨ ᠤ ᠭᠠᠩᠬᠤᠭ᠎ᠠ ᠶᠢ ᠦᠵᠡᠭᠰᠡᠨ ᠴᠠᠭ ᠠᠮᠢᠲᠤᠷᠠᠯ ᠤᠨ ᠶᠡᠭᠡ ᠤᠯᠵᠠ ᠮᠡᠲᠤ ᠰᠠᠨᠠᠭᠲᠠᠨ᠂ ᠲᠡᠨᠵᠢ ᠲᠠᠯ᠎ᠠ ᠳᠤ ᠬᠠᠲᠠᠭᠤ ᠬᠠᠷ᠎ᠠ ᠶᠢᠨ ᠴᠡᠴᠡᠭᠯᠡᠨ ᠬᠡᠳᠦᠨ ᠰᠠᠶ᠎ᠠ ᠳ᠋ᠦᠩᠰᠢᠭᠤᠷ ᠴᠠᠭᠠᠨ ᠡᠷᠪᠡᠬᠡᠢ ᠭᠠᠵᠠᠷ ᠲᠤ ᠪᠠᠭᠤᠨ ᠮᠢᠯᠢᠶᠠᠭᠰᠠᠨ ᠶᠤᠮᠰᠢᠭ ᠪᠠᠶᠢᠬᠤ ᠶᠢ ᠦᠵᠡᠭᠡᠳ᠂ ᠤᠴᠢᠷ ᠦᠭᠡᠢ ᠤᠶᠠᠬᠠᠨ ᠎ ᠳᠠᠭᠠᠨ ᠴᠤ ᠪᠢᠰᠢ ᠰᠡᠳᠬᠢᠯ ᠵᠢᠭᠲᠡᠢ ᠳᠣᠭᠳᠣᠯᠬᠤ ᠶᠤᠮ ᠡ ᠁      ᠠᠪᠤᠷᠭᠤ ᠬᠦᠴᠦᠲᠦ ᠪᠥᠬᠡᠴᠦᠳ ᠤᠨ ᠲᠡᠦᠬᠡᠨ ᠲᠤᠮᠤᠭ ᠮᠥᠩᠬᠡᠷᠡᠭᠰᠡᠨ     ᠠᠷᠭᠤᠮᠠᠭ ᠬᠤᠷᠳᠤᠨ ᠬᠦᠯᠤᠭ᠌ ᠤᠳ ᠶᠢᠨ ᠲᠤᠭᠤᠷᠠᠢ ᠶᠢᠨ ᠲᠦᠪᠡᠷᠭᠡᠨ     ᠠᠯᠳᠠᠷᠲᠤ ᠮᠡᠷᠭᠡᠨ ᠬᠠᠷᠪᠤᠭᠠᠴᠢᠳ ᠤᠨ ᠤᠤᠬᠠᠢ ᠶᠢᠨ ᠳᠠᠭᠤᠤ ᠨᠢ ᠰᠣᠨᠣᠰᠳᠠᠭᠰᠠᠨ     ᠠᠵᠠᠢ ᠪᠤᠭᠤᠷᠤᠯ ᠳᠡᠭᠡᠳᠦᠰ ᠤᠨ ᠮᠡᠷᠭᠡᠨ ᠰᠤᠷᠭᠠᠯ ᠠᠶᠢᠯᠠᠳᠤᠭᠰᠠᠨ     ᠠᠷᠠᠳ ᠲᠦᠮᠡᠨ ᠤ ᠪᠠᠨ ᠰᠡᠳᠬᠢᠯ ᠠᠴᠠ ᠰᠦᠨ ᠰᠠᠴᠤᠯᠢ ᠡᠷᠭᠦᠭᠳᠡᠭᠰᠡᠨ     ᠤᠨᠳᠤᠷᠤᠯᠲᠤ ᠰᠤᠮᠤᠨ ᠳᠤ ᠠᠶᠠᠯᠠᠨ ᠢᠷᠡᠭᠡᠷᠡᠢ᠃
 
ᠢᠷᠡᠯᠲᠡ᠄ ᠤᠨᠳᠤᠷᠤᠯᠲᠤ ᠰᠤᠮᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号